ᠦᠨᠳᠦᠰᠦᠨ ᠱᠠᠳᠤᠨ ᠤ ᠰᠠᠶᠢᠨ ᠺᠠᠳ᠋ᠷ ᠠᠯᠳᠠᠨᠳᠤᠶᠠᠭ᠎ᠠ
ᠨᠡᠶᠢᠲᠡᠯᠡᠭᠰᠡᠨ ᠴᠠᠭ᠄
2020-04-01
     2019 ᠤᠨ ᠤ ᠵᠢᠯ ᠤᠨ ᠰᠡᠬᠦᠯᠴᠢ᠂ 2020 ᠤᠨ ᠤ ᠵᠢᠯ ᠤᠨ ᠡᠬᠢᠨ ᠭᠡᠵᠤ ᠬᠦᠮᠤᠰ ᠤᠨ ᠰᠠᠨᠠᠭᠠᠨ ᠳᠤ ᠦᠭᠡᠢ ᠤᠴᠢᠷ ᠡᠬᠦᠰᠴᠤ᠂ ᠳᠡᠤᠭᠡᠨ ᠳᠤ ᠪᠠᠰᠠ ᠨᠢᠭᠡᠨ ᠤᠨᠴᠠᠭᠠᠢ ᠴᠠᠭ ᠬᠤᠭᠤᠴᠠᠭ᠎ᠠ ᠪᠠᠷ ᠳᠡᠮᠳᠡᠭᠯᠡᠭᠳᠡᠬᠦ ᠪᠤᠯᠤᠯ᠎ᠠ᠃ ᠡᠨᠡ ᠬᠤᠭᠤᠴᠠᠭᠠᠨ ᠳᠤ ᠠᠯᠳᠠᠨᠮᠠᠩᠬ᠎ᠠ ᠮᠠᠯᠵᠢᠯ ᠤᠨ ᠬᠤᠷᠰᠢᠶᠠᠨ ᠤ ᠠᠶᠢᠯ ᠡᠷᠤᠭᠡ ᠪᠤᠯᠤᠨ ᠪᠠᠶᠠᠨᠰᠢᠯᠢ ᠭᠠᠴᠠᠭᠠᠨ ᠤ ᠰᠡᠷᠭᠡᠶᠢᠯᠡᠨ ᠡᠵᠡᠮᠳᠡᠬᠦ ᠴᠡᠭ ᠤᠨ ᠬᠤᠭᠤᠷᠤᠨᠳᠤ ᠨᠢᠭᠡᠨ ᠪᠦᠰᠡᠬᠦᠢ ᠬᠦᠮᠤᠨ ᠤ ᠪᠠᠷ᠎ᠠ ᠶᠠᠭᠠᠷᠠᠯᠳᠠᠢ ᠳᠠᠪᠬᠢᠬᠤ ᠨᠢ ᠬᠠᠷᠠᠬᠳᠠᠨ᠎ᠠ᠃ ᠡᠨᠡ ᠪᠦᠰᠡᠬᠦᠢ ᠶᠢ ᠠᠯᠳᠠᠨᠳᠤᠶᠠᠭ᠎ᠠ ᠭᠡᠳᠡᠭ᠂ ᠦᠤᠰᠢᠨ ᠬᠤᠰᠢᠭᠤᠨ ᠤ ᠤᠯᠠᠭᠠᠨᠳᠤᠯᠤᠭᠠᠢ ᠪᠠᠯᠭᠠᠰᠤ ᠶᠢᠨ ᠰᠤᠶᠤᠯ ᠤᠨ ᠦᠷᠳᠡᠬᠡᠨ ᠤ ᠠᠵᠢᠯᠳᠠᠨ ᠪᠠᠶᠢᠬᠰᠠᠨ ᠠᠴᠠ ᠪᠠᠨ ᠪᠠᠯᠭᠠᠰᠤᠨ ᠤ ᠳᠤᠬᠢᠷᠠᠭᠤᠯᠭ᠎ᠠ ᠪᠠᠷ ᠪᠠᠶᠠᠨᠰᠢᠯᠢ ᠭᠠᠴᠠᠭ᠎ᠠ ᠶᠢᠨ ᠠᠯᠳᠠᠨᠮᠠᠩᠬ᠎ᠠ ᠮᠠᠯᠵᠢᠯ ᠤᠨ ᠬᠤᠷᠰᠢᠶ᠎ᠡ ᠳᠤ ᠬᠤᠯᠪᠤᠭᠠᠯᠠᠨ ᠳᠠᠭᠠᠭᠠᠴᠢᠯᠠᠬᠤ ᠺᠡᠳ᠋ᠷ ᠢᠶᠠᠷ ᠠᠵᠢᠯᠯᠠᠭᠠᠳ ᠨᠢᠬᠡᠨᠳᠡ 4 ᠵᠢᠯ ᠪᠤᠯᠵᠠᠢ᠃      ᠬᠢᠵᠢᠭ ᠤᠨ ᠪᠠᠶᠢᠳᠠᠯ ᠠᠴᠠ ᠪᠤᠯᠵᠤ ᠬᠤᠳᠠᠯᠳᠤᠭ᠎ᠠ ᠳᠡᠯᠬᠡᠬᠦᠷ ᠡᠵᠡᠩᠨᠡᠯᠳᠡ ᠪᠠᠨ ᠵᠤᠬᠰᠤᠭᠠᠵᠤ᠂ ᠦᠰᠦ ᠵᠠᠰᠠᠬᠤ ᠭᠠᠵᠠᠷ ᠴᠤ ᠡᠬᠦᠳᠡ ᠪᠠᠨ ᠬᠠᠭᠠᠬᠰᠠᠨ ᠪᠤᠯᠬᠤᠷ ᠪᠠᠶᠠᠨᠰᠢᠯᠢ ᠭᠠᠴᠠᠭᠠᠨ ᠤ ᠬᠢᠵᠢᠭ ᠢ ᠰᠡᠷᠬᠡᠶᠢᠯᠡᠨ ᠡᠵᠡᠮᠳᠡᠬᠦ ᠨᠢᠬᠡᠳᠦᠬᠡᠷ ᠹᠷᠤᠨᠲ ᠲᠤ ᠠᠵᠢᠯᠯᠠᠵᠤ ᠪᠠᠶᠢᠭ᠎ᠠ ᠠᠵᠢᠯᠳᠠᠨ ᠵᠢᠴᠢ ᠭᠠᠴᠠᠭᠠᠨ ᠤ ᠤᠯᠠᠨ ᠳᠦᠮᠡᠨ ᠦᠰᠦ ᠵᠠᠰᠠᠬᠤ ᠭᠠᠵᠠᠷ ᠤᠯᠳᠠᠬᠤ ᠦᠬᠡᠢ ᠡᠬᠦᠷᠳᠤᠨ᠎ᠠ᠃ ᠡᠨᠡ ᠪᠠᠶᠢᠳᠠᠯ ᠳᠤᠤᠷ᠎ᠡ ᠠᠯᠳᠠᠨᠳᠤᠶᠠᠭ᠎ᠠ ᠦᠰᠦ ᠵᠠᠰᠠᠬᠤ ︽ᠮᠡᠷᠬᠡᠵᠢᠯᠳᠡᠨ︾ ᠪᠤᠯᠵᠤ ᠰᠡᠷᠬᠡᠶᠢᠯᠡᠨ ᠡᠵᠡᠮᠳᠡᠬᠦ ᠴᠡᠭ ᠳᠠᠬᠡᠷ᠎ᠡ ᠦᠰᠦ ᠵᠠᠰᠠᠭᠠᠳ ᠶᠠᠭᠠᠷᠡᠯ᠎ᠠ᠃ ︽3 · 8︾ ᠤ ᠳᠡᠯᠡᠬᠡᠢ ᠶᠢᠨ ᠡᠮᠡᠭᠳᠡᠶᠢᠴᠤᠳ ᠤᠨ ᠪᠠᠶᠠᠷ ᠤᠨ ᠡᠳᠦᠷ ᠢᠶᠠᠷ᠂ ᠭᠠᠴᠠᠭᠠᠨ ᠤ ᠬᠦᠨᠳᠦ ᠡᠪᠡᠳᠴᠢᠳᠡᠨ ᠯᠤᠨᠳᠤᠨᠬᠤᠸᠠᠷ᠂ ᠵᠠᠩᠭ᠎ᠠ ᠶᠢᠨ ᠬᠡᠷ ᠲᠤᠨᠢ ᠬᠦᠷᠴᠤ ᠦᠰᠦ ᠵᠠᠰᠠᠬᠤ ᠶᠢᠨ ᠬᠠᠮᠳᠤ ᠬᠦᠮᠦᠨ ᠪᠦᠷᠢ ᠳᠤ 300 ᠳᠦᠬᠦᠷᠢᠭ ᠤᠨ ᠳᠤᠬᠤᠨᠢᠭᠤᠯᠭ᠎ᠠ ᠶᠢᠨ ᠮᠦᠡᠭᠬᠦ ᠪᠠᠨ ᠭᠠᠷᠳᠠᠭᠤᠯᠵᠤ ᠡᠪᠡᠳᠴᠢᠨ ᠵᠤᠪᠠᠭᠤᠷᠢ ᠠᠴᠠ ᠰᠠᠯᠵᠤ ᠡᠷᠳᠡᠬᠡᠨ ᠡᠷᠡᠬᠦᠯ ᠰᠠᠷᠠᠭᠤᠯ ᠠᠮᠢᠳᠤᠷᠠᠬᠤ ᠡᠷᠴᠢ ᠵᠤᠷᠢᠭ ᠬᠠᠶᠢᠷᠠᠯᠠᠬᠰᠠᠨ ᠨᠢ ᠲᠡᠳᠡᠨ ᠳᠤ ᠶᠡᠬᠡᠬᠡᠨ ᠵᠤᠷᠢᠬᠵᠢᠭᠤᠯᠤᠯ ᠪᠤᠯᠤᠬᠰᠠᠨ ᠪᠠᠶᠢᠪᠠ᠃ ᠭᠠᠴᠠᠭ᠎ᠠ ᠶᠢ ᠳᠠᠭᠠᠭᠠᠴᠢᠯᠡᠨ ᠳᠡᠳᠬᠦᠭᠰᠡᠨ ᠲᠡᠷᠡ ᠴᠠᠬ ᠠᠴᠠ ᠠᠯᠳᠠᠨᠳᠤᠶᠠᠭ᠎ᠠ᠂ ᠳᠤᠰ ᠬᠤᠶᠡᠷ ᠡᠷᠤᠭᠡ ᠶᠢᠨ ᠠᠷᠰᠠᠷ ᠠᠵᠢᠯ ᠳᠤᠨᠢ ᠳᠤᠰᠠ ᠳᠡᠮ ᠪᠤᠯᠵᠤ ᠠᠳᠠᠯ ᠠᠮᠢᠳᠤᠷᠡᠯ ᠢ ᠨᠢ ᠬᠠᠯᠠᠮᠵᠢᠯᠠᠨ ᠵᠤᠬᠢᠶᠠᠨ ᠪᠠᠶᠢᠭᠤᠯᠤᠯᠳᠠ ᠶᠢᠨ ᠬᠠᠶᠢᠷ᠎ᠡ ᠬᠠᠯᠠᠮᠵᠢ ᠶᠢ ᠴᠠᠭ ᠢᠮᠠᠬᠳᠠ ᠬᠦᠷᠳᠡᠬᠡᠭᠰᠡᠬᠡᠷ ᠢᠷᠡᠪᠠ᠃      ᠬᠢᠵᠢᠭ ᠤᠨ ᠪᠠᠶᠢᠳᠠᠯ ᠡᠬᠦᠰᠦᠭᠰᠡᠨ ᠤ ᠳᠠᠷᠠᠭ᠎ᠠ᠂ ᠪᠠᠶᠠᠨᠰᠢᠯᠢ ᠭᠠᠴᠠᠭᠠᠠ ᠤ ᠨᠠᠮ ᠤᠨ ᠡᠬᠦᠷ ᠭᠠᠴᠠᠭ᠎ᠠ ᠵᠦᠪᠯᠡᠯ ᠠᠴᠠ ᠺᠠᠳ᠋ᠷ ᠠᠵᠢᠯᠳᠡᠨ ᠢᠶᠠᠨ ᠵᠤᠬᠢᠶᠠᠨ ᠪᠠᠶᠢᠭᠤᠯᠵᠤ ᠪᠠᠶᠢᠴᠠᠭᠠᠨ ᠬᠤᠷᠢᠬᠯᠠᠬᠤ ᠴᠡᠭ ᠳᠡᠬᠡᠷ᠎ᠡ ᠡᠳᠦᠷ ᠰᠦᠨᠢ ᠶᠢᠨ 24 ᠴᠠᠭ ᠢᠶᠠᠷ ᠵᠢᠵᠢᠬᠦᠷᠯᠡᠪᠠ᠃ ᠠᠯᠳᠠᠨᠳᠤᠶᠠᠭ᠎ᠠ ᠺᠠᠳ᠋ᠷ ᠠᠵᠢᠯᠳᠡᠨ ᠲᠠᠢ ᠵᠢᠵᠢᠬᠦᠷᠯᠡᠬᠦ ᠶᠢᠨ ᠳᠠᠭᠠᠤ ︽ᠳᠤᠭᠤᠭᠠᠴᠢ︾ ᠪᠠᠷ ᠠᠵᠢᠯᠯᠠᠵᠤ ᠬᠤᠭᠤᠯᠠ ᠪᠤᠳᠠᠭ᠎ᠠ ᠳᠦᠬᠦᠬᠡᠷᠦᠨ᠂ ᠭᠠᠴᠠᠭᠠᠨ ᠤ ᠠᠷᠪᠠᠨ ᠬᠡᠳᠦᠨ ᠰᠡᠷᠬᠡᠶᠢᠯᠡᠨ ᠡᠵᠡᠮᠳᠡᠬᠦ ᠴᠡᠭ ᠲᠤ ᠬᠤᠪᠢ ᠶᠢᠨ ᠮᠠᠰᠢᠨ ᠳᠡᠷᠬᠡ ᠪᠠᠷ ᠢᠶᠠᠨ ᠰᠠᠷ᠎ᠡ ᠭᠠᠷᠤᠢ ᠬᠤᠭᠤᠯᠠ ᠬᠦᠷᠬᠡᠬᠦ ᠶᠢ ᠪᠠᠷᠢᠮᠳᠡᠯᠡᠬᠰᠠᠭᠠᠷ ᠢᠷᠡᠵᠡᠢ᠃ ᠡᠨᠡ ᠨᠢ ᠤᠯᠠᠨ ᠳᠦᠮᠡᠨ ᠤ ᠰᠡᠳᠬᠢᠯ ᠨᠢᠬᠡᠳᠦᠨ ᠬᠢᠵᠢᠭ ᠲᠠᠢ ᠳᠡᠮᠡᠴᠡᠬᠦ ᠳᠤ ᠰᠠᠶᠢᠨ ᠳᠠᠭᠤᠷᠢᠶᠠᠯ ᠪᠤᠯᠵᠦ ᠂ ᠭᠠᠴᠠᠭᠠᠨ ᠤ ᠮᠠᠯᠴᠢᠳ ᠺᠠᠳ᠋ᠷ ᠠᠵᠢᠯᠳᠡᠨ ᠤ ᠪᠠᠨ ᠠᠵᠢᠯ ᠢ ᠤᠢᠢᠯᠠᠭᠠᠨ ᠳᠡᠮᠵᠢᠵᠤ᠂ ᠰᠦ ᠰᠠᠭᠠᠯᠢ᠂ ᠮᠢᠬ᠎ᠠ ᠳᠤᠰᠤ ᠂ ᠪᠤᠤᠪᠤ ᠪᠤᠭᠤᠷᠰᠤᠬ ᠬᠦᠷᠬᠡᠵᠤ ᠺᠠᠳ᠋ᠷ ᠠᠵᠢᠯᠳᠡᠨ᠂ ᠮᠠᠯᠴᠢᠨ ᠲᠦᠮᠡᠨ ᠬᠦᠴᠦ ᠬᠠᠮᠳᠤᠷᠠᠨ ᠬᠢᠵᠢᠭ ᠢ ᠰᠡᠷᠬᠡᠶᠢᠯᠡᠨ ᠡᠵᠡᠮᠳᠡᠭᠦ ᠠᠵᠢᠯ ᠤᠨ ᠪᠠᠶᠢᠳᠠᠯ ᠢ ᠪᠤᠢ ᠪᠤᠯᠭᠠᠬᠰᠠᠨ ᠪᠠᠶᠢᠨ᠎ᠠ᠃      ᠬᠤᠯᠪᠤᠭᠠᠯᠠᠨ ᠳᠠᠭᠠᠭᠠᠴᠢᠯᠠᠬᠤ ᠡᠬᠦᠷᠬᠡ ᠶᠢ ᠬᠦᠯᠢᠶᠡᠭᠰᠡᠨ ᠠᠴᠠ ᠨᠠᠭᠠᠰᠢ᠂ ᠠᠯᠳᠠᠨᠳᠤᠶᠠᠭ᠎ᠠ ᠡᠷᠦᠬᠡ ᠪᠠᠷ ᠬᠦᠨᠵᠡᠬᠡᠶᠢᠷᠡᠨ ᠪᠠᠶᠢᠳᠠᠯ ᠢ ᠤᠢᠢᠯᠠᠭᠠᠵᠤ ᠤᠯᠠᠨ ᠳᠦᠮᠡᠨ ᠳᠤ ᠪᠤᠳᠠᠳᠤ ᠠᠵᠢᠯ ᠬᠢᠬᠦ ᠶᠢ ᠪᠠᠷᠢᠮᠳᠠᠯᠠᠵᠤ ᠢᠷᠡᠵᠡᠢ᠃ ᠨᠤᠳᠤᠬ ᠪᠡᠯᠴᠢᠬᠡᠷ᠂ ᠤᠰᠤᠨ ᠭᠠᠵᠠᠷ ᠤᠨ ᠡᠷᠬᠡ ᠶᠢ ᠳᠤᠳᠤᠷᠬᠠᠢᠢᠯᠠᠬᠤ ᠠᠵᠢᠯ ᠢ ᠠᠩᠬ᠎ᠠ ᠦᠷᠨᠢᠬᠦᠯᠬᠦ ᠦᠶ᠎ᠡ ᠳᠤ᠂ ᠠᠯᠳᠠᠨᠮᠠᠩᠬ᠎ᠠ ᠮᠠᠯᠵᠢᠯ ᠤᠨ ᠬᠤᠷᠰᠢᠶ᠎ᠡ ᠨᠢ ᠵᠦᠪᠬᠡᠨ ᠳᠠᠪᠤᠨ ᠡᠷᠦᠬᠡ ᠶᠢᠨ ᠡᠷᠬᠡ ᠶᠢ ᠳᠤᠳᠤᠷᠬᠠᠢ ᠪᠤᠯᠭᠠᠵᠤ᠂ ᠪᠤᠰᠤᠳ ᠠᠶᠢᠯ ᠡᠷᠤᠭᠡ ᠬᠤᠭᠤᠷᠤᠨᠳᠤ ᠶᠢᠨ ᠪᠡᠯᠴᠢᠬᠡᠷ ᠨᠤᠳᠤᠬ᠂ ᠳᠠᠷᠢᠶᠡᠨ ᠭᠠᠵᠠᠷ ᠤᠨ ᠵᠠᠭᠠᠬ ᠱᠤᠭᠤᠮ ᠡᠷᠡᠬᠡᠯᠵᠡᠭᠡ ᠲᠠᠢ ᠪᠠᠶᠢᠬᠰᠠᠨ ᠠᠴᠠ ᠰᠢᠬᠦᠬᠦ ᠬᠤᠷᠢᠶᠡᠨ ᠳᠤ ᠳᠡᠪᠰᠢᠬᠦᠯᠦᠭᠰᠡᠨ ᠵᠢᠱᠢᠶ᠎ᠡ ᠤᠯᠠᠨ ᠭᠠᠷᠪᠠ᠃ ᠡᠨᠡ ᠬᠤᠶᠡᠷ ᠵᠢᠯ ᠠᠯᠳᠠᠨᠳᠤᠶᠠᠭ᠎ᠠ ᠪᠠᠯᠭᠠᠰᠤᠨ ᠤ ᠤᠳᠤᠷᠢᠳᠤᠯᠭ᠎ᠠ᠂ ᠬᠠᠤᠯᠢ ᠴᠠᠭᠠᠵᠠ ᠶᠢᠨ ᠰᠠᠯᠠᠭ᠎ᠠ ᠮᠦᠴᠢᠷ ᠤᠨ ᠠᠵᠢᠯᠳᠠᠳ ᠲᠠᠢ ᠬᠠᠮᠳᠤ ᠮᠠᠯᠴᠢᠳ ᠤᠨ ᠳᠤᠮᠳᠠ ᠬᠦᠨᠵᠡᠬᠡᠶᠢᠷᠡᠨ ᠵᠦᠷᠢᠴᠡᠯ ᠵᠡᠭᠤᠷᠠᠯᠳᠤᠭᠠᠨ ᠢ ᠡᠶᠡᠳᠡᠬᠦᠯᠤᠨ ᠵᠤᠬᠢᠴᠠᠭᠤᠯᠵᠤ᠂ ᠤᠰᠤᠨ ᠭᠠᠵᠠᠷ᠂ ᠪᠡᠯᠴᠢᠬᠡᠷ ᠨᠤᠳᠤᠬ ᠤᠨ ᠡᠷᠬᠡ ᠶᠢ ᠳᠤᠳᠤᠷᠬᠠᠢᠢᠯᠠᠬᠤ ᠳᠤ ᠦᠯᠡᠮᠵᠢ ᠵᠢᠳᠬᠦᠯ ᠦᠵᠡᠬᠦᠯᠦᠭᠰᠡᠨ ᠪᠠᠶᠢᠨ᠎ᠠ᠃ ᠤᠳᠤ ᠠᠯᠳᠠᠨᠮᠠᠩᠬ᠎ᠠ ᠮᠠᠯᠵᠢᠯ ᠤᠨ ᠬᠤᠷᠰᠢᠶ᠎ᠡ ᠶᠢᠨ 27 ᠡᠷᠦᠬᠡ ᠶᠢᠨ ᠨᠤᠳᠤᠭ ᠪᠡᠯᠴᠢᠬᠡᠷ ᠤᠨ ᠡᠵᠡᠩᠨᠡᠯᠳᠡ ᠶᠢᠨ ᠡᠷᠬᠡ ᠶᠢ ᠨᠢᠬᠡᠨᠳᠡ ᠳᠤᠳᠤᠷᠬᠠᠢᠢᠯᠠᠵᠤ᠂ ᠪᠠᠶᠠᠨᠰᠢᠯᠢ ᠭᠠᠴᠠᠭᠠᠨ ᠤ ᠨᠤᠳᠤᠬ ᠪᠡᠯᠴᠢᠬᠡᠷ ᠤᠨ ᠡᠵᠡᠩᠨᠡᠯᠳᠡ ᠶᠢᠨ ᠡᠷᠬᠡ ᠶᠢ ᠳᠤᠳᠤᠷᠬᠠᠢᠢᠯᠠᠬᠰᠠᠨ ᠨᠤᠷᠮ᠎ᠡ 86% ᠳᠤ ᠬᠦᠷᠪᠡ᠃ ᠡᠬᠦᠨ ᠤ ᠳᠠᠭᠠᠤ ᠤᠰᠤᠨ ᠭᠠᠵᠠᠷ ᠤᠨ ᠡᠷᠬᠡ ᠶᠢᠨ ᠦᠮᠴᠢᠯᠡᠯ ᠤᠨ ᠳᠡᠪᠳᠡᠷ ᠢ ᠨᠢ ᠨᠠᠶᠢᠷᠠᠭᠤᠯᠵᠤ ᠤᠳᠠᠯ ᠦᠬᠡᠢ ᠮᠠᠯᠴᠢᠨ ᠳᠠᠷᠢᠶᠠᠴᠢᠨ ᠡᠷᠦᠬᠡ ᠳᠤ ᠭᠠᠷᠳᠠᠭᠤᠯᠬᠤ ᠪᠠᠷ ᠪᠠᠶᠢᠨ᠎ᠠ᠃ ︽ᠪᠢ ᠴᠤ ᠮᠠᠯᠴᠢᠨ ᠤ ᠬᠡᠦᠬᠡᠳ᠂ ᠬᠦᠳᠡᠭᠡ ᠶᠢᠨ ᠠᠮᠢᠳᠤᠷᠡᠯ ᠳᠠᠭᠠᠨ ᠡᠬᠡᠨᠡᠭᠰᠢᠨ ᠳᠠᠰᠴᠤ ᠮᠠᠯᠴᠢᠳ ᠲᠠᠭᠠᠨ ᠢᠯᠡᠬᠦᠬᠡᠨ ᠬᠠᠪᠰᠤᠷᠤᠯᠭ᠎ᠠ ᠳᠡᠮᠵᠢᠯᠬᠡ ᠦᠵᠡᠬᠦᠯᠬᠦ ᠨᠢ ᠮᠢᠨᠦ ᠬᠠᠷᠢᠭᠤᠴᠠᠯᠭ᠎ᠠ ᠮᠦᠨ︾ ᠬᠡᠵᠤ ᠠᠯᠳᠠᠨᠳᠤᠶᠠᠭ᠎ᠠ ᠬᠠᠨᠤᠮᠵᠢᠳᠡᠢ ᠶᠠᠷᠢᠵᠤ ᠪᠠᠶᠢᠯ᠎ᠠ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号