ᠠᠵᠣ ᠠᠬᠤᠢ ᠶᠢᠨ ᠲᠠᠷᠢᠮᠠᠯ — ᠮᠠᠯᠴᠢᠨ ᠲᠠᠷᠢᠶᠠᠴᠢᠳ ᠤᠨ ᠣᠷᠣᠯᠭ᠎ᠠ ᠶᠢᠨ ᠰᠢᠨ᠎ᠡ ᠨᠡᠮᠡᠭᠳᠡᠯ
ᠨᠡᠶᠢᠲᠡᠯᠡᠭᠰᠡᠨ ᠴᠠᠭ᠄
2020-04-07
     ᠮᠠᠨ ᠤ ᠬᠤᠰᠢᠭᠤᠨ ᠤ ᠮᠠᠯᠴᠢᠨ ᠲᠠᠷᠢᠶᠠᠴᠢᠳ ᠲᠠᠷᠢᠮᠠᠯ ᠤᠨ ᠪᠦᠳᠣᠴᠡ ᠳᠡᠭᠡᠨ ᠳᠣᠬᠢᠷᠠᠭᠤᠯᠣᠯᠲᠠ ᠬᠢᠵᠣ ᠮᠦᠬᠦ᠂ ᠢᠳᠡᠰᠢᠨ ᠨᠣᠭᠤᠭ᠎ᠠ ᠵᠡᠷᠭᠡ ᠠᠵᠣ ᠠᠬᠤᠢ ᠶᠢᠨ ᠲᠠᠷᠢᠮᠠᠯ ᠢ ᠰᠢᠡᠵᠢᠯᠡᠬᠦ ᠣᠬᠠᠭᠠᠠᠴᠢ ᠪᠠᠷ ᠲᠠᠷᠢᠵᠥ ᠣᠷᠣᠯᠭ᠎ᠠ ᠪᠠᠨ ᠨᠠᠮᠡᠭᠳᠡᠭᠦᠯᠬᠦ ᠠᠷᠭ᠎ᠠ ᠵᠠᠮ ᠢ ᠰᠦᠪᠡᠭᠴᠢᠯᠡᠭᠡᠳ ᠪᠣᠳᠠᠳᠣ ᠥᠷ᠎ᠡ ᠪᠥᠳᠥᠮᠵᠢ ᠣᠯᠵᠣ᠂ ᠠᠵᠣ ᠠᠬᠤᠢ ᠶᠢᠨ ᠲᠠᠷᠢᠮᠠᠯ ᠨᠢ ᠮᠠᠯᠴᠢᠨ ᠲᠠᠷᠢᠶᠠᠴᠢᠳ ᠤᠨ ᠣᠷᠣᠯᠭ᠎ᠠ ᠶᠢᠨ ᠰᠢᠨ᠎ᠡ ᠨᠡᠮᠡᠭᠳᠡᠯ ᠪᠣᠯᠣᠭᠰᠠᠠ ᠪᠠᠶᠢᠨ᠎ᠠ᠃
     ᠪᠢᠳᠠ ᠲᠥᠷᠥᠭᠦᠬᠡᠡ ᠭᠠᠯᠠᠭᠤᠲᠤ ᠪᠠᠯᠭᠠᠰᠤᠨ ᠤ ᠰᠠᠰᠠ ᠶᠢᠨ ᠴᠠᠶᠢᠳᠠᠮ ᠲᠤᠰᠬᠤᠨ ᠤ ᠲᠠᠷᠢᠶᠠᠴᠢᠨ ᠮᠧᠩ ᠽᠢ ᠲᠦᠸᠧ ᠶᠢᠨ ᠮᠦᠬᠦ ᠶᠢᠨ ᠬᠦᠯᠡᠮᠵᠢᠨ ᠳᠤ ᠬᠥᠷᠥᠭᠰᠡᠡ ᠪᠢᠯᠠ᠃ ᠡᠳᠡᠨ ᠤ ᠬᠢᠨ ᠤᠤᠯ ᠳᠠᠭᠠᠨ ᠬᠦᠯᠡᠮᠵᠢᠨ ᠳᠡᠭᠡᠨ ᠢᠳᠡᠰᠢᠨ ᠨᠤᠭᠤᠭ᠎ᠠ ᠲᠠᠷᠢᠵᠤ ᠪᠠᠶᠢᠭᠰᠠᠨ ᠠᠴᠠ ᠪᠠᠨ ᠲᠠᠷᠢᠮᠠᠯ ᠤᠨ ᠪᠦᠲᠦᠴᠡ ᠳᠡᠭᠡᠨ ᠲᠤᠬᠢᠷᠠᠭᠤᠯᠤᠯᠲᠠ ᠬᠢᠭᠡᠳ ᠨᠢᠳᠤᠨᠤᠨ ᠠᠴᠠ ᠮᠦᠬᠦ ᠲᠠᠷᠢᠵᠤ ᠡᠬᠢᠯᠡᠭᠰᠡᠨ ᠪᠠᠶᠢᠨ᠎ᠠ᠃      ᠲᠠᠷᠢᠶᠠᠴᠢᠨ ᠮᠧᠩ ᠽᠢ ᠲᠦᠸᠧ ᠶᠢᠨ ᠬᠢᠨ 2015 ᠣᠨ ᠳᠤ 2 ᠮᠦ ᠭᠠᠵᠠᠷ ᠤᠨ ᠳᠣᠯᠠᠭᠠᠨ ᠬᠦᠯᠡᠮᠵᠢ ᠪᠠᠶᠢᠭᠤᠯᠵᠣ ᠳᠥᠷᠪᠡᠨ ᠵᠢᠯ ᠨᠣᠭᠤᠭ᠎ᠠ ᠲᠠᠷᠢᠵᠣ ᠬᠦᠣ ᠶᠢᠨ ᠢᠶᠠᠨ ᠬᠤᠰᠢᠭᠤᠨ ᠲᠥᠪ ᠳᠡᠭᠡᠷ᠎ᠡ ᠡᠷᠬᠢᠯᠠᠵᠣ ᠪᠠᠶᠢᠭ᠎ᠠ ᠢᠳᠡᠰᠢᠨ ᠨᠣᠭᠤᠭ᠎ᠠ ᠪᠦᠬᠡᠮᠯᠠᠨ ᠬᠤᠳᠠᠯᠳᠣᠬᠤ ᠳᠡᠯᠭᠡᠭᠦᠷ ᠲᠤ ᠪᠣᠷᠣᠯᠠᠭᠤᠯᠣᠨ ᠬᠤᠳᠠᠯᠳᠣᠭᠠᠳ ᠠᠰᠢᠭ ᠣᠷᠣᠯᠭ᠎ᠠ ᠪᠠᠷ ᠨᠠᠯᠢᠶᠠᠳ ᠰᠠᠶᠢᠨ ᠪᠠᠶᠢᠵᠡᠢ᠃ ᠬᠡᠪᠡᠴᠣ ᠢᠳᠡᠰᠢᠨ ᠨᠣᠭᠤᠭ᠎ᠠ ᠳᠠᠷᠢᠬᠤ ᠨᠢ ᠬᠦᠳᠡᠯᠮᠣᠷᠢ ᠬᠦᠴᠦ ᠶᠡᠭᠡ ᠵᠠᠷᠤᠴᠠᠭᠤᠯᠬᠤ ᠶᠢᠨ ᠬᠠᠮᠲᠣ ᠨᠣᠭᠤᠭᠠᠨ ᠤ ᠰᠦᠢᠳᠣᠯ ᠠᠷᠪᠢᠨ ᠪᠠᠶᠢᠳᠠᠭ ᠠᠴᠠ ᠪᠣᠯᠵᠤ ᠨᠢᠳᠣᠨᠣᠨ ᠠᠴᠠ ᠡᠬᠢᠯᠡᠵᠣ ᠳᠠᠷᠢᠮᠠᠯ ᠤᠨ ᠪᠦᠳᠣᠴᠡ ᠳᠡᠭᠡᠨ ᠳᠣᠬᠢᠷᠠᠭᠤᠯᠣᠯᠲᠠ ᠬᠢᠵᠣ᠂ ᠮᠦᠬᠦ ᠳᠠᠷᠢᠵᠥ ᠡᠬᠢᠯᠡᠭᠰᠡᠡ ᠪᠠᠶᠢᠨ᠎ᠠ᠂ ᠮᠥᠬᠦ ᠲᠠᠷᠢᠬᠤ ᠲᠣᠮᠳᠠ ᠲᠡᠷᠡ ᠮᠥᠬᠦ ᠲᠠᠷᠢᠵᠣ ᠠᠷᠠᠴᠢᠯᠠᠬᠤ ᠮᠡᠷᠭᠡᠵᠢᠯ ᠢ ᠰᠠᠶᠢᠳᠣᠷ ᠡᠵᠡᠮᠰᠢᠵᠥ᠂ ᠨᠠᠷᠢᠯᠢᠬ ᠠᠷᠠᠴᠢᠯᠠᠭᠰᠠᠠ ᠢᠶᠠᠷ ᠣᠳᠣ ᠳᠡᠬᠦᠨ ᠤ ᠮᠦᠬᠦ ᠶᠢᠨ ᠬᠦᠯᠡᠮᠵᠢ ᠠᠴᠠ ᠡᠳᠣᠷ ᠲᠤ ᠳᠣᠮᠳᠠᠴᠢᠯᠠᠭᠠᠳ 300 ᠭᠠᠷᠣᠢ ᠵᠢᠩ ᠮᠦᠭᠦ ᠳᠡᠭᠦᠵᠣ ᠵᠠᠬ᠎ᠠ ᠳᠡᠯᠭᠡᠬᠦᠷ ᠤᠨ ᠦᠨ᠎ᠡ ᠪᠠᠷ ᠪᠡᠷᠤᠭ 1000 ᠭᠠᠷᠣᠢ ᠳᠦᠬᠦᠷᠢᠭ ᠬᠤᠳᠠᠯᠳᠣᠨ ᠵᠢᠯ ᠳᠤ ᠪᠠᠷᠤᠭ 20 ᠭᠠᠷᠣᠢ ᠲᠦᠮᠡᠨ ᠳᠦᠬᠦᠷᠢᠭ ᠤᠨ ᠴᠡᠪᠡᠷ ᠣᠷᠣᠯᠭ᠎ᠠ ᠣᠯᠵᠣ᠂ ᠣᠣᠯ ᠤᠨ ᠢᠳᠡᠰᠢᠨ ᠨᠣᠭᠤᠭ᠎ᠠ ᠳᠠᠷᠢᠬᠤ ᠶᠢ ᠪᠣᠳᠣᠪᠠᠯ ᠬᠦᠳᠡᠯᠮᠣᠷᠢ ᠭᠦᠴᠣ ᠳᠤ ᠠᠷᠪᠢᠳᠡᠢ ᠮᠦᠷᠳᠡᠬᠡᠨ ᠣᠷᠣᠯᠭ᠎ᠠ ᠨᠢ ᠴᠤ ᠢᠯᠡᠭᠦᠣ ᠪᠣᠯᠣᠭᠰᠠᠠ ᠪᠠᠶᠢᠨ᠎ᠠ᠃ ᠲᠠᠷᠡ ᠪᠠᠰᠠ ᠪᠣᠷᠴᠠᠭ ᠰᠣᠶᠣᠭᠠᠯᠠᠭᠤᠯᠬᠤ ᠦᠷᠣᠭᠡ ᠭᠠᠷᠭᠠᠨ ᠴᠣᠯ ᠪᠠᠶᠢᠭᠠᠯᠢᠯᠢᠭ ᠪᠣᠷᠴᠠᠭ ᠤᠨ ᠰᠣᠶᠤᠭ᠎ᠠ ᠰᠣᠶᠣᠭᠠᠯᠠᠭᠤᠯᠵᠣ ᠣᠷᠣᠯᠭ᠎ᠠ ᠪᠠᠨ ᠢᠯᠡᠭᠦᠣ ᠨᠢᠭᠡ ᠬᠤᠪᠢ ᠨᠡᠮᠡᠭᠳᠡᠭᠦᠯᠵᠥ ᠪᠣᠢ᠃ ᠲᠠᠷᠡ ᠰᠣᠷᠪᠣᠯᠵᠢᠯᠠᠭᠴᠢ ᠳᠤ ᠬᠡᠯᠡᠬᠦ ᠳᠡᠭᠡᠨ᠄ ︽ᠳᠠᠷᠠᠭᠠᠴᠢ ᠶᠢᠨ ᠠᠯᠬᠤᠮ ᠳᠤ ᠳᠣᠭᠤᠷᠢᠨ ᠵᠣᠭᠠᠴᠠᠭᠰᠠᠳ ᠤᠨ ᠦᠪᠡᠷ ᠲᠡᠭᠡᠨ ᠰᠢᠨ᠎ᠡ ᠰᠣᠷᠭᠤᠭ ᠮᠦᠬᠦ ᠳᠡᠭᠦᠭᠦ ᠪᠣᠷᠣᠯᠠᠭᠤᠯᠣᠯᠲᠡ ᠶᠢᠨ ᠠᠷᠭ᠎ᠠ ᠪᠠᠷ ᠣᠷᠣᠯᠭ᠎ᠠ ᠪᠠᠨ ᠨᠡᠮᠡᠭᠳᠡᠭᠦᠯᠣᠨ᠎ᠡ︾ ᠭᠡᠵᠣ ᠪᠠᠶᠢᠯ᠎ᠠ᠃
     ᠭᠠᠯᠠᠭᠤᠳᠣ ᠪᠠᠯᠭᠠᠰᠣᠨ ᠤ ᠰᠡᠪᠬᠦᠯ ᠭᠠᠴᠠᠭᠠᠨ ᠤ ᠮᠠᠯᠴᠢᠨ ᠰᠡᠴᠡᠨᠳᠣᠶᠠᠭ᠎ᠠ ᠶᠢᠨ ᠬᠢᠨ 60 ᠮᠦ ᠶᠢᠨ ᠪᠣᠭᠤᠳᠠᠢ ᠲᠠᠷᠢᠬᠤ ᠶᠢᠨ ᠬᠠᠮᠲᠣ ᠠᠵᠣ ᠠᠬᠤᠢ ᠶᠢᠨ ᠣᠷᠣᠯᠭ᠎ᠠ ᠪᠠᠨ ᠨᠡᠮᠡᠭᠳᠡᠭᠦᠯᠭᠦ ᠶᠢᠨ ᠳᠦᠯᠣᠭᠡ 2018 ᠣᠨ ᠳᠤ 3 ᠮᠦ ᠭᠠᠵᠠᠷ ᠤᠨ ᠳᠣᠯᠠᠭᠠᠨ ᠬᠦᠯᠡᠮᠵᠢ ᠪᠠᠶᠢᠭᠤᠯᠣᠨ ᠡᠪᠣᠯ ᠤᠨ ᠣᠯᠠᠷᠢᠯ ᠳᠤ ᠢᠳᠡᠰᠢᠨ ᠨᠣᠭᠤᠭ᠎ᠠ᠂ ᠬᠠᠪᠣᠷ ᠤᠨ ᠣᠯᠠᠷᠢᠯ ᠳᠤ ᠠᠮᠲᠠᠲᠣ ᠬᠡᠮᠬᠡ ᠵᠡᠷᠭᠡ ᠶᠢ ᠰᠢᠡᠵᠢᠯᠡᠬᠦ ᠣᠬᠠᠭᠠᠠᠴᠢ ᠪᠠᠷ ᠣᠯᠡᠷᠢᠭᠤᠯᠣᠨ ᠲᠠᠷᠢᠵᠣ ᠬᠤᠰᠢᠭᠤᠨ ᠲᠥᠪ ᠳᠡᠭᠡᠷ᠎ᠡ ᠨᠣᠳᠤᠭ ᠤᠨ ᠭᠠᠷᠣᠯᠲᠠ ᠶᠢᠨ ᠳᠡᠯᠭᠡᠭᠦᠷ ᠨᠡᠭᠡᠭᠡᠵᠣ ᠪᠣᠷᠣᠯᠠᠭᠤᠯᠣᠭᠠᠳ ᠵᠢᠯ ᠪᠣᠯᠭᠠᠨ ᠬᠦᠯᠡᠮᠵᠢ ᠪᠦᠷᠢ ᠠᠴᠠ ᠳᠥᠮᠡ ᠭᠠᠷᠣᠢ ᠳᠦᠭᠦᠷᠢᠭ ᠤᠨ ᠴᠡᠪᠡᠷ ᠣᠷᠣᠯᠭ᠎ᠠ ᠣᠯᠵᠣ᠂ 2019 ᠣᠨ ᠤ ᠡᠪᠣᠯ ᠪᠠᠰᠠ ᠳᠥᠷᠪᠡᠨ ᠳᠣᠯᠠᠭᠠᠨ ᠬᠦᠯᠡᠮᠵᠢ ᠨᠠᠮᠠᠵᠣ ᠪᠠᠶᠢᠭᠤᠯᠣᠨ ᠳᠠᠷᠢᠭᠰᠠᠨ ᠪᠠᠶᠢᠨ᠎ᠠ᠃
     ᠮᠠᠯᠴᠢᠨ ᠰᠡᠴᠡᠨᠲᠤᠶᠠᠭ᠎ᠠ ᠭᠡᠯᠡᠬᠦ ᠳᠡᠭᠡᠨ᠄ ︽ᠮᠠᠨ ᠤ ᠡᠨᠡ ᠨᠤᠭᠤᠭᠠᠨ ᠬᠦᠯᠡᠮᠵᠢ ᠳᠡᠭᠡᠨ ᠶᠠᠮᠠᠷ ᠴᠤ ᠬᠢᠮᠢ ᠶᠢᠨ ᠪᠤᠷᠳᠤᠭᠤᠷ ᠬᠢᠵᠦ ᠪᠠᠶᠢᠬᠤ ᠦᠬᠡᠢ᠃ ᠬᠤᠨᠢᠨ ᠤ ᠰᠢᠭᠡᠭ ᠣᠷᠣᠭᠤᠯᠣᠠ ᠲᠠᠷᠢᠵᠤ᠂ ᠰᠢᠡᠵᠢᠯᠡᠬᠦ ᠣᠬᠠᠭᠠᠠᠴᠢ ᠪᠠᠷ ᠠᠷᠠᠴᠢᠯᠠᠭᠰᠠᠠ ᠢᠶᠠᠷ ᠣᠷᠭᠤᠯᠳᠠ ᠶᠡᠭᠡ ᠰᠠᠶᠢᠨ ᠪᠠᠶᠢᠵᠣ᠂ ᠨᠠᠪᠴᠢ ᠨᠣᠭᠤᠭ᠎ᠠ ᠨᠢ ᠪᠣᠬᠢᠷᠳᠣᠯ ᠪᠠᠶᠢᠬᠤ ᠥᠭᠡᠢ᠃ ᠲᠡᠭᠡᠭᠡᠳ ᠦᠪᠡᠷ ᠢᠶᠠᠨ ᠪᠠᠰᠠ ᠴᠡᠪᠡᠷ ᠨᠤᠭᠤᠭ᠎ᠠ ᠢᠳᠡᠴᠢᠬᠡᠨ᠎ᠡ᠃ ᠮᠢᠨᠥ ᠲᠠᠷᠢᠭᠰᠠᠠ ᠨᠠᠪᠴᠢ ᠨᠣᠭᠤᠭ᠎ᠠ ᠪᠣᠬᠢᠷᠳᠣᠯ ᠥᠭᠡᠢ ᠪᠣᠯᠬᠤᠷ ᠬᠥᠮᠥᠰ ᠶᠡᠭᠡ ᠪᠠᠷ ᠬᠤᠳᠠᠯᠳᠣᠠ ᠠᠪᠴᠥ᠂ ᠪᠣᠷᠣᠯᠠᠭᠤᠯᠭ᠎ᠠ ᠶᠡᠭᠡ ᠰᠠᠶᠢᠨ ᠪᠠᠶᠢᠵᠥ᠂ ᠣᠷᠣᠯᠭ᠎ᠠ ᠪᠠᠨ ᠵᠣᠬᠢᠬᠤ ᠬᠡᠮᠵᠢᠶ᠎ᠡ ᠪᠠᠷ ᠨᠡᠮᠡᠭᠳᠡᠭᠦᠯᠥᠯ᠎ᠡ︾ ᠭᠡᠵᠥ ᠪᠠᠶᠢᠯ᠎ᠠ᠃      ᠣᠶᠢᠯᠠᠭᠠᠭᠰᠠᠨ ᠢᠶᠠᠷ᠂ ᠣᠳᠣᠬᠠᠠ ᠳᠤ ᠦᠣᠰᠢᠨ ᠬᠤᠰᠢᠭᠤᠨ ᠤ ᠲᠠᠷᠢᠮᠠᠯ ᠤᠨ ᠲᠠᠯᠠᠪᠠᠢ 72 ᠳᠦᠮᠡᠨ ᠮᠦ ᠳᠤ ᠬᠦᠷᠴᠣ᠂ ᠡᠭᠦᠨ ᠳᠤ ᠡᠷᠳᠡᠨᠢ ᠰᠢᠰᠢ᠂ ᠳᠦᠮᠣᠰᠣ᠂ ᠳᠣᠳᠣᠷᠭ᠎ᠠ᠂ ᠪᠣᠭᠤᠳᠠᠢ ᠵᠡᠷᠭᠡ ᠠᠮᠦ ᠪᠣᠳᠠᠭᠠᠨ ᠤ ᠲᠦᠷᠣᠯ ᠨᠢ 56 ᠲᠦᠮᠡ ᠭᠠᠷᠣᠢ ᠮᠦ ᠳᠤ ᠬᠦᠷᠴᠣ᠂ ᠮᠠᠯᠴᠢᠨ ᠲᠠᠷᠢᠶᠠᠴᠢᠳ ᠤᠨ ᠲᠠᠷᠢᠮᠠᠯ ᠤᠨ ᠪᠦᠳᠣᠴᠡ ᠳᠡᠭᠡᠨ ᠳᠣᠬᠢᠷᠠᠭᠤᠯᠣᠯᠲᠠ ᠬᠢᠵᠣ᠂ ᠰᠢᠡᠵᠢᠯᠡᠬᠦ ᠣᠬᠠᠭᠠᠠ ᠮᠡᠷᠭᠡᠵᠢᠯ ᠳᠤ ᠲᠥᠰᠢᠭᠯᠡᠡ ᠲᠠᠷᠢᠭᠰᠠᠨ ᠭᠤᠸᠠ ᠵᠢᠮᠢᠰ᠂ ᠢᠳᠡᠰᠢᠨ ᠨᠣᠭᠤᠭ᠎ᠠ᠂ ᠬᠢᠳᠡᠳ ᠡᠮ ᠵᠡᠷᠭᠡ ᠠᠵᠣ ᠠᠬᠤᠢ ᠶᠢᠨ ᠲᠠᠷᠢᠮᠠᠯ ᠨᠢ 8 ᠳᠦᠮᠡ ᠭᠠᠷᠣᠢ ᠮᠦ ᠳᠤ ᠬᠦᠷᠴᠣ᠂ ᠭᠤᠣᠯᠳᠠᠭᠤ ᠰᠢᠷᠬᠤᠰᠣᠨ ᠪᠠᠯᠭᠠᠰᠣᠨ ᠤ ᠸᠠᠩ ᠶᠣᠣ ᠸᠠᠨ ᠳᠣᠰᠬᠤᠨ ᠤ ᠳᠦᠭᠦᠷᠴᠢᠯᠡᠭᠰᠠᠨ ᠢᠳᠡᠰᠢᠨ ᠨᠣᠭᠤᠭᠠᠨ ᠤ ᠰᠠᠭᠤᠷᠢᠨ ᠭᠠᠵᠠᠷ ᠢᠶᠠᠷ ᠭᠤᠣᠯ ᠪᠣᠯᠭᠠᠵᠣ᠂ ᠭᠠᠯᠠᠭᠤᠳᠣ᠂ ᠣᠯᠠᠭᠠᠨᠳᠣᠯᠣᠭᠠᠢ᠂ ᠰᠦᠯᠳᠡ ᠵᠡᠷᠭᠡ ᠰᠣᠮᠣ ᠪᠠᠯᠭᠠᠰᠣ ᠪᠠᠷ ᠲᠠᠷᠬᠠᠨ᠂ ᠲᠠᠷᠢᠮᠠᠯ ᠤᠨ ᠳᠠᠯᠠᠪᠠᠢ ᠪᠣᠯᠣᠨ ᠲᠦᠷᠣᠯ ᠵᠦᠢᠯ ᠨᠢ ᠵᠢᠯ ᠠᠴᠠ ᠵᠢᠯ ᠨᠡᠮᠡᠭᠳᠡᠨ ᠮᠠᠯᠴᠢᠨ ᠲᠠᠷᠢᠶᠠᠴᠢᠳ ᠤᠨ ᠣᠷᠣᠯᠭ᠎ᠠ ᠶᠢ ᠢᠯᠡᠳᠳᠡ ᠨᠡᠮᠡᠭᠳᠡᠭᠦᠯᠵᠦ ᠪᠠᠶᠢᠨ᠎ᠠ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号