ᠲᠦᠯᠥᠬᠡᠯᠡᠭᠴᠢ ᠪᠠᠳᠠᠷᠠᠯᠲᠤ᠄ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠳᠤ ᠡᠪᠡᠰᠦ ᠪᠤᠷᠳᠤᠭᠠᠨ ᠤ ᠰᠠᠭᠤᠷᠢᠨ ᠭᠠᠵᠠᠷ ᠢ ᠨᠡᠮᠡᠭᠳᠡᠭᠦᠯᠪᠡᠯ ᠵᠤᠬᠢᠨ᠎ᠠ
ᠨᠡᠶᠢᠲᠡᠯᠡᠭᠰᠡᠨ ᠴᠠᠭ᠄
2020-04-29
    ᠪᠠᠳᠠᠷᠠᠯᠲᠤ ᠪᠤᠯ ᠦᠤᠰᠢᠨ ᠬᠤᠰᠢᠭᠤᠨ ᠤ ᠭᠠᠯᠠᠭᠤᠲᠤ ᠪᠠᠯᠭᠠᠰᠤᠨ ᠤ ᠪᠤᠵᠠᠢ ᠭᠠᠴᠠᠭᠠᠨ ᠤ ᠮᠠᠯᠴᠢᠨ ᠲᠦᠯᠥᠬᠡᠯᠡᠭᠴᠢ ᠪᠤᠯᠤᠨ᠎ᠠ᠃ ᠦᠨᠳᠦᠰᠦᠨ ᠱᠠᠲᠤᠨ ᠤ ᠮᠠᠯᠴᠢᠨ ᠲᠦᠯᠥᠬᠡᠯᠡᠭᠴᠢ ᠪᠤᠯᠤᠭᠰᠠᠨ ᠲᠡᠷᠡ ᠪᠠᠷ ᠤᠢᠢᠷ᠎ᠠ ᠶᠢᠨ ᠬᠡᠳᠦᠨ ᠵᠢᠯ ᠳᠤ ᠭᠠᠷᠤᠭᠰᠠᠨ ᠮᠠᠯᠵᠢᠬᠤ ᠠᠮᠢᠳᠤᠷᠠᠯ ᠤᠨ ᠶᠡᠭᠡ ᠬᠤᠪᠢᠷᠠᠯᠲᠠ ᠶᠢ ᠪᠡᠶ᠎ᠡ ᠪᠠᠷ ᠢᠶᠠᠨ ᠦᠡᠭᠬᠡᠷᠡᠬᠦᠯᠥᠭᠰᠡᠨ ᠪᠦᠭᠡᠳ ᠤᠳᠤᠬᠢ ᠪᠠᠶᠢᠳᠠᠯ ᠳᠤ ᠶᠠᠭᠤ ᠨᠡᠩ ᠴᠢᠬᠤᠯᠠ᠂ ᠶᠠᠭᠠᠬᠢᠵᠤ ᠬᠢᠪᠡᠯ ᠨᠡᠩ ᠦᠷ᠎ᠡ ᠪᠦᠲᠦᠮᠵᠢᠲᠡᠢ ᠬᠡᠰᠡᠨ ᠢ ᠠᠯᠠᠭᠠᠨ ᠵᠢᠷᠤᠭᠠᠰᠤ ᠰᠢᠬ ᠢᠶᠠᠨ ᠮᠡᠳᠡᠵᠤ ᠪᠠᠶᠢᠯ᠎ᠠ᠃     ︽ᠤᠳᠤ ᠶᠢᠨ ᠪᠠᠶᠢᠳᠠᠯ ᠢᠶᠠᠷ ᠮᠠᠨ ᠤ ᠮᠠᠯᠴᠢᠳ ᠮᠠᠯ ᠠᠵᠤ ᠠᠬᠤᠢ ᠪᠠᠨ ᠬᠦᠭᠵᠢᠬᠦᠯᠵᠤ᠂ ᠵᠠᠬ᠎ᠠ ᠳᠡᠯᠬᠡᠬᠦᠷ ᠲᠤ ᠭᠠᠷᠭᠠᠶ᠎ᠠ ᠬᠡᠪᠡᠯ ᠡᠷᠭᠡᠪᠰᠢ ᠡᠪᠡᠰᠦ ᠪᠤᠷᠳᠤᠭᠠᠨ ᠤ ᠰᠠᠭᠤᠷᠢᠨ ᠭᠠᠵᠠᠷ ᠪᠠᠶᠢᠭᠤᠯᠬᠤ ᠬᠡᠷᠡᠭᠲᠡᠢ᠃ ᠡ᠊ᠨᠡ ᠨᠢ ᠮᠠᠯ ᠠᠵᠤ ᠠᠬᠤᠢ ᠪᠠ ᠲᠠᠷᠢᠶᠠᠯᠠᠩ ᠠᠵᠤ ᠠᠬᠤᠢ ᠶᠢᠨ ᠤᠷᠭᠠᠨᠢᠭ ᠤᠶᠠᠯᠳᠤᠯ ᠪᠤᠯᠤᠨ᠎ᠠ᠃ ᠬᠡᠷᠪᠡ ᠨᠢᠬᠡ ᠠᠶᠢᠯ ᠤᠨ ᠬᠢᠨ ᠵᠠᠭᠤ ᠭᠠᠷᠤᠢ ᠪᠤᠭ ᠮᠠᠯ᠂ ᠪᠠᠰᠠ ᠬᠡᠳᠦᠨ ᠠᠷᠪᠠᠨ ᠪᠤᠲᠠ ᠮᠠᠯ ᠲᠠᠢ ᠪᠠᠶᠢᠪᠠᠯ ᠡᠪᠤᠯ ᠬᠠᠪᠤᠷ ᠤᠨ ᠬᠤᠭᠤᠴᠠᠭᠠᠨ ᠳᠤ ᠡᠷᠬᠡᠪᠰᠢ ᠲᠡᠵᠢᠬᠡᠵᠤ ᠪᠤᠷᠳᠤᠬᠤ ᠭᠡᠷᠡᠭᠲᠡᠢ ᠪᠦᠭᠡᠳ ᠭᠤᠷᠪᠠᠨ ᠰᠠᠷ᠎ᠠ ᠶᠢᠨ ᠬᠠᠰᠢᠶᠠᠯᠭ᠎ᠠ ᠶᠢᠨ ᠬᠤᠭᠤᠴᠠᠭᠠᠨ ᠤ ᠡᠪᠡᠰᠦ ᠪᠤᠷᠳᠤᠭ᠎ᠠ ᠪᠠᠨ ᠪᠡᠯᠡᠳᠬᠡᠬᠦ ᠴᠢᠬᠤᠯᠠ ᠲᠠᠢ᠃ ᠢᠡᠭᠭᠢᠬᠦ ᠳᠤ ᠡᠪᠡᠰᠦ ᠪᠤᠷᠳᠤᠭ᠎ᠠ ᠪᠠᠨ ᠬᠦᠢᠴᠡᠳ ᠲᠠᠷᠢᠵᠤ᠂ ᠮᠠᠯ ᠳᠠᠭᠠᠨ ᠬᠠᠨᠭ᠍ᠭᠠᠬᠤ ᠨᠢ ᠲᠡᠷᠢᠭᠦᠨ ᠶᠠᠪᠤᠳᠠᠯ᠃ ᠮᠠᠯᠴᠢᠳ ᠬᠡᠷᠪᠡ ᠦᠪᠡᠷ ᠲᠡᠭᠡᠨ ᠡᠪᠡᠰᠦ ᠪᠤᠷᠳᠤᠭᠠᠨ ᠤ ᠰᠠᠭᠤᠷᠢᠨ ᠭᠠᠵᠠᠷ ᠭᠠᠷᠭᠠᠬᠤ ᠦᠭᠡᠢ᠂ ᠲᠡᠵᠢᠬᠡᠯ ᠪᠤᠷᠳᠤᠭ᠎ᠠ ᠪᠠᠨ ᠵᠦᠪᠬᠡᠨ ᠭᠠᠳᠠᠨ᠎ᠠ ᠠᠴᠠ ᠬᠤᠳᠠᠯᠳᠤᠨ ᠠᠪᠬᠤ ᠳᠤ ᠬᠦᠷᠪᠡᠯ ᠲᠠᠷᠤᠭᠠᠰᠤ ᠨᠡᠩ ᠬᠦᠨᠳᠦᠷᠠᠨ᠂ ᠮᠠᠯ ᠨᠢ ᠮᠠᠯ ᠢᠶᠠᠨ ᠢᠳᠡᠭᠡᠳ ᠪᠠᠷᠠᠴᠢᠬᠠᠨ᠎ᠠ᠃ ᠡᠶᠢᠮᠤ ᠪᠠᠶᠢᠳᠠᠯ ᠤᠨ ᠲᠡᠭᠡᠷ᠎ᠡ ᠡ᠊ᠨᠡ ᠬᠤᠶᠠᠷ ᠵᠢᠯ ᠬᠦᠳᠡᠭᠡ ᠲᠤᠰᠬᠤᠨ ᠳᠤ ᠰᠢᠨ᠎ᠡ ᠪᠠᠷ ᠭᠠᠵᠠᠷ ᠲᠠᠷᠢᠵᠤ ᠪᠤᠯᠬᠤ ᠦᠭᠡᠢ ᠪᠤᠯᠭᠠᠭᠰᠠᠨ ᠨᠢ ᠪᠢᠳᠠᠨ ᠤ ᠬᠦᠭᠵᠢᠯᠲᠡ ᠶᠢ ᠨᠡᠩ ᠶᠡᠭᠡ ᠬᠠᠷᠰᠢᠯᠠᠵᠤ ᠪᠠᠶᠢᠨ᠎ᠠ᠃ ᠵᠢᠱᠢᠶᠡᠯᠡᠬᠡᠳ ᠬᠡᠯᠡᠬᠦ ᠳᠤ᠂ ᠰᠢᠨ᠎ᠡ ᠪᠠᠷ ᠠᠶᠢᠯ ᠬᠡᠷ ᠪᠤᠯᠤᠭᠰᠠᠨ ᠵᠠᠯᠠᠭᠤ ᠬᠤᠤᠰ ᠪᠤᠶᠤ ᠡᠷᠦᠬᠡ ᠠᠮᠠ ᠪᠠᠨ ᠬᠤᠪᠢᠨ ᠳᠠᠭᠠᠨ ᠰᠠᠯᠭᠠᠵᠤ ᠠᠪᠤᠭᠰᠠᠨ ᠰᠢᠨ᠎ᠡ ᠡᠷᠦᠬᠡ ᠨᠦᠭᠦᠳ ᠭᠠᠵᠠᠷ ᠲᠠᠷᠢᠶ᠎ᠠ ᠲᠠᠷᠢᠵᠤ ᠪᠤᠯᠬᠤ ᠦᠭᠡᠢ ᠪᠤᠯᠤᠭᠰᠠᠨ ᠠᠴᠠ ᠠᠵᠤ ᠠᠬᠤᠢ ᠶᠢᠨ ᠢᠷᠡᠯᠲᠡ ᠪᠠᠭᠠᠰᠴᠤ᠂ ᠬᠡᠳᠦᠨ ᠮᠠᠯ ᠳᠠᠭᠠᠨ ᠲᠡᠵᠢᠬᠡᠯ ᠪᠤᠷᠳᠤᠭ᠎ᠠ ᠬᠤᠳᠠᠯᠳᠤᠨ ᠠᠪᠤᠭᠠᠳ ᠵᠠᠷᠤᠯᠭ᠎ᠠ ᠨᠢ ᠤᠷᠤᠯᠭ᠎ᠠ ᠠᠴᠠ ᠪᠠᠨ ᠬᠡᠲᠦᠷᠡᠬᠦ ᠦᠵᠡᠭᠳᠡᠯ ᠤᠷᠤᠰᠢᠵᠤ ᠪᠤᠢ᠃     ᠡᠬᠦᠨ ᠲᠠᠢ ᠵᠡᠷᠭᠡᠴᠡᠭᠡᠳ ᠪᠠᠰᠠ ᠨᠢᠬᠡ ᠠᠰᠠᠭᠤᠳᠠᠯ ᠨᠢ ᠰᠢᠨ᠎ᠡ ᠪᠠᠷ ᠭᠠᠵᠠᠷ ᠲᠠᠷᠢᠵᠤ ᠪᠤᠯᠬᠤ ᠦᠭᠡᠢ ᠬᠡᠰᠡᠨ ᠲᠤᠭᠲᠠᠭᠠᠯ ᠭᠠᠷᠭᠠᠭᠰᠠᠨ ᠠᠴᠠ ᠪᠠᠶᠠᠨ ᠶᠠᠳᠠᠭᠤ ᠶᠢᠨ ᠵᠦᠷᠢᠶ᠎ᠡ ᠶᠡᠭᠡᠰᠬᠦ ᠪᠤᠯᠤᠮᠵᠢ ᠪᠤᠢ᠃ ᠵᠢᠱᠢᠶᠡᠯᠡᠬᠦ ᠳᠤ ᠵᠡᠬᠦᠨ ᠪᠠᠷᠠᠭᠤᠨ ᠬᠤᠶᠠᠷ ᠵᠡᠷᠭᠡᠯᠡᠳᠡᠭᠡ ᠠᠶᠢᠯ ᠤᠨ ᠨᠢᠬᠡ ᠨᠢ ᠲᠤᠭᠲᠠᠭᠠᠯ ᠭᠠᠷᠬᠤ ᠶᠢᠨ ᠡᠮᠦᠨ᠎ᠡ ᠵᠢᠯ 100 ᠮᠦ ᠰᠢᠨ᠎ᠡ ᠪᠠᠷ ᠭᠠᠵᠠᠷ ᠲᠠᠷᠢᠭᠠᠳ᠂ ᠨᠦᠬᠦᠭᠡ ᠠᠶᠢᠯ ᠨᠢ ᠲᠤᠭᠲᠠᠭᠠᠯ ᠭᠠᠷᠤᠭᠰᠠᠨ ᠤ ᠲᠠᠷᠠᠭ᠎ᠠ 1 ᠮᠦ ᠴᠤ ᠰᠢᠨ᠎ᠡ ᠪᠠᠷ ᠲᠠᠷᠢᠵᠤ ᠪᠤᠯᠬᠤ ᠦᠭᠡᠢ ᠪᠤᠯᠤᠭᠰᠠᠨ ᠠᠴᠠ ᠡ᠊ᠨᠡ ᠬᠤᠶᠠᠷ ᠠᠶᠢᠯ ᠤᠨ ᠤᠷᠤᠯᠭ᠎ᠠ ᠶᠢᠨ ᠵᠦᠷᠢᠶ᠎ᠡ ᠬᠡᠯᠡᠯᠬᠡᠨ ᠦᠭᠡᠢ ᠶᠡᠭᠡᠰᠴᠤ᠂ ᠬᠠᠮᠲᠤ ᠪᠠᠷ ᠪᠠᠶᠠᠵᠢᠬᠤ ᠬᠦᠰᠡᠯ ᠨᠢ ᠵᠡᠬᠦᠳᠦ ᠪᠤᠯᠬᠤ ᠠᠶᠤᠯᠲᠠᠢ︾ ᠬᠡᠮᠡᠨ ᠪᠠᠳᠠᠷᠠᠯᠲᠤ ᠶᠠᠷᠢᠵᠤ ᠪᠠᠶᠢᠯ᠎ᠠ᠃     ᠲᠡᠭᠦᠨ ᠤ ᠦᠵᠡᠬᠦ ᠪᠠᠷ᠂ ᠮᠠᠯᠴᠢᠨ ᠲᠠᠷᠢᠶᠠᠴᠢᠨ ᠡᠷᠦᠬᠡ ᠤᠤᠯ ᠳᠠᠭᠠᠨ ᠨᠦᠬᠦᠴᠡᠯ ᠬᠦᠷᠦᠯᠴᠡᠬᠦ ᠦᠭᠡᠢ ᠠᠴᠠ ᠪᠤᠯᠵᠤ ᠭᠠᠵᠠᠷ ᠲᠠᠷᠢᠶ᠎ᠠ ᠪᠠᠭ᠎ᠠ ᠲᠠᠷᠢᠬᠤ ᠪᠤᠶᠤ ᠵᠠᠷᠢᠮ ᠨᠢ 1 ᠮᠦ ᠭᠠᠵᠠᠷ ᠴᠤ ᠲᠠᠷᠢᠵᠤ ᠲᠡᠶᠢᠯᠬᠦ ᠦᠭᠡᠢ ᠪᠠᠶᠢᠭᠰᠠᠨ ᠨᠢ ᠦᠨᠡᠨ᠂ ᠤᠳᠤ ᠨᠦᠬᠦᠴᠡᠯ ᠬᠦᠷᠦᠯᠴᠡᠬᠡᠳ ᠢᠷᠡᠬᠦ ᠳᠤ ᠰᠢᠨ᠎ᠡ ᠪᠠᠷ ᠭᠠᠵᠠᠷ ᠲᠠᠷᠢᠶ᠎ᠠ ᠲᠠᠷᠢᠵᠤ ᠪᠤᠯᠬᠤ ᠦᠭᠡᠢ ᠬᠡᠰᠡᠨ ᠲᠤᠭᠲᠠᠭᠠᠯ ᠭᠠᠷᠤᠭᠰᠠᠨ ᠠᠴᠠ ᠪᠠᠶᠠᠵᠢᠵᠤ ᠬᠦᠯᠵᠢᠬᠦ ᠶᠢ ᠬᠠᠷᠰᠢᠯᠠᠵᠤ ᠪᠠᠶᠢᠭ᠎ᠠ ᠠᠵᠢ᠃       ︵ᠤᠷᠳᠤᠰ ᠬᠤᠲᠠ ᠶᠢᠨ ᠲᠦᠷᠪᠡᠳᠦᠭᠡᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠭᠤᠷᠪᠠᠳᠤᠭᠠᠷ ᠤᠳᠠᠭ᠎ᠠ ᠶᠢᠨ ᠬᠤᠷᠠᠯ ᠲᠡᠭᠡᠷ᠎ᠡ︶
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号