ᠰᠦᠯᠲᠠ ᠰᠤᠮᠤᠨ ᠤ ᠲᠠᠯ᠎ᠠ ᠶᠢᠨ ᠤᠰᠤ ᠭᠠᠴᠠᠭᠠᠨ ᠤ ᠡᠮᠡᠭᠲᠡᠶᠢᠴᠤᠳ ᠤᠨ ᠬᠤᠯᠪᠣᠭᠠᠨ ᠤ ᠬᠢᠨ | ᠭᠠᠴᠠᠭᠠᠨ ᠤ ᠬᠠᠮᠲᠣ ᠶᠢᠨ ᠠᠵᠣ ᠠᠬᠤᠢ ᠶᠢ ᠬᠦᠭᠵᠢᠬᠦᠯᠬᠦ ᠪᠠᠷ ᠪᠠᠶᠢᠭᠤᠯᠣᠭᠰᠠᠨ ᠳᠣᠯᠠᠭᠠᠨ ᠬᠦᠯᠡᠮᠵᠢ ᠶᠢ | ᠳᠠᠭᠠᠭᠠᠴᠢᠯᠠᠨ ᠠᠪᠴᠦ ᠭᠤᠸ᠎ᠠ ᠵᠢᠮᠢᠰ ᠢᠳᠡᠰᠢᠨ ᠨᠣᠭᠤᠭ᠎ᠠ ᠲᠠᠷᠢᠭᠠᠳ ᠶᠠᠳᠠᠭᠤ ᠬᠦᠴᠢᠷᠳᠡᠯᠳᠡᠢ ᠡᠮᠡᠭᠲᠡᠶᠢᠴᠦᠳ ᠢ | ᠳᠣᠰᠠᠯᠠᠨ ᠬᠡᠰᠢᠭᠦᠳ ᠤᠨ ᠢᠶᠠᠨ ᠣᠷᠣᠯᠭ᠎ᠠ ᠶᠢ ᠨᠡᠮᠡᠭᠳᠡᠭᠦᠯᠭᠦ ᠪᠠᠷ ᠴᠢᠷᠮᠠᠶᠢᠵᠤ ᠪᠠᠶᠢᠨ᠎ᠠ᠃ | ︽3·8︾ ᠤ ᠡᠮᠡᠭᠲᠠᠶᠢᠴᠥᠥᠨ ᠤᠨ ᠪᠠᠶᠠᠷ ᠬᠦᠷᠴᠣ ᠢᠷᠡᠬᠦ ᠳᠠᠰᠢᠷᠠᠮ ᠢᠶᠠᠷ᠂ ᠰᠣᠷᠪᠣᠯᠵᠢᠯᠠᠭᠴᠢ ᠲᠠᠯ᠎ᠠ | ᠤᠰᠣ ᠭᠠᠴᠠᠭᠠᠨ ᠳᠤ ᠭᠦᠷᠬᠦ ᠳᠤ ᠰᠣᠷᠪᠣᠯᠵᠢᠯᠠᠨ ᠬᠦᠷᠬᠦ ᠳᠤ ᠡᠮᠡᠭᠲᠡᠶᠢᠴᠦᠳ ᠳᠠᠭᠠᠭᠠᠴᠢᠯᠠᠨ ᠠᠪᠣᠭᠰᠠᠨ 2.5 | ᠮᠦ ᠶᠢᠨ ᠳᠣᠯᠠᠭᠠᠨ ᠬᠦᠯᠡᠮᠵᠢ ᠳᠤ ᠳᠠᠷᠢᠭᠰᠠᠨ ᠠᠮᠲᠠᠳᠤ ᠬᠡᠮᠬᠡ ᠶᠢᠨ ᠴᠢᠬᠢ ᠰᠣᠶᠤᠭ᠎ᠠ ᠶᠢ ᠠᠷᠠᠴᠢᠯᠡᠬᠤ ᠶᠢᠨ ᠳᠠᠭᠠᠣ | 3000 ᠭᠠᠷᠣᠢ ᠢᠳᠡᠰᠢᠨ ᠨᠣᠭᠤᠭᠠᠨ ᠤ ᠰᠣᠶᠤᠭ᠎ᠠ ᠪᠣᠶᠢᠵᠢᠭᠤᠯᠬᠤ ᠪᠠᠷ ᠰᠢᠷᠣᠢ ᠰᠠᠪᠠᠯᠠᠨ ᠪᠠᠶᠠᠷ ᠬᠦᠷ ᠲᠠᠢ | ᠶᠠᠭᠠᠷᠠᠨ ᠠᠵᠢᠯᠯᠠᠵᠣ ᠪᠠᠶᠢᠯ᠎ᠠ᠃ ᠶᠠᠳᠠᠭᠤ ᠠᠴᠠ ᠠᠩᠬᠢᠵᠢᠷᠠᠵᠤ ᠪᠠᠳᠣᠳᠬᠠᠭᠳᠠᠵᠣ ᠪᠠᠶᠢᠭ᠎ᠠ ᠡᠷᠣᠭᠡ ᠨᠠᠷᠠᠡᠭᠤᠸᠠ | ᠡᠳᠣᠷ ᠪᠣᠯᠭᠠᠨ ᠭᠡᠷ ᠤᠨ ᠠᠵᠢᠯ ᠢᠶᠠᠨ ᠬᠢᠭᠰᠡᠨ ᠤ ᠳᠠᠷᠠᠭ᠎ᠠ ᠠᠳᠡ ᠢᠷᠡᠵᠣ ᠳᠣᠯᠠᠭᠠᠨ ᠬᠦᠯᠡᠮᠵᠢ ᠶᠢᠨ ᠡᠯ᠎ᠡ | ᠵᠣᠶᠢᠯ ᠤᠨ ᠠᠵᠢᠯ ᠢ ᠬᠠᠪᠰᠣᠷᠣᠨ ᠬᠢᠵᠤ ᠨᠢᠭᠡ ᠬᠤᠪᠢ ᠢᠯᠡᠭᠦᠤ ᠣᠷᠣᠯᠭ᠎ᠠ ᠤᠯᠳᠠᠭ ᠪᠠᠶᠢᠨ᠎ᠠ᠃ | ᠲᠠᠯ᠎ᠠ ᠶᠢᠨ ᠤᠰᠣ ᠭᠠᠴᠠᠭᠠᠨ ᠤ ᠡᠮᠡᠭᠳᠡᠶᠢᠴᠥᠥᠨ ᠤᠨ ᠬᠤᠯᠪᠣᠭ᠎ᠠ ᠶᠢᠨ ᠳᠠᠭᠠᠭᠠᠴᠢᠯᠠᠵᠣ ᠪᠠᠶᠢᠭ᠎ᠠ ᠡᠨᠡ ᠬᠦ | ᠳᠣᠯᠠᠭᠠᠨ ᠬᠦᠯᠡᠮᠵᠢ ᠳᠤ ᠤᠳᠣᠬᠠᠨ ᠳᠤ ᠶᠠᠳᠠᠭᠤ ᠬᠦᠴᠢᠷᠳᠡᠯᠳᠡᠢ ᠪᠤᠶᠤ ᠭᠠᠴᠠᠭᠠᠨ ᠠᠴᠠ ᠣᠶᠢᠷᠠᠬᠠᠨ ᠰᠠᠭᠤᠬᠤ | ᠪᠠᠶᠢᠭ᠎ᠠ 6 ᠡᠮᠡᠭᠳᠡᠶᠢᠴᠥᠥᠨ ᠠᠵᠢᠯᠯᠠᠵᠣ᠂ ᠪᠠᠷᠣᠭᠯᠠᠪᠠᠯ 7000 ᠭᠠᠷᠣᠢ ᠵᠢᠩ ᠠᠮᠳᠠᠳᠤ ᠬᠡᠮᠬᠡ ᠬᠤᠷᠢᠶᠠᠵᠤ | ᠪᠣᠷᠣᠯᠠᠭᠤᠯᠬᠤ ᠵᠠᠬ᠎ᠠ ᠳᠡᠯᠭᠡᠭᠦᠷ ᠢᠶᠠᠨ ᠨᠢᠬᠡᠨᠲᠠ ᠳᠣᠭᠳᠠᠭᠰᠠᠨ ᠠᠴᠠ 6 ᠲᠦᠮᠡ ᠭᠠᠷᠣᠢ ᠳᠦᠬᠦᠷᠢᠭ ᠤᠨ | ᠣᠷᠣᠯᠭ᠎ᠠ ᠶᠢ ᠣᠯᠬᠤ ᠪᠠᠷ ᠪᠠᠶᠢᠨ᠎ᠠ᠃ | ᠲᠠᠯ᠎ᠠ ᠶᠢᠨ ᠤᠰᠣ ᠭᠠᠴᠠᠭ᠎ᠠ ᠨᠢ 2018 ᠣᠨ ᠳᠤ ᠬᠠᠮᠲᠤ ᠶᠢᠨ ᠠᠵᠦ ᠠᠬᠤᠢ ᠶᠢ ᠭᠥᠭᠵᠢᠭᠦᠯᠭᠦ ᠶᠢᠨ | ᠳᠦᠯᠣᠭᠡ ᠪᠠᠶᠢᠭᠤᠯᠣᠭᠰᠠᠨ ᠠᠮᠢᠲᠣ ᠪᠣᠳᠠᠰ ᠤᠨ ᠣᠷᠭᠠᠨᠢᠭ ᠪᠣᠷᠳᠣᠭᠤᠷ ᠤᠨ ᠣᠶᠢᠯᠡᠳᠪᠣᠷᠢ ᠶᠢᠨ ᠪᠣᠷᠳᠣᠭᠤᠷ ᠢ | ᠳᠤᠷᠰᠢᠨ ᠭᠡᠷᠡᠭᠯᠡᠭᠦ ᠪᠠᠷ 2.5 ᠮᠦ ᠶᠢᠨ ᠳᠣᠯᠠᠭᠠᠨ ᠬᠦᠯᠡᠮᠵᠢ ᠭᠠᠷᠭᠠᠵᠣ ᠨᠢᠳᠣᠨᠣᠨ ᠵᠢᠯ ᠡᠨ᠋ᠨ ᠬᠦ ᠢᠳᠡᠰᠢᠨ | ᠨᠣᠭᠤᠭᠠᠨ ᠤ ᠳᠣᠯᠠᠭᠠᠨ ᠬᠦᠯᠡᠮᠵᠢ ᠳᠤ ᠨᠢᠭᠡ ᠪᠦᠯᠦᠭ ᠪᠤᠬᠢᠷᠲᠦᠯ ᠦᠭᠡᠢ ᠢᠲᠡᠰᠢᠨ ᠨᠤᠭᠤᠭ᠎ᠠ᠂ ᠠᠮᠲᠠᠲᠤ ᠬᠡᠮᠬᠡ | ᠲᠠᠷᠢᠭᠠᠳ ᠠᠮᠵᠢᠯᠲᠠ ᠤᠯᠤᠭᠰᠠᠨ ᠰᠠᠭᠤᠷᠢᠨ ᠲᠡᠭᠡᠷ᠎ᠡ ᠡᠨᠡ ᠵᠢᠯ ᠭᠠᠴᠠᠭᠠᠨ ᠤ ᠬᠡᠰᠢᠭᠦᠳ ᠤᠨ ᠬᠤᠷᠠᠯ ᠢᠶᠠᠷ | ᠲᠠᠮᠵᠢᠭᠠᠳ ᠭᠠᠴᠠᠭᠠᠨ ᠤ ᠡᠮᠡᠭᠲᠡᠶᠢᠴᠤᠳ ᠤᠨ ᠬᠤᠯᠪᠤᠭ᠎ᠠ ᠳᠤ ᠲᠠᠭᠠᠭᠠᠴᠢᠯᠠᠨ ᠲᠠᠷᠢᠭᠤᠯᠵᠣ ᠲᠠᠷᠢᠬᠤ ᠮᠡᠷᠭᠡᠵᠢᠯ᠂ | ᠪᠣᠷᠣᠯᠠᠭᠤᠯᠭ᠎ᠠ ᠶᠢᠨ ᠵᠠᠬ᠎ᠠ ᠲᠡᠯᠭᠡᠬᠦᠷ ᠵᠡᠷᠭᠡ ᠶᠢ ᠭᠠᠴᠠᠭᠠᠨ ᠠᠴᠠ ᠬᠠᠪᠰᠣᠷᠴᠣ ᠬᠠᠩᠭᠠᠨ ᠣᠶᠢᠯᠡᠴᠢᠯᠠᠵᠣ | ᠮᠠᠯᠴᠢᠳ ᠶᠢ ᠴᠢᠨᠡᠭᠡᠯᠢᠭᠵᠢᠯ ᠤᠨ ᠵᠠᠮ ᠣᠷᠣᠭᠤ ᠬᠦᠳᠣᠯᠣᠨ ᠳᠠᠭᠠᠭᠤᠯᠵᠣ ᠪᠠᠶᠢᠨ᠎ᠠ᠃ | |