ᠰᠢᠨᠬᠤᠸᠠ ᠬᠤᠷᠢᠶᠠᠨ ᠤ ᠪᠡᠭᠡᠵᠢᠩ ᠤᠨ 4 ᠰᠠᠷ᠎ᠠ ᠶᠢᠨ 24 ᠤ ᠴᠠᠬᠢᠯᠭᠠᠨ ᠮᠡᠳᠡᠭᠡ ᠲᠠᠪᠤᠳᠡᠬᠢ ︽ | ᠳᠤᠮᠳᠠᠳᠤ ᠤᠯᠤᠰ ᠤᠨ ᠰᠠᠨᠰᠠᠷ ᠤᠨ ᠠᠶᠠᠯᠠᠯ ᠤᠨ ᠡᠳᠦᠷ︾ ᠪᠤᠯᠤᠨ ︽ᠳ᠋ᠦᠩ ᠹᠠᠩ ᠬᠤᠩ ᠨᠢᠭᠡᠳᠦᠭᠡᠷ ᠨᠡᠷᠡᠮᠵᠢᠳᠦ︾ | ᠳᠠᠭᠠᠭᠤᠯᠢ ᠤᠳᠤ ᠶᠢ ᠠᠮᠵᠢᠯᠳᠠ ᠲᠠᠢ ᠬᠠᠷᠪᠤᠭᠰᠠᠨ 50 ᠵᠢᠯ ᠤᠨ ᠤᠢ ᠪᠤᠯᠬᠤ ᠲᠠᠰᠢᠷᠠᠮ ᠳᠤ᠂ ᠨᠠᠮ ᠤᠨ ᠲᠦᠪ | ᠬᠤᠷᠢᠶᠠᠨ ᠤ ᠶᠡᠷᠦᠩᠬᠡᠢ ᠱᠦᠵᠢ᠂ ᠤᠯᠤᠰ ᠤᠨ ᠲᠡᠷᠢᠭᠦᠯᠡᠭᠴᠢ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ | ᠲᠡᠷᠢᠭᠦᠯᠡᠭᠴᠢ ᠰᠢ ᠶᠢᠨ ᠫᠢᠩ 4 ᠰᠠᠷ᠎ᠠ ᠶᠢᠨ 23 ᠤ ᠡᠳᠦᠷ ︽ᠳ᠋ᠦᠩ ᠹᠠᠩ ᠬᠤᠩ ᠨᠢᠭᠡᠳᠦᠭᠡᠷ ᠨᠡᠷᠡᠮᠵᠢᠳᠦ︾ ᠶᠢᠨ | ᠡᠭᠦᠷᠭᠡ ᠳᠤ ᠤᠷᠤᠯᠴᠠᠭᠰᠠᠨ ᠠᠬᠠᠮᠠᠳ ᠰᠢᠨᠵᠢᠯᠡᠬᠦ ᠤᠬᠠᠭᠠᠨᠳᠠᠳ ᠲᠤ ᠬᠠᠷᠢᠭᠤ ᠵᠠᠬᠢᠳᠠᠯ ᠢᠯᠡᠭᠡᠵᠤ᠂ ᠳᠡᠳᠡᠨ ᠳᠤ | ᠴᠢᠩ ᠰᠡᠳᠬᠢᠯ ᠤᠨ ᠮᠡᠨᠳᠤᠴᠢᠯᠠᠯ ᠳᠡᠪᠰᠢᠭᠦᠯᠦᠭᠰᠡᠨ ᠪᠦᠭᠡᠳ ︽ᠬᠤᠶᠠᠷ ᠪᠦᠮᠪᠦᠭᠡ ᠨᠢᠭᠡ ᠤᠳᠤ︾ ᠶᠢᠨ ᠵᠤᠷᠢᠭ | ᠰᠠᠨᠠᠭ᠎ᠠ ᠶᠢ ᠪᠠᠳᠠᠷᠠᠭᠤᠯᠬᠤ᠂ ᠰᠠᠨᠰᠠᠷ ᠤᠨ ᠠᠶᠠᠯᠠᠯ ᠤᠨ ᠬᠦᠴᠦᠷᠬᠡᠭ ᠤᠯᠤᠰ ᠢ ᠪᠦᠲᠦᠭᠡᠨ ᠪᠠᠶᠢᠭᠤᠯᠬᠤ ᠲᠤᠬᠠᠢ | ᠦᠷᠭᠡᠨ ᠤᠯᠠᠨ ᠰᠠᠨᠰᠠᠷ ᠤᠨ ᠠᠶᠠᠯᠠᠯ ᠤᠨ ᠠᠵᠢᠯᠳᠠᠨ ᠳᠤ ᠨᠠᠨᠳᠢᠨ ᠬᠦᠰᠡᠯ ᠡᠷᠡᠮᠡᠯᠵᠡᠯ ᠲᠠᠯᠪᠢᠭᠰᠠᠨ ᠪᠠᠶᠢᠨ᠎ᠠ᠃ | ᠰᠢ ᠶᠢᠨ ᠫᠢᠩ ᠬᠠᠷᠢᠭᠤ ᠵᠠᠬᠢᠳᠠᠯ ᠳᠠᠭᠠᠨ᠂ ︽ᠳ᠋ᠦᠩ ᠹᠠᠩ ᠬᠤᠩ ᠨᠢᠭᠡᠳᠦᠭᠡᠷ ᠨᠡᠷᠡᠮᠵᠢᠳᠤ︾ ᠶᠢᠨ | ᠡᠭᠦᠷᠭᠡ ᠳᠤ ᠤᠷᠤᠯᠴᠠᠭᠰᠠᠨ ᠲᠠ ᠨᠠᠷ ᠤᠷᠢ ᠵᠠᠯᠠᠭᠤ ᠨᠠᠰᠤ ᠪᠠᠨ ᠡᠬᠡ ᠤᠯᠤᠰ ᠤᠨ ᠢᠶᠠᠨ ᠰᠠᠨᠰᠠᠷ ᠤᠨ ᠠᠶᠠᠯᠠᠯ ᠤᠨ | ᠦᠢᠯᠡᠰ ᠲᠤ ᠵᠤᠷᠢᠭᠤᠯᠵᠠᠢ᠂ ᠡᠳᠦᠭᠡ ᠦᠳᠡᠯᠦᠭᠡ ᠪᠤᠭᠤᠷᠤᠯ ᠪᠤᠯᠤᠭᠰᠠᠨ ᠴᠤ ᠡᠬᠡ ᠤᠯᠤᠰ ᠤᠨ ᠢᠶᠠᠨ ᠰᠠᠨᠰᠠᠷ ᠤᠨ | ᠠᠶᠠᠯᠠᠯ ᠤᠨ ᠦᠢᠯᠡᠰ ᠤᠨ ᠢᠷᠡᠭᠡᠳᠦᠢ ᠳᠤ ᠰᠡᠳᠭᠢᠯ ᠠᠯᠭᠠᠰᠠᠵᠤ ᠪᠠᠶᠢᠬᠤ ᠨᠢ ᠨᠠᠮᠠᠢᠢ ᠲᠦᠢᠯ ᠢᠶᠠᠷ | ᠳᠤᠭᠳᠤᠯᠤᠭᠤᠯᠵᠠᠢ ᠭᠡᠪᠡ᠃ | ᠰᠢ ᠶᠢᠨ ᠫᠢᠩ᠂ 50 ᠵᠢᠯ ᠤᠨ ᠡᠮᠦᠨ᠎ᠠ᠂ ︽ᠳ᠋ᠦᠩ ᠹᠠᠩ ᠬᠤᠩ ᠨᠢᠭᠡᠳᠦᠭᠡᠷ ᠨᠡᠷᠡᠮᠵᠢᠳᠤ︾ ᠳᠠᠭᠠᠭᠤᠯᠢ | ᠤᠳᠤ ᠶᠢ ᠠᠮᠵᠢᠯᠳᠠ ᠲᠠᠢ ᠬᠠᠷᠪᠤᠬᠤ ᠦᠶᠡᠰ ᠪᠢ ᠱᠠᠨᠪᠧᠢ ᠶᠢᠨ ᠯᠢᠶᠠᠩ ᠵᠢᠶᠠ ᠾᠧ ᠳᠤ ᠡᠨᠡ ᠬᠦ ᠴᠢᠮᠡᠭᠡ ᠶᠢ | ᠰᠤᠨᠤᠰᠤᠭᠠᠳ ᠶᠡᠬᠡᠳᠡ ᠳᠤᠭᠳᠤᠯᠵᠠᠢ᠃ ᠲᠤᠬᠠᠢ ᠶᠢᠨ ᠵᠢᠯ ᠳᠤ ᠲᠠ ᠨᠠᠷ ᠬᠦᠴᠦᠷᠬᠡᠭᠵᠢᠬᠦ ᠪᠠᠷ ᠬᠦᠴᠦᠯᠡᠨ | ᠴᠢᠷᠮᠠᠶᠢᠵᠤ᠂ ᠰᠢᠷᠭᠠᠭᠤ ᠬᠠᠳᠠᠭᠤᠵᠢᠯᠳᠠᠢ ᠠᠵᠢᠯᠯᠠᠨ᠂ ᠪᠦᠬᠦ ᠤᠯᠤᠰ ᠤᠨ ᠦᠨᠳᠦᠰᠦᠳᠡᠨ ᠨᠦᠭᠦᠳ ᠤᠨ ᠠᠷᠠᠳ | ᠲᠦᠮᠡᠨ ᠢ ᠤᠮᠤᠭᠰᠢᠭᠤᠯᠤᠭᠰᠠᠨ ᠶᠡᠷᠦ ᠪᠤᠰᠤ ᠶᠢᠨ ᠠᠮᠵᠢᠯᠳᠠ ᠶᠢ ᠡᠭᠦᠳᠴᠤ᠂ ᠳᠤᠮᠳᠠᠳᠤ ᠶᠢᠨ ᠦᠨᠳᠦᠰᠦᠳᠡᠨ ᠤ | ᠪᠡᠶ᠎ᠠ ᠪᠠᠨ ᠳᠠᠭᠠᠭᠠᠨ ᠬᠦᠴᠦᠷᠭᠡᠭᠵᠢᠬᠦ ᠪᠠᠷ ᠰᠢᠨᠳᠡᠷᠡᠰᠢ ᠦᠭᠡᠢ ᠴᠢᠷᠮᠠᠶᠢᠬᠤ ᠠᠭᠤᠤ ᠶᠡᠭᠡ ᠵᠤᠷᠢᠭ ᠰᠠᠨᠠᠭ᠎ᠠ ᠶᠢ | ᠢᠯᠡᠷᠡᠭᠦᠯᠪᠡ᠃ ᠠᠬᠠᠮᠠᠳ ᠨᠢᠭᠡ ᠦᠶ᠎ᠠ ᠶᠢᠨ ᠰᠠᠨᠰᠠᠷ ᠤᠨ ᠠᠶᠠᠯᠠᠯ ᠤᠨ ᠠᠵᠢᠯᠳᠠᠨ ᠤ ᠭᠠᠪᠢᠶ᠎ᠠ ᠵᠢᠳᠭᠦᠯ ᠰᠢᠨ᠎ᠠ | ᠳᠤᠮᠳᠠᠳᠤ ᠤᠯᠤᠰ ᠤᠨ ᠲᠡᠤᠬᠡᠨ ᠬᠠᠭᠤᠳᠠᠰᠤᠨ ᠳᠤ ᠮᠦᠩᠭᠡ ᠲᠡᠮᠳᠡᠭᠯᠡᠭᠳᠡᠭᠰᠡᠨ ᠪᠠᠶᠢᠨ᠎ᠠ ᠭᠡᠵᠤ ᠵᠢᠭᠠᠵᠤ ᠭᠠᠷᠭᠠᠪᠠ᠃ | ᠰᠢ ᠶᠢᠨ ᠫᠢᠩ᠂ ᠨᠦᠬᠦᠴᠡᠯ ᠪᠠᠶᠢᠳᠠᠯ ᠶᠠᠭᠠᠬᠢᠵᠤ ᠬᠤᠪᠢᠷᠠᠭᠰᠠᠨ ᠴᠤ ᠦᠪᠡᠷ ᠤᠨ ᠬᠦᠴᠦ ᠪᠠᠷ ᠢᠶᠠᠨ | ᠳᠡᠭᠵᠢᠷᠡᠬᠦ᠂ ᠲᠡᠰᠪᠦᠷᠢ ᠬᠠᠳᠠᠭᠤᠵᠢᠯᠳᠠᠢ ᠪᠠᠷ ᠲᠡᠮᠡᠴᠡᠬᠦ ᠤᠮᠤᠭ ᠵᠤᠷᠢᠭ ᠢᠶᠠᠨ ᠲᠠᠶᠠᠭᠳᠠᠵᠤ ᠪᠤᠯᠬᠤ ᠦᠭᠡᠢ᠃ ᠰᠢᠨ᠎ᠠ | ᠴᠠᠭ ᠦᠶ᠎ᠠ ᠶᠢᠨ ᠰᠠᠠᠰᠠᠷ ᠤᠨ ᠠᠶᠠᠯᠠᠯ ᠤᠨ ᠠᠵᠢᠯᠲᠠᠳ ᠠᠬᠠᠮᠠᠳ ᠨᠢᠭᠡ ᠦᠶ᠎ᠠ ᠶᠢᠨ ᠰᠠᠠᠰᠠᠷ ᠤᠨ ᠠᠶᠠᠯᠠᠯ ᠤᠨ | ᠠᠵᠢᠯᠳᠠᠳ ᠢᠶᠠᠷ ᠦᠯᠢᠭᠡᠷ ᠲᠠᠭᠤᠷᠢᠶᠠᠯ ᠪᠤᠯᠭᠠᠨ᠂ ︽ᠬᠤᠶᠠᠷ ᠪᠦᠮᠪᠦᠭᠡ ᠨᠢᠭᠡ ᠤᠳᠤ︾ ᠶᠢᠨ ᠵᠤᠷᠢᠭ ᠰᠠᠨᠠᠭ᠎ᠠ ᠶᠢ | ᠶᠡᠭᠡ ᠪᠠᠷ ᠪᠠᠲᠠᠷᠠᠭᠤᠯᠵᠦ᠂ ᠠᠯᠢᠪᠠ ᠬᠦᠴᠢᠷ ᠪᠡᠷᠬᠡᠰᠢᠶᠡᠯ ᠬᠠᠷᠰᠢ ᠰᠠᠭᠠᠳ ᠢ ᠵᠤᠷᠢᠭᠳᠠᠢ ᠪᠠᠷ ᠢᠯᠠᠨ ᠳᠠᠪᠠᠵᠤ᠂ | ᠰᠠᠨᠰᠠᠷ ᠤᠨ ᠠᠶᠠᠯᠠᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠦᠨᠳᠦᠷ ᠤᠷᠭᠢᠯ ᠳᠤ ᠭᠠᠷᠬᠤ ᠪᠠᠷ | ᠡᠷᠡᠯᠬᠡᠭᠯᠡᠨ ᠲᠡᠮᠡᠴᠡᠵᠦ᠂ ᠲᠤᠮᠲᠠᠲᠤ ᠶᠢᠨ ᠬᠦᠮᠦᠨ ᠤ ᠰᠠᠠᠰᠠᠷ ᠤᠭᠲᠠᠷᠭᠤᠢ ᠶᠢ ᠬᠠᠶᠢᠨ ᠰᠦᠪᠡᠭᠴᠢᠯᠡᠬᠦ ᠠᠬᠢᠴᠠ ᠶᠢ | ᠨᠡᠩ ᠯᠠᠪᠲᠠᠭᠤᠨ ᠨᠡᠩ ᠠᠯᠤᠰ ᠬᠡᠳᠦ ᠶᠢᠨ ᠪᠤᠯᠭᠠᠵᠤ᠂ ᠰᠠᠠᠰᠠᠷ ᠤᠨ ᠠᠶᠠᠯᠠᠯ ᠤᠨ ᠬᠦᠴᠦᠷᠭᠡᠭ ᠤᠯᠤᠰ ᠢ ᠪᠦᠲᠦᠭᠡᠨ | ᠪᠠᠶᠢᠭᠤᠯᠬᠤ ᠠᠭᠤᠤ ᠶᠡᠭᠡ ᠬᠦᠰᠡᠯ ᠵᠡᠭᠦᠲᠦ ᠶᠢ ᠡᠷᠳᠡᠭᠡᠨ ᠪᠡᠶᠡᠯᠡᠭᠦᠯᠬᠦ ᠪᠠᠷ ᠴᠢᠷᠮᠠᠶᠢᠬᠤ ᠬᠡᠷᠡᠭᠲᠡᠢ ᠭᠡᠵᠦ | ᠴᠢᠬᠤᠯᠠᠴᠢᠯᠠᠪᠠ᠃ | 1970 ᠤᠨ ᠤ 4 ᠰᠠᠷ᠎ᠠ ᠶᠢᠨ 24 ᠤ ᠡᠲᠦᠷ᠂ ᠰᠤᠲᠤᠯᠭᠠᠠ ᠪᠠ ᠲᠤᠷᠰᠢᠯᠲᠠ ᠳᠤ ᠤᠷᠤᠯᠴᠠᠭᠰᠠᠠ ᠤᠯᠠᠠ | ᠬᠦᠮᠦᠰ ᠤᠨ ᠤᠯᠠᠠ ᠵᠢᠯ ᠤᠨ ᠴᠦᠬᠦᠷᠡᠰᠢ ᠦᠭᠡᠢ ᠴᠢᠷᠮᠠᠶᠢᠯᠭ᠎ᠠ ᠪᠠᠷ ᠳᠠᠮᠵᠢᠨ ᠮᠠᠠ ᠤ ᠤᠯᠤᠰ ᠤᠨ ᠠᠩᠬᠠᠲᠠᠭᠴᠢ | ᠲᠡᠯᠡᠭᠡᠢ ᠶᠢᠨ ᠪᠦᠮᠪᠦᠷᠴᠡᠭ ᠤᠨ ᠬᠢᠮᠠᠯ ᠲᠠᠭᠠᠭᠤᠯᠢ ᠤᠲᠤ ᠪᠤᠯᠬᠤ ︽ᠳ᠋ᠦᠩ ᠹᠠᠩ ᠬᠤᠩ ᠨᠢᠭᠡᠲᠦᠭᠡᠷ ᠨᠡᠷᠡᠮᠵᠢᠳᠤ︾ | ᠶᠢ ᠠᠮᠵᠢᠯᠲᠠ ᠲᠠᠢ ᠬᠠᠷᠪᠤᠪᠠ᠃ ︽ᠬᠤᠶᠠᠷ ᠪᠦᠮᠪᠦᠭᠡ ᠨᠢᠭᠡ ᠤᠳᠤ︾ ᠶᠢᠨ ᠢᠨᠵᠧᠨᠧᠷᠢᠩ ᠤᠨ ᠴᠢᠬᠤᠯᠠ | ᠪᠦᠷᠢᠯᠲᠦᠭᠦᠨ ᠪᠤᠯᠤᠭᠰᠠᠠ ᠤ ᠬᠤᠪᠢ ᠳᠤ᠂ ︽ᠳ᠋ᠦᠩ ᠹᠠᠩ ᠬᠤᠩ ᠨᠢᠭᠡᠲᠦᠭᠡᠷ ᠨᠡᠷᠡᠮᠵᠢᠳᠤ︾ ᠲᠠᠭᠠᠭᠤᠯᠢ ᠤᠲᠤ ᠶᠢ | ᠠᠮᠵᠢᠯᠲᠠ ᠲᠠᠢ ᠬᠠᠷᠪᠤᠭᠰᠠᠨ ᠨᠢ ᠲᠤᠮᠲᠠᠲᠤ ᠶᠢᠨ ᠦᠨᠲᠦᠰᠦᠲᠡᠡ ᠤ ᠰᠠᠠᠰᠠᠷ ᠤᠭᠲᠠᠷᠭᠤᠢ ᠶᠢᠨ ᠨᠢᠭᠤᠴᠠ ᠶᠢ ᠬᠠᠶᠢᠨ | ᠰᠦᠪᠡᠭᠴᠢᠯᠡᠬᠦ᠂ ᠰᠠᠠᠰᠠᠷ ᠤᠭᠲᠠᠷᠭᠤᠢ ᠶᠢ ᠨᠠᠶᠢᠷᠠᠮᠲᠠᠯ ᠢᠶᠠᠷ ᠠᠰᠢᠠᠠᠯᠠᠬᠤ᠂ ᠬᠦᠮᠦᠨ ᠲᠦᠷᠦᠯᠬᠢᠲᠠᠠ ᠳᠤ ᠪᠤᠶᠠᠠ | ᠦᠢᠯᠡᠳᠭᠦ ᠬᠦᠰᠢᠭᠡ ᠶᠢ ᠰᠡᠬᠦᠵᠠᠢ᠃ ᠲᠡᠤᠬᠡ ᠪᠠᠨ ᠪᠠᠲᠤ ᠴᠡᠭᠡᠵᠢᠯᠡᠵᠤ ᠵᠤᠷᠢᠭ ᠰᠠᠨᠠᠭ᠎ᠠ ᠶᠢ ᠨᠢ ᠤᠯᠠᠮᠵᠢᠯᠠᠨ | ᠵᠠᠯᠭᠠᠮᠵᠢᠯᠠᠬᠤ ᠶᠢᠨ ᠲᠦᠯᠦᠭᠡ᠂ ᠨᠠᠮ ᠤᠨ ᠲᠦᠪ ᠬᠤᠷᠢᠶᠠᠠ ᠤ ᠵᠦᠪᠰᠢᠶᠡᠷᠡᠯ ᠪᠤᠯᠤᠨ ᠲᠦᠷᠦ ᠶᠢᠨ ᠶᠠᠪᠤᠲᠠᠯ ᠤᠨ | ᠬᠤᠷᠢᠶᠠᠠ ᠤ ᠴᠤᠬᠤᠯᠠᠪᠤᠷᠢ ᠪᠠᠷ 2016 ᠤᠨ ᠠᠴᠠ ᠡᠬᠢᠯᠡᠵᠦ ᠵᠢᠯ ᠪᠦᠷᠢ ᠶᠢᠨ 4 ᠰᠠᠷ᠎ᠠ ᠶᠢᠨ 24 ᠤ ᠡᠲᠦᠷ ᠢ ︽ | ᠲᠤᠮᠲᠠᠲᠤ ᠤᠯᠤᠰ ᠤᠨ ᠰᠠᠠᠰᠠᠷ ᠤᠨ ᠠᠶᠠᠯᠠᠯ ᠤᠨ ᠡᠲᠦᠷ︾ ᠪᠤᠯᠭᠠᠬᠤ ᠪᠠᠷ ᠲᠤᠭᠲᠠᠭᠠᠪᠠ᠃ ᠤᠢᠢᠷ᠎ᠠ ᠳᠤ ᠰᠦᠨ | ᠵᠢᠶᠠ ᠳ᠋ᠦᠩ᠂ ᠸᠠᠩ ᠰᠢ ᠵᠢᠢ᠂ ᠴᠢ ᠹᠠ ᠷᠸᠠ᠂ ᠬᠤ᠋ ᠱᠢ ᠰᠢᠶᠠᠩ᠂ ᠫᠠᠠ ᠡᡁᠸᠤ ᠷᠸᠠ᠂ ᠬᠤ᠋ ᠴᠢ ᠵᠧᠩ᠂ ᠫᠧᠩ | ᠴᠧᠩ ᠷᠦᠩ᠂ ᠵᠠᠩ ᠹᠦ᠋ ᠲᠢᠶᠠᠠ᠂ ᠴᠸᠠ ᠱᠧᠤ ᠴᠦᠨ᠂ ᠬᠠᠠ ᠡᡁᠸᠤ ᠵᠢᠶᠠᠠ᠂ ᠹᠠᠩ ᠰᠢᠨ ᠬᠤ᠋ ᠵᠡᠷᠭᠡ ︽ᠳ᠋ᠦᠩ | ᠹᠠᠩ ᠬᠤᠩ ᠨᠢᠭᠡᠲᠦᠭᠡᠷ ᠨᠡᠷᠡᠮᠵᠢᠳᠤ︾ ᠶᠢᠨ ᠡᠬᠦᠷᠭᠡ ᠳᠤ ᠤᠷᠤᠯᠴᠠᠭᠰᠠᠨ 11 ᠠᠬᠠᠮᠠᠳ ᠰᠢᠨᠵᠢᠯᠡᠬᠦ ᠤᠬᠠᠭᠠᠨᠳᠠᠨ | ᠶᠡᠷᠦᠩᠭᠡᠢ ᠱᠦᠵᠢ ᠰᠢ ᠶᠢᠨ ᠫᠢᠩ ᠳᠤ ᠵᠠᠬᠢᠲᠠᠯ ᠪᠢᠴᠢᠵᠦ᠂ ᠲᠤᠮᠲᠠᠲᠤ ᠤᠯᠤᠰ ᠤᠨ ᠰᠠᠠᠰᠠᠷ ᠤᠨ ᠠᠶᠠᠯᠠᠯ ᠤᠨ | ᠦᠢᠯᠡᠰ ᠤᠨ ᠬᠦᠭᠵᠢᠯᠲᠠ ᠶᠢᠨ ᠭᠡᠷᠡᠯ ᠰᠠᠴᠤᠷᠡᠩᠭᠤᠢ ᠲᠡᠤᠬᠡᠡ ᠶᠠᠪᠤᠴᠠ ᠶᠢ ᠡᠷᠬᠢᠴᠡᠭᠦᠯᠤᠨ᠂ ᠲᠤᠮᠲᠠᠲᠤ ᠶᠢᠨ | ᠵᠡᠭᠦᠲᠦ᠂ ᠰᠠᠠᠰᠠᠷ ᠤᠨ ᠠᠶᠠᠯᠠᠯ ᠤᠨ ᠵᠡᠭᠦᠲᠦ ᠶᠢ ᠲᠡᠷᠭᠡᠯᠰᠢᠭᠦᠯᠬᠦ ᠳᠤ ᠪᠠᠲᠤ ᠢᠳᠡᠭᠡᠯ ᠲᠠᠢ ᠪᠠᠶᠢᠬᠤ ᠪᠠᠨ | ᠢᠯᠡᠷᠬᠡᠶᠢᠯᠡᠭᠰᠡᠨ ᠪᠠᠶᠢᠨ᠎ᠠ᠃ |