ᠰᠢᠨᠬᠤᠸᠠ ᠬᠤᠷᠢᠶᠡᠨ ᠤ ᠪᠡᠭᠡᠵᠢᠩ ᠤᠨ 3 ᠰᠠᠷ᠎ᠠ ᠶᠢᠨ 8 ᠤ ᠴᠠᠬᠢᠯᠭᠠᠨ ᠮᠡᠳᠡᠭᠡ ︽3 · 8︾ ᠤ | ᠲᠡᠯᠡᠬᠡᠢ ᠶᠢᠨ ᠬᠦᠳᠡᠯᠮᠤᠷᠢᠴᠢᠨ ᠡᠮᠡᠭᠳᠡᠶᠢᠴᠤᠳ ᠤᠨ ᠪᠠᠶᠠᠷ ᠬᠦᠷᠴᠦ ᠢᠷᠡᠭᠰᠡᠡ ᠲᠠᠰᠢᠷᠠᠮ ᠳᠤ᠂ ᠨᠠᠮ ᠤᠨ ᠲᠦᠪ | ᠬᠤᠷᠢᠶᠡᠨ ᠤ ᠶᠡᠷᠤᠩᠬᠡᠢ ᠱᠦᠵᠢ᠂ ᠤᠯᠤᠰ ᠤᠨ ᠲᠡᠷᠢᠬᠦᠯᠡᠭᠴᠢ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠡᠨ ᠤ | ᠲᠡᠷᠢᠬᠦᠯᠡᠭᠴᠢ ᠰᠢ ᠶᠢᠨ ᠫᠢᠩ ᠨᠠᠮ ᠤᠨ ᠲᠦᠪ ᠬᠤᠷᠢᠶᠡᠨ ᠤ ᠡᠮᠤᠨ᠎ᠡ ᠠᠴᠠ᠂ ᠬᠢᠵᠢᠭ ᠤᠨ ᠪᠠᠶᠢᠳᠠᠯ ᠢ ᠰᠡᠷᠬᠡᠶᠢᠯᠡᠨ | ᠡᠵᠡᠮᠳᠡᠬᠦ ᠡᠮᠤᠨ᠎ᠡ ᠹᠷᠤᠨᠲ ᠪᠤᠯᠤᠨ ᠡᠯ᠎ᠡ ᠹᠷᠤᠨᠲ ᠲᠡᠬᠡᠷ᠎ᠡ ᠡᠷᠡᠯᠬᠡᠭᠯᠡᠨ ᠲᠡᠮᠡᠴᠡᠵᠥ ᠪᠠᠶᠢᠭ᠎ᠠ ᠦᠷᠬᠡᠨ ᠤᠯᠠᠨ | ᠡᠮᠡᠭᠳᠡᠶᠢᠴᠤᠳ ᠢ ᠴᠢᠩ ᠰᠡᠳᠬᠢᠯ ᠠᠴᠠ ᠪᠠᠨ ᠲᠤᠬᠤᠨᠢᠭᠤᠯᠵᠥ ᠪᠠᠶᠢᠬᠤ ᠪᠠᠨ ᠢᠯᠡᠳᠬᠡᠵᠥ᠂ ᠪᠦᠬᠦ ᠤᠯᠤᠰ ᠤᠨ ᠡᠯ᠎ᠡ | ᠦᠨᠳᠦᠰᠦᠳᠡᠨ ᠡᠯ᠎ᠡ ᠡᠳᠡᠭᠡᠳ ᠤᠨ ᠡᠮᠡᠭᠳᠡᠶᠢᠴᠤᠳ ᠲᠤ ᠪᠠᠶᠠᠷ ᠤᠨ ᠡᠳᠤᠷ ᠤᠨ ᠮᠡᠨᠳᠤᠴᠢᠯᠠᠯ ᠲᠡᠪᠰᠢᠬᠦᠯᠪᠡ᠃ | ᠰᠢ ᠶᠢᠨ ᠫᠢᠩ᠂ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠡᠬᠦᠰᠦᠭᠰᠡᠡ ᠤ | ᠲᠠᠷᠠᠭ᠎ᠠ᠂ ᠦᠷᠬᠡᠨ ᠤᠯᠠᠨ ᠡᠮᠡᠭᠳᠡᠢ ᠡᠮᠴᠢᠯᠡᠬᠡᠨ ᠤ ᠠᠵᠢᠯᠳᠠᠳ ᠡᠷᠡᠬᠡᠯᠵᠡᠯ ᠲᠠᠲᠠᠭᠠᠯᠵᠠᠯ ᠦᠬᠡᠢ ᠪᠠᠷ ᠤᠷᠤᠭᠰᠢ | ᠭᠠᠪᠰᠢᠭᠠᠢᠢᠯᠠᠨ ᠤᠷᠤᠵᠥ᠂ ᠡᠳᠤᠷᠵᠢᠨ ᠰᠦᠨᠢᠵᠢᠨ ᠠᠵᠢᠯᠯᠠᠨ᠂ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ | ᠡᠮᠤᠨ᠎ᠡ ᠹᠷᠤᠨᠲ ᠢ ᠪᠠᠳᠤ ᠰᠠᠬᠢᠵᠥ᠂ ᠦᠬᠦᠯ ᠠᠴᠠ ᠠᠪᠤᠷᠠᠨ ᠰᠢᠷᠬᠠᠳᠤᠭᠰᠠᠳ ᠢ ᠲᠡᠩᠬᠡᠷᠡᠬᠦᠯᠬᠦ᠂ ᠡᠮᠴᠢ ᠬᠦᠮᠥᠨ | ᠡᠨᠡᠷᠢᠩᠬᠦᠢ ᠰᠡᠳᠬᠢᠯ ᠲᠠᠢ ᠪᠠᠶᠢᠬᠤ ᠡᠷᠬᠢᠮ ᠲᠡᠬᠡᠳᠤ ᠵᠤᠷᠢᠭ ᠰᠠᠨᠠᠭ᠎ᠠ ᠶᠢ ᠢᠯᠡᠷᠡᠬᠦᠯᠪᠡ᠃ ᠦᠷᠭᠡᠨ ᠤᠯᠠᠨ ᠨᠠᠮ ᠤᠨ | ᠭᠡᠰᠢᠬᠦᠨ ᠺᠠᠳ᠋ᠷ᠂ ᠲᠤᠳᠤᠭᠠᠳᠤ ᠶᠢ ᠬᠠᠮᠠᠭᠠᠯᠠᠬᠤ ᠠᠷᠠᠳ ᠤᠨ ᠴᠠᠬᠳᠠᠭ᠎ᠠ᠂ ᠬᠢᠵᠢᠭ ᠢ ᠰᠡᠷᠭᠡᠶᠢᠯᠡᠨ ᠡᠵᠡᠮᠳᠡᠬᠦ | ᠠᠵᠢᠯᠳᠠᠨ᠂ ᠨᠡᠶᠢᠭᠡᠮ ᠲᠤᠭᠤᠷᠢᠭ ᠤᠨ ᠠᠵᠢᠯᠳᠠᠨ᠂ ᠰᠤᠨᠢᠨ ᠮᠡᠳᠡᠭᠡᠨ ᠤ ᠠᠵᠢᠯᠳᠠᠨ᠂ ᠰᠠᠶᠢᠨ ᠲᠤᠷᠠᠴᠤᠳ ᠤᠨ | ᠲᠤᠳᠤᠷᠠᠬᠢ ᠡᠮᠡᠭᠳᠠᠶᠢᠴᠤᠳ ᠲᠤᠰᠢᠶᠠᠯ ᠬᠠᠷᠢᠭᠤᠴᠠᠯᠭ᠎ᠠ ᠪᠠᠨ ᠦᠨᠡᠨᠴᠢ ᠰᠢᠲᠤᠷᠭᠤ ᠪᠠᠷ ᠬᠦᠢᠴᠡᠳᠭᠡᠵᠤ᠂ | ᠡᠷᠡᠮᠡᠭᠡᠶᠢᠯᠡᠨ ᠲᠡᠮᠡᠴᠡᠵᠤ᠂ ᠨᠦᠷᠢ ᠶᠡᠭᠡ ᠬᠠᠳᠠᠭᠤ ᠪᠡᠷᠭᠡᠰᠢᠶᠠᠯᠳᠠᠢ ᠠᠵᠢᠯ ᠢ ᠬᠢᠵᠤ᠂ ᠪᠤᠳᠠᠳᠤ ᠠᠵᠢᠯᠯᠠᠭ᠎ᠠ ᠪᠠᠷ ᠢᠶᠠᠨ | ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠲᠡᠮᠡᠴᠡᠯ ᠳᠤ ᠴᠢᠬᠤᠯᠠ ᠬᠤᠪᠢ ᠨᠠᠮᠠᠷᠢ ᠦᠵᠡᠬᠦᠯᠪᠡ᠃ | ᠤᠯᠠᠨ ᠢᠶᠠᠷ ᠢᠶᠠᠨ ᠵᠠᠪᠡᠯ ᠢᠯᠡᠬᠤ ᠢᠳᠡᠭᠡᠯ ᠵᠤᠷᠢᠭ ᠢᠶᠠᠨ ᠪᠠᠳᠤᠳᠬᠠᠵᠤ᠂ ᠤᠷᠬᠢᠯᠤᠮ᠎ᠡ ᠬᠠᠯᠠᠭᠤᠨ ᠲᠠᠮᠠᠴᠡᠯ ᠤᠨ | ᠵᠤᠷᠢᠭ ᠢᠶᠠᠨ ᠪᠠᠳᠤᠯᠠᠵᠤ᠂ ᠰᠢᠨᠵᠢᠯᠡᠬᠦ ᠤᠬᠠᠭᠠᠨᠴᠢ ᠰᠡᠷᠭᠡᠶᠢᠯᠡᠨ ᠬᠠᠮᠠᠭᠠᠯᠠᠯᠳᠠ ᠶᠢ ᠰᠠᠶᠢᠳᠤᠷ ᠬᠢᠵᠤ᠂ ᠬᠢᠵᠢᠭ ᠢ | ᠲᠠᠶᠢᠯᠠᠨ ᠢᠯᠠᠬᠤ ᠲᠠᠮᠠᠴᠡᠯ ᠳᠤ ᠦᠷᠬᠦᠯᠵᠢᠯᠡᠨ ᠡᠷᠡᠬᠦᠯ ᠮᠠᠨᠳᠤ ᠪᠠᠷ ᠤᠷᠤᠯᠴᠠᠬᠤ ᠶᠢ ᠬᠦᠰᠡᠵᠤ ᠪᠠᠶᠢᠨ᠎ᠡ ᠭᠡᠵᠤ | ᠵᠢᠭᠠᠵᠤ ᠭᠠᠷᠭᠠᠪᠠ᠃ | ᠰᠢ ᠶᠢᠨ ᠫᠢᠩ᠂ ᠡᠯ᠎ᠡ ᠱᠠᠳᠤᠨ ᠤ ᠨᠠᠮ ᠤᠨ ᠬᠤᠷᠢᠶ᠎ᠡ ᠪᠤᠯᠤᠨ ᠵᠠᠰᠠᠭ ᠤᠨ ᠤᠷᠳᠤᠨ ᠬᠢᠵᠢᠭ ᠤᠨ ᠪᠠᠶᠢᠳᠠᠯ ᠢ | ᠰᠡᠷᠭᠡᠶᠢᠯᠡᠨ ᠡᠵᠡᠮᠳᠡᠬᠦ ᠡᠮᠤᠨ᠎ᠡ ᠹᠷᠤᠨᠲ ᠪᠤᠯᠤᠨ ᠡᠯ᠎ᠡ ᠹᠷᠤᠨᠲ ᠲᠤ ᠪᠠᠶᠢᠭ᠎ᠠ ᠡᠮᠡᠭᠳᠠᠶᠢᠴᠤᠳ ᠢ ᠬᠠᠯᠠᠮᠵᠢᠯᠠᠨ | ᠬᠠᠶᠢᠷᠠᠯᠠᠵᠤ᠂ ᠬᠢᠵᠢᠭ ᠢ ᠰᠡᠷᠭᠡᠶᠢᠯᠡᠨ ᠬᠢᠵᠢᠭ ᠲᠠᠢ ᠲᠠᠮᠠᠴᠡᠬᠦ ᠡᠮᠤᠨ᠎ᠡ ᠹᠷᠤᠨᠲ ᠲᠠᠬᠢ ᠡᠮᠡᠭᠳᠠᠶᠢᠴᠤᠳ ᠤᠨ ᠨᠡᠶᠢᠳᠡᠯᠢᠭ | ᠵᠢᠱᠢᠶ᠎ᠡ ᠶᠢ ᠶᠡᠭᠡ ᠪᠠᠷ ᠤᠬᠠᠭᠤᠯᠵᠤ᠂ ᠲᠦᠭ ᠲᠦᠮᠡᠨ ᠡᠮᠡᠭᠳᠠᠶᠢᠴᠤᠳ ᠤᠨ ᠬᠢᠵᠢᠭ ᠤᠨ ᠪᠠᠶᠢᠳᠠᠯ ᠢ ᠰᠡᠷᠭᠡᠶᠢᠯᠡᠨ | ᠡᠵᠡᠮᠳᠡᠬᠦ ᠠᠷᠠᠳ ᠤᠨ ᠲᠠᠶᠢᠨ᠂ ᠶᠡᠷᠤᠩᠭᠡᠢ ᠲᠠᠶᠢᠯᠠᠯᠳᠤᠭᠠᠨ᠂ ᠬᠤᠷᠢᠬᠯᠠᠯᠳᠠ ᠶᠢᠨ ᠲᠠᠶᠢᠯᠠᠯᠳᠤᠭᠠᠨ ᠤ ᠢᠯᠠᠯᠳᠠ ᠶᠢ | ᠤᠯᠬᠤ ᠳᠤ ᠤᠶᠤᠨ ᠤᠬᠠᠭᠠᠨ ᠪᠤᠯᠤᠨ ᠬᠦᠴᠤᠨ ᠴᠢᠳᠠᠯ ᠢᠶᠠᠨ ᠡᠷᠬᠦᠬᠦ ᠶᠢ ᠨᠢ ᠵᠤᠷᠢᠬᠵᠢᠭᠤᠯᠤᠨ ᠲᠡᠮᠵᠢᠬᠦ ᠭᠡᠷᠡᠭᠳᠠᠢ | ᠭᠡᠵᠤ ᠴᠢᠬᠤᠯᠠᠴᠢᠯᠠᠪᠠ᠃ |