ᠤᠶᠢᠷ᠎ᠠ ᠳᠤ᠂ ᠰᠦᠯᠳᠡ ᠰᠣᠮᠣ ︽ᠦᠵᠠᠰᠭᠦᠯᠠᠩᠲᠤ ᠰᠠᠶᠢᠬᠠᠨ ᠬᠦᠷᠢᠶ᠎ᠡ ᠬᠠᠰᠢᠶ᠎ᠠ︾ ᠶᠢ ᠠᠳᠠᠯᠢᠳᠬᠠᠨ | ᠰᠢᠯᠭᠠᠷᠠᠭᠤᠯᠬᠤ ᠠᠵᠢᠯᠯᠠᠭ᠎ᠠ ᠦᠷᠨᠢᠬᠦᠯᠵᠣ ᠮᠠᠯᠴᠢᠨ ᠲᠠᠷᠢᠶᠠᠴᠢᠳ ᠤᠨ ᠣᠷᠣᠰᠢᠨ ᠰᠠᠭᠤᠬᠤ ᠣᠷᠴᠢᠨ ᠳᠣᠭᠤᠷᠢᠨ ᠢ | ᠵᠠᠰᠠᠨ ᠴᠡᠭᠴᠡᠯᠡᠵᠥ ᠦᠵᠡᠰᠭᠦᠯᠡᠩᠲᠣ ᠰᠠᠶᠢᠨᠬᠠᠨ ᠬᠦᠳᠡᠭᠡ ᠳᠣᠰᠬᠤᠨ ᠢ ᠴᠣᠭᠴᠠᠯᠠᠵᠣ ᠪᠠᠶᠢᠨ᠎ᠠ᠃ | ᠰᠦᠯᠳᠡ ᠰᠣᠮᠣᠨ ᠤ ᠲᠦᠩᠽᠢ ᠭᠠᠴᠠᠭᠠᠨ ᠤ ᠮᠠᠯᠴᠢᠨ ᠭᠡᠷᠡᠯᠲᠤᠶᠠᠭ᠎ᠠ ᠶᠢᠨ ᠬᠢᠨ ᠭᠤᠶᠣ ᠳᠣᠬᠢᠯᠢᠭ ᠣᠷᠣᠨ | ᠰᠠᠭᠤᠴᠠ ᠪᠠᠨ ᠦᠷᠭᠦᠯᠵᠢ ᠴᠡᠪᠡᠷ ᠴᠡᠮᠴᠡᠭᠡᠷ ᠪᠠᠶᠢᠬᠤ ᠶᠢ ᠪᠠᠳᠣᠯᠠᠬᠤ ᠶᠢᠨ ᠳᠠᠭᠠᠣ ᠳᠤ ᠪᠠᠰᠠ ᠮᠠᠯ ᠰᠦᠷᠣᠭ᠌ ᠤᠨ | ᠬᠠᠰᠢᠶ᠎ᠠ ᠰᠠᠷᠠᠪᠴᠢ᠂ ᠳᠦᠯᠡᠭᠡ ᠮᠣᠲᠤ᠂ ᠡᠪᠡᠰᠣᠨ ᠣᠪᠣᠭ᠎ᠠ ᠪᠠᠨ ᠳᠡᠷᠢ ᠲᠡᠭᠰᠢ ᠪᠣᠯᠭᠠᠭᠰᠠᠨ ᠴᠡᠪᠡᠷᠯᠡᠨ | ᠬᠤᠷᠢᠶᠠᠭᠰᠠᠨ ᠪᠠᠶᠢᠯ᠎ᠠ᠃ | ᠮᠠᠯᠴᠢᠨ ᠭᠡᠷᠡᠯᠲᠤᠶᠠᠭ᠎ᠠ᠄ ︽ᠡᠨᠡ ᠤᠳᠠᠭᠠᠨ ᠤ ᠰᠢᠯᠭᠠᠷᠠᠭᠤᠯᠤᠯᠲᠠ ᠪᠠᠷ ᠲᠠᠮᠵᠢᠭᠠᠳ ᠮᠠᠨᠤᠰ ᠤᠷᠤᠨ | ᠰᠠᠭᠤᠴᠠ ᠪᠤᠯᠤᠨ ᠲᠦᠯᠡᠭᠡᠨ ᠤ ᠤᠪᠤᠭ᠎ᠠ ᠂ ᠭᠠᠳᠠᠨᠠᠬᠢ ᠲᠤᠲᠤᠨᠠᠬᠢ ᠪᠠᠨ ᠲᠡᠷᠢ ᠲᠡᠭᠰᠢ ᠴᠡᠪᠡᠷᠯᠡᠭᠰᠡᠨ ᠪᠠᠶᠢᠨ᠎ᠠ᠃ | ᠡᠨᠡ ᠨᠢ ᠬᠦᠳᠡᠭᠡ ᠨᠤᠲᠤᠭ ᠢᠶᠠᠨ ᠪᠦᠲᠦᠭᠡᠨ ᠪᠠᠶᠢᠭᠤᠯᠬᠤ᠂ ᠤᠷᠴᠢᠨ ᠲᠤᠭᠤᠷᠢᠨ ᠢᠶᠠᠨ ᠬᠠᠮᠠᠭᠠᠯᠠᠬᠤ ᠳᠤ ᠶᠡᠭᠡ | ᠦᠢᠯᠡᠳᠦᠯ ᠦᠵᠡᠬᠦᠯᠵᠤ ᠪᠠᠶᠢᠨ᠎ᠠ︾ ᠭᠡᠪᠡ᠃ | ᠰᠦᠯᠳᠡ ᠰᠣᠮᠣᠨ ᠤ ᠳᠣᠭᠤᠷᠢᠮ ᠭᠠᠴᠠᠭᠠᠨ ᠤ ᠮᠠᠯᠴᠢᠨ ᠨᠠᠷᠠᠰᠣ ᠨᠢᠳᠣᠨᠣᠨ ᠵᠢᠯ ᠡᠯᠡᠰᠣᠨ ᠪᠠᠯᠠᠷ ᠤᠨ | ᠭᠦᠨ ᠳᠤ 160 ᠭᠠᠷᠣᠢ ᠳᠦᠮᠡᠨ ᠳᠦᠬᠦᠷᠢᠭ ᠵᠠᠷᠣᠴᠠᠭᠤᠯᠣᠨ 360 ᠭᠠᠷᠣᠢ ᠲᠡᠭᠰᠢ ᠳᠦᠷᠪᠡᠯᠵᠢᠨ ᠮᠧᠲᠷ ᠤᠨ | ᠳᠠᠯᠠᠪᠠᠢ ᠲᠠᠢ ᠬᠤᠶᠠᠷ ᠳᠠᠪᠬᠤᠷ ᠳᠠᠭᠲᠣ ᠪᠠᠷᠢᠨ ᠰᠢᠨ᠎ᠡ ᠴᠠᠭ ᠦᠶ᠎ᠠ ᠶᠢᠨ ᠴᠢᠨᠡᠭᠡᠯᠢᠭ ᠮᠠᠯᠴᠢᠨ ᠤ ᠰᠠᠭᠤᠷᠢᠰᠢᠯ ᠢ | ᠬᠠᠷᠠᠭᠤᠯᠣᠨ ᠳᠡᠪᠡᠳᠡᠢ ᠰᠠᠶᠢᠬᠠᠨ ᠠᠮᠢᠳᠣᠷᠠᠵᠣ ᠡᠨ᠋ᠨ ᠵᠢᠯ ᠳᠡᠵᠢᠬᠡᠪᠣᠷᠢ ᠶᠢᠨ ᠣᠶᠢᠯᠡᠰ ᠡᠷᠬᠢᠯᠡᠨ ᠡᠨᠡᠬᠦ ᠴᠡᠪᠡᠷ | ᠴᠡᠮᠴᠡᠭᠡᠷ ᠭᠡᠷ ᠣᠷᠣᠨ ᠳᠤ ᠪᠠᠨ ᠵᠣᠴᠢᠯᠠᠭ᠎ᠠ ᠶᠢᠨ ᠣᠶᠢᠯᠡᠰ ᠡᠷᠬᠢᠯᠡᠬᠦ ᠪᠠᠷ ᠪᠠᠶᠢᠨ᠎ᠠ᠃ | ᠬᠦᠳᠡᠭᠡ ᠳᠣᠰᠬᠤᠨ ᠤ ᠮᠠᠯᠴᠢᠨ ᠲᠠᠷᠢᠶᠠᠴᠢᠳ ᠤᠨ ᠣᠷᠣᠰᠢᠨ ᠰᠠᠭᠤᠬᠤ ᠣᠷᠴᠢᠨ ᠳᠣᠭᠤᠷᠢᠨ ᠢ ᠵᠠᠰᠠᠨ | ᠴᠡᠭᠴᠡᠯᠡᠵᠦ ᠦᠵᠡᠰᠬᠦᠯᠡᠩᠳᠤ ᠰᠠᠶᠢᠬᠠᠨ ᠬᠦᠳᠡᠭᠡ ᠳᠤᠰᠬᠤᠨ ᠢ ᠪᠦᠲᠣᠭᠡᠨ ᠪᠠᠶᠢᠭᠤᠯᠬᠤ ᠪᠠᠷ ᠰᠦᠯᠳᠡ ᠰᠣᠮᠣ ᠡᠨ᠋ᠨ | ᠵᠢᠯ ᠤᠨ ᠬᠤᠶᠠᠳᠣᠭᠠᠷ ᠰᠠᠷ᠎ᠠ ᠶᠢᠨ ᠳᠣᠮᠳᠠᠴᠢ ᠪᠠᠷ ᠡᠬᠢᠯᠡᠨ ᠭᠡᠷ ᠬᠦᠷᠢᠶᠠᠨ ᠤ ᠭᠠᠳᠠᠷ ᠦᠵᠡᠮᠵᠢ᠂ ᠣᠷᠴᠢᠨ | ᠳᠣᠭᠤᠷᠢᠨ ᠤ ᠴᠡᠪᠡᠷ ᠴᠮᠴᠡᠭᠡᠷ᠂ ᠬᠠᠰᠢᠶ᠎ᠠ ᠰᠠᠷᠡᠪᠴᠢ ᠶᠢᠨ ᠳᠡᠷᠢ ᠲᠡᠭᠰᠢ᠂ ᠡᠷᠣᠬᠡ ᠬᠤᠭᠤᠷᠣᠨᠳᠤ ᠪᠠᠨ ᠡᠶ᠎ᠡ | ᠵᠣᠬᠢᠴᠯᠳᠠᠢ ᠪᠠᠶᠢᠬᠤ ᠵᠡᠷᠭᠡ ᠪᠠᠷ ᠪᠠᠷᠢᠮᠵᠢᠶᠠᠯᠠᠵᠣ 12 ᠭᠠᠴᠠᠭ᠎ᠠ ᠳᠣᠰᠬᠤᠨ ᠨᠠᠶᠢᠬᠡᠮ ᠳᠣᠭᠤᠷᠢᠭ ᠲᠤ ᠠᠳᠠᠯᠢᠳᠬᠠᠨ | ᠰᠢᠯᠭᠠᠷᠠᠭᠤᠯᠣᠯᠲᠠ ᠶᠠᠪᠣᠭᠳᠠᠭᠤᠯᠵᠣ ᠡᠨ᠋ᠨ ᠰᠠᠷ᠎ᠠ ᠶᠢᠨ ᠰᠡᠭᠦᠯᠴᠢ ᠪᠠᠷ 12 ︽ᠬᠠᠮᠤᠭ ᠭᠤᠶᠤ ᠬᠡᠬᠡᠨᠴᠢᠷ ᠭᠡᠷ ᠣᠷᠣᠨ | ︾ ᠂ 6 ︽ᠬᠠᠮᠤᠭ ᠴᠡᠮᠴᠡᠭᠡᠷ ᠬᠠᠰᠢᠶ᠎ᠠ ᠰᠠᠷᠠᠪᠴᠢ︾ ᠂ 6 ︽ᠳᠡᠷᠢ ᠳᠡᠭᠰᠢ ᠲᠦᠯᠡᠭᠡ ᠡᠪᠡᠰᠤᠨ ᠤᠪᠤᠭ᠎ᠠ ᠲᠠᠢ | ᠡᠷᠦᠭᠡ︾ ᠶᠢ ᠰᠢᠯᠭᠠᠷᠠᠭᠤᠯᠤᠨ ᠭᠠᠷᠭᠠᠵᠤ ᠦᠵᠡᠰᠭᠦᠯᠡᠩᠲᠣ ᠰᠠᠶᠢᠬᠠᠨ ᠬᠦᠳᠡᠭᠡ ᠳᠣᠰᠬᠤᠨ ᠤ ᠪᠦᠳᠣᠭᠡᠨ | ᠪᠠᠶᠢᠭᠤᠯᠣᠯᠲᠠ ᠶᠢ ᠳᠦᠷᠭᠡᠳᠭᠡᠨ ᠠᠬᠢᠭᠤᠯᠤᠭᠰᠠᠨ ᠪᠠᠶᠢᠨ᠎ᠠ᠃ |