ᠤᠯᠤᠰ ᠤᠨ ᠲᠡᠷᠢᠬᠦᠯᠡᠭᠴᠢ ᠰᠢ ᠶᠢᠨ ᠫᠢᠩ 5 ᠰᠠᠷ᠎ᠠ ᠶᠢᠨ 8 ᠤ ᠤᠷᠤᠢ ᠤᠷᠤᠰ ᠤᠨ ᠶᠡᠷᠦᠩᠭᠡᠶᠢᠯᠡᠭᠴᠢ | ᠫᠦᠲ᠋ᠢᠨ ᠲᠠᠢ ᠤᠳᠠᠰᠤ ᠪᠠᠷ ᠶᠠᠷᠢᠯᠴᠠᠪᠠ᠃ | ᠰᠢ ᠶᠢᠨ ᠫᠢᠩ ᠳᠤᠮᠳᠠᠳᠤ ᠤᠯᠤᠰ ᠤᠨ ᠵᠠᠰᠠᠭ ᠤᠨ ᠤᠷᠳᠤᠨ ᠪᠠ ᠳᠤᠮᠳᠠᠳᠤ ᠤᠯᠤᠰ ᠤᠨ ᠠᠷᠠᠳ ᠲᠦᠮᠡᠨ ᠤ | ᠡᠮᠦᠨ᠎ᠠ ᠠᠴᠠ 5 ᠰᠠᠷ᠎ᠠ ᠶᠢᠨ 9 ᠤ ᠡᠳᠦᠷ ᠤᠨ ᠵᠦᠪᠯᠡᠯᠳᠦ ᠬᠤᠯᠪᠤᠭᠠᠳᠦ ᠤᠯᠤᠰ ᠤᠨ ᠤᠯᠤᠰ ᠢᠶᠠᠨ ᠬᠠᠮᠠᠭᠠᠯᠠᠬᠤ | ᠲᠠᠶᠢᠨ ᠤ ᠢᠯᠠᠯᠳᠠ ᠤᠯᠤᠬᠰᠠᠨ 75 ᠵᠢᠯ ᠤᠨ ᠤᠢ ᠳᠤ ᠵᠤᠷᠢᠭᠤᠯᠤᠨ ᠫᠦᠲ᠋ᠢᠨ ᠪᠤᠯᠤᠨ ᠤᠷᠤᠰ ᠤᠨ ᠠᠷᠠᠳ | ᠲᠦᠮᠡᠨ ᠳᠤ ᠪᠠᠶᠠᠷ ᠤᠨ ᠡᠳᠦᠷ ᠤᠨ ᠬᠠᠯᠠᠭᠤᠨ ᠮᠡᠨᠳᠦᠴᠢᠯᠡᠯ ᠬᠦᠷᠭᠡᠪᠡ᠃ ᠰᠢ ᠶᠢᠨ ᠫᠢᠩ᠂ ᠳᠡᠯᠡᠭᠡᠢ ᠶᠢᠨ | ᠬᠤᠶᠠᠳᠤᠭᠠᠷ ᠶᠡᠭᠡ ᠲᠠᠶᠢᠨ ᠪᠤᠯ ᠬᠦᠮᠦᠨ ᠲᠦᠷᠦᠯᠬᠢᠳᠡᠨ ᠤ ᠲᠡᠦᠭᠡᠨ ᠳᠡᠭᠡᠷᠡᠬᠢ ᠤᠷᠢᠳ ᠡᠮᠦᠨ᠎ᠠ ᠪᠠᠶᠢᠭ᠎ᠠ ᠦᠭᠡᠢ | ᠶᠡᠭᠡ ᠭᠠᠮᠰᠢᠬ ᠮᠦᠨ᠃ ᠳᠤᠮᠳᠠᠳᠤ ᠤᠷᠤᠰ ᠨᠢ ᠠᠽᠢᠶ᠎ᠠ ᠲᠢᠪ ᠪᠠ ᠡᠸᠦ᠋ᠷᠦᠫᠠ ᠲᠢᠪ ᠤᠨ ᠭᠤᠤᠯ ᠲᠠᠶᠢᠨ ᠤ | ᠲᠠᠯᠠᠪᠤᠷ ᠪᠤᠯᠤᠭᠰᠠᠨ ᠤ ᠬᠤᠪᠢ ᠳᠤ᠂ ᠯᠤᠳᠤ ᠶᠡᠭᠡ ᠦᠨᠳᠦᠰᠦᠳᠡᠨ ᠤ ᠦᠷᠡᠭᠳᠡᠯ ᠭᠠᠷᠭᠠᠵᠦ᠂ ᠳᠡᠯᠡᠭᠡᠢ ᠶᠢᠨ | ᠬᠤᠶᠠᠳᠤᠭᠠᠷ ᠶᠡᠭᠡ ᠲᠠᠶᠢᠨ ᠤ ᠡᠴᠦᠰ ᠤᠨ ᠢᠯᠠᠯᠳᠠ ᠶᠢ ᠤᠯᠬᠤ᠂ ᠬᠦᠮᠦᠨ ᠲᠦᠷᠦᠯᠬᠢᠳᠡᠨ ᠢ ᠮᠦᠬᠦᠯ ᠠᠴᠠ | ᠠᠪᠤᠷᠠᠬᠤ ᠳᠤ ᠪᠠᠯᠠᠷᠠᠰᠢ ᠦᠭᠡᠢ ᠬᠤᠪᠢ ᠨᠡᠮᠡᠷᠢ ᠦᠵᠡᠬᠦᠯᠵᠡᠢ᠃ ᠡᠨᠡ ᠬᠦ ᠲᠡᠦᠭᠡ ᠶᠢ ᠡᠬᠦᠷᠢᠳᠠ ᠴᠡᠭᠡᠵᠢᠯᠡᠬᠦᠰᠢᠳᠠᠢ | ᠶᠤᠮ᠃ ᠳᠤᠮᠳᠠᠳᠤ ᠤᠷᠤᠰ ᠬᠤᠶᠠᠷ ᠤᠯᠤᠰ ᠤᠨ ᠠᠷᠠᠳ ᠲᠦᠮᠡᠨ ᠮᠦᠷᠦ ᠵᠡᠷᠭᠡᠴᠡᠡ ᠪᠠᠶᠢᠯᠳᠤᠵᠦ᠂ ᠠᠭᠤᠤ ᠶᠡᠭᠡ | ᠨᠦᠬᠦᠷᠯᠡᠯ ᠢ ᠪᠠᠶᠢᠭᠤᠯᠤᠨ᠂ ᠳᠤᠮᠳᠠᠳᠤ ᠤᠷᠤᠰ ᠤᠨ ᠬᠠᠷᠢᠯᠴᠠᠭ᠎ᠠ ᠪᠠ ᠬᠤᠶᠠᠷ ᠤᠯᠤᠰ ᠤᠨ ᠠᠷᠠᠳ ᠲᠦᠮᠡᠨ ᠤ | ᠦᠶ᠎ᠠ ᠤᠯᠠᠷᠢᠬᠰᠠᠨ ᠨᠦᠬᠦᠷᠯᠡᠯ ᠳᠤ ᠰᠢᠷᠬᠢᠰᠢ ᠦᠭᠡᠢ ᠴᠢᠩᠭ᠎ᠠ ᠬᠦᠴᠦᠳᠠᠢ ᠬᠦᠳᠡᠯᠭᠡᠬᠦ ᠬᠦᠴᠦ ᠬᠠᠩᠭᠠᠵᠠᠢ᠃ | ᠳᠡᠯᠡᠭᠡᠢ ᠶᠢᠨ ᠬᠤᠶᠠᠳᠤᠭᠠᠷ ᠶᠡᠭᠡ ᠲᠠᠶᠢᠨ ᠤ ᠭᠤᠤᠯ ᠪᠤᠯᠬᠤ ᠢᠯᠠᠬᠴᠢ ᠤᠯᠤᠰ ᠪᠠ ᠤᠯᠠᠨ ᠤᠯᠤᠰ ᠤᠨ ᠬᠤᠯᠪᠤᠭᠠᠳᠦ | ᠪᠠᠶᠢᠭᠤᠯᠭ᠎ᠠ ᠶᠢᠨ ᠠᠶᠦᠯ ᠦᠭᠡᠢ ᠶᠢᠨ ᠵᠦᠪᠯᠡᠯ ᠤᠨ ᠪᠠᠶᠢᠩᠭᠤ ᠶᠢᠨ ᠭᠡᠷᠡᠭ ᠡᠷᠬᠢᠯᠡᠭᠴᠢ ᠤᠯᠤᠰ ᠪᠤᠯᠤᠭᠰᠠᠨ ᠤ | ᠬᠤᠪᠢ ᠳᠤ᠂ ᠳᠤᠮᠳᠠᠳᠤ ᠤᠷᠤᠰ ᠳᠡᠯᠡᠭᠡᠢ ᠶᠢᠨ ᠡᠩᠭᠡ ᠲᠠᠶᠢᠪᠤᠩ ᠪᠠ ᠠᠮᠤᠷ ᠲᠦᠪᠰᠢᠨ ᠢ ᠬᠠᠮᠠᠭᠠᠯᠠᠬᠤ᠂ ᠬᠦᠮᠦᠨ | ᠲᠦᠷᠦᠯᠬᠢᠳᠡᠨ ᠤ ᠬᠦᠭᠵᠢᠯ ᠲᠠᠪᠰᠢᠯ ᠢ ᠠᠬᠢᠭᠤᠯᠬᠤ ᠤᠨᠴᠠᠭᠠᠢ ᠡᠬᠦᠷᠭᠡ ᠬᠠᠷᠢᠭᠤᠴᠠᠯᠭ᠎ᠠ ᠲᠠᠢ ᠶᠤᠮ᠃ | ᠳᠤᠮᠳᠠᠳᠤ ᠶᠢᠨ ᠲᠠᠯ᠎ᠠ ᠳᠤᠷᠠᠳᠠᠶ᠎ᠠ ᠤᠷᠤᠰ ᠤᠨ ᠲᠠᠯ᠎ᠠ ᠲᠠᠢ ᠬᠠᠮᠳᠦ ᠳᠡᠯᠡᠭᠡᠢ ᠶᠢᠨ ᠬᠤᠶᠠᠳᠤᠭᠠᠷ ᠶᠡᠭᠡ ᠲᠠᠶᠢᠨ ᠤ | ᠢᠯᠠᠯᠳᠠ ᠶᠢᠨ ᠦᠷ᠎ᠠ ᠪᠦᠳᠦᠭᠡᠯ ᠪᠠ ᠤᠯᠠᠨ ᠤᠯᠤᠰ ᠤᠨ ᠡᠷᠭᠡ ᠲᠡᠭᠰᠢ ᠰᠢᠳᠤᠷᠭᠤ ᠶᠤᠰᠤ ᠶᠢ ᠡᠷᠡᠰ ᠬᠠᠮᠠᠭᠠᠯᠠᠵᠦ᠂ | ᠤᠯᠠᠨ ᠲᠠᠯᠠᠳᠦ ᠦᠵᠡᠯ ᠢ ᠳᠡᠮᠵᠢᠨ ᠦᠢᠯᠡᠳᠦᠯᠭᠡᠵᠢᠬᠦᠯᠵᠦ᠂ ᠢᠮᠠᠬᠳᠠ ᠳᠡᠯᠡᠭᠡᠢ ᠶᠢᠨ ᠡᠩᠭᠡ ᠲᠠᠶᠢᠪᠤᠩ ᠤᠨ | ᠪᠦᠳᠦᠭᠡᠨ ᠪᠠᠶᠢᠭᠤᠯᠤᠬᠴᠢ᠂ ᠪᠦᠬᠦ ᠪᠦᠮᠪᠦᠷᠴᠡᠭ ᠤᠨ ᠬᠦᠭᠵᠢᠯᠳᠠ ᠶᠢᠨ ᠬᠤᠪᠢ ᠨᠡᠮᠡᠷᠢ ᠦᠵᠡᠬᠦᠯᠦᠭᠴᠢ᠂ ᠤᠯᠠᠨ | ᠤᠯᠤᠰ ᠤᠨ ᠡᠮᠬᠢ ᠲᠢᠭᠯᠢᠮ ᠤᠨ ᠬᠠᠮᠠᠭᠠᠯᠠᠬᠴᠢ ᠪᠤᠯᠤᠨ᠎ᠠ ᠭᠡᠵᠦ ᠴᠢᠬᠤᠯᠠᠴᠢᠯᠠᠵᠠᠢ᠃ | ᠰᠢ ᠶᠢᠨ ᠫᠢᠩ᠂ ᠤᠳᠤᠬᠠᠨ ᠳᠤ ᠲᠡᠯᠡᠬᠡᠢ ᠨᠡᠶᠢᠬᠡᠮ ᠢᠶᠠᠷ ᠢᠶᠠᠨ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ | ᠬᠢᠵᠢᠭ ᠲᠠᠢ ᠲᠡᠮᠡᠴᠡᠵᠥ ᠪᠠᠶᠢᠨ᠎ᠠ᠃ ᠲᠠᠨ ᠤ ᠵᠢᠯᠤᠭᠤᠳᠤᠯᠭ᠎ᠠ ᠲᠤᠤᠷ᠎ᠡ᠂ ᠤᠷᠤᠰ ᠤᠨ ᠰᠡᠷᠬᠡᠶᠢᠯᠡᠨ ᠡᠵᠡᠮᠳᠡᠬᠦ ᠠᠷᠭ᠎ᠠ | ᠬᠡᠮᠵᠢᠶ᠎ᠡ ᠶᠢᠨ ᠦᠷ᠎ᠡ ᠪᠦᠳᠦᠮᠵᠢ ᠠᠯᠬᠤᠮ ᠠᠯᠬᠤᠮ ᠢᠶᠠᠷ ᠢᠯᠡᠷᠡᠵᠥ ᠪᠠᠶᠢᠨ᠎ᠠ᠂ ᠲᠤᠮᠳᠠᠳᠤ ᠤᠯᠤᠰ | ᠤᠷᠤᠰ ᠤᠨ ᠬᠢᠨ ᠤ ᠡᠴᠤᠰ ᠲᠡᠭᠡᠨ ᠬᠢᠵᠢᠭ ᠢ ᠠᠷᠢᠯᠭᠠᠵᠥ ᠴᠢᠳᠠᠨ᠎ᠠ ᠬᠡᠳᠡᠭ ᠲᠤ ᠢᠳᠡᠬᠡᠯ ᠲᠦᠬᠦᠷᠡᠩ ᠪᠠᠶᠢᠨ᠎ᠠ᠂ | ᠤᠷᠤᠰ ᠲᠤ ᠦᠷᠬᠦᠯᠵᠢᠯᠡᠨ ᠡᠷᠡᠰ ᠢᠶᠠᠷ ᠲᠡᠮᠵᠢᠯᠬᠡ ᠬᠠᠩᠭᠠᠨ᠎ᠠ᠃ ᠲᠡᠯᠡᠬᠡᠢ ᠨᠡᠶᠢᠬᠡᠮ ᠢᠶᠠᠷ ᠢᠶᠠᠨ ᠲᠡᠯᠡᠬᠡᠢ ᠶᠢᠨ | ᠹᠠᠱᠢᠰ ᠢ ᠡᠰᠡᠷᠬᠦᠴᠡᠬᠦ ᠲᠠᠶᠢᠨ ᠤ ᠵᠤᠷᠢᠭ ᠰᠠᠨᠠᠭ᠎ᠠ ᠶᠢ ᠪᠠᠳᠠᠷᠠᠭᠤᠯᠵᠥ᠂ ᠰᠡᠳᠬᠢᠯ ᠨᠢᠬᠡᠳᠤᠨ ᠬᠦᠴᠦ ᠪᠠᠨ | ᠬᠠᠮᠳᠤᠳᠬᠠᠵᠥ᠂ ᠪᠦᠯᠬᠦᠮᠳᠡᠨ ᠬᠠᠪᠰᠤᠷᠤᠯᠴᠠᠵᠥ᠂ ᠬᠦᠮᠥᠨ ᠲᠦᠷᠦᠯᠬᠢᠳᠡᠨ ᠤ ᠬᠤᠪᠢ ᠵᠠᠶᠠᠭᠠᠨ ᠤ ᠬᠠᠮᠳᠤ ᠶᠢᠨ | ᠴᠤᠭᠴᠠ ᠶᠢᠨ ᠤᠢᠢᠯᠠᠭᠠᠬᠳᠠᠬᠤᠨ ᠢ ᠢᠳᠡᠪᠬᠢᠳᠡᠢ ᠦᠢᠯᠡᠳᠦᠯᠬᠡᠵᠢᠬᠦᠯᠵᠥ᠂ ᠭᠠᠷ ᠬᠤᠯᠪᠤᠨ ᠡᠨᠡ ᠤᠳᠠᠭ᠎ᠠ ᠶᠢᠨ ᠡᠯ᠎ᠡ | ᠤᠯᠤᠰ ᠤᠨ ᠠᠷᠠᠳ ᠲᠦᠮᠡᠨ ᠤ ᠠᠮᠢ ᠨᠠᠰᠤᠨ ᠤ ᠠᠮᠤᠷ ᠲᠦᠪᠰᠢᠨ ᠪᠤᠯᠤᠨ ᠪᠡᠶ᠎ᠡ ᠮᠠᠬᠠᠪᠤᠳ ᠤᠨ ᠡᠷᠡᠬᠦᠯ | ᠮᠡᠨᠳᠤ ᠲᠠᠢ ᠬᠤᠯᠪᠤᠭᠳᠠᠬᠤ ᠬᠠᠮᠠᠭᠠᠯᠠᠯᠳᠠ ᠶᠢᠨ ᠲᠠᠶᠢᠯᠠᠯᠳᠤᠭᠠᠨ ᠤ ᠢᠯᠠᠯᠳᠡ ᠶᠢ ᠤᠯᠪᠠᠯ ᠵᠤᠬᠢᠨ᠎ᠠ᠃ ᠲᠤᠮᠳᠠᠳᠤ | ᠤᠷᠤᠰ ᠪᠤᠯᠤᠨ ᠲᠡᠯᠡᠬᠡᠢ ᠨᠡᠶᠢᠬᠡᠮ ᠤᠨ ᠬᠠᠮᠳᠤ ᠶᠢᠨ ᠴᠢᠷᠮᠡᠶᠢᠯᠭ᠎ᠠ ᠪᠠᠷ᠂ ᠪᠢᠳᠡ ᠯᠠᠪᠳᠠᠢ ᠡᠯ᠎ᠡ ᠵᠦᠢᠯ ᠤᠨ ᠸᠢᠷᠦ᠋ᠰ ᠢ | ᠢᠯᠠᠨ ᠲᠠᠪᠠᠵᠥ᠂ ᠡᠨᠡ ᠬᠦ ᠲᠠᠶᠢᠨ ᠤ ᠡᠴᠤᠰ ᠤᠨ ᠢᠯᠠᠯᠳᠠ ᠶᠢ ᠲᠡᠮᠡᠴᠡᠨ ᠤᠯᠬᠤ ᠶᠤᠮ ᠭᠡᠵᠦ ᠵᠢᠭᠠᠵᠦ ᠭᠠᠷᠭᠠᠪᠠ᠃ | ᠫᠦᠲ᠋ᠢᠨ᠂ ᠤᠷᠤᠰ ᠲᠤᠮᠳᠠᠳᠤ ᠬᠤᠶᠠᠷ ᠤᠯᠤᠰ ᠤᠨ ᠠᠷᠠᠳ ᠲᠦᠮᠡᠨ ᠲᠡᠯᠡᠭᠡᠢ ᠶᠢᠨ ᠬᠤᠶᠠᠳᠤᠭᠠᠷ ᠶᠡᠭᠡ | ᠲᠠᠶᠢᠨ ᠤ ᠢᠯᠠᠯᠳᠠ ᠶᠢ ᠤᠯᠬᠤ ᠶᠢᠨ ᠲᠦᠯᠦᠭᠡ ᠯᠤᠳᠤ ᠶᠡᠭᠡ ᠦᠷᠡᠭᠳᠡᠯ ᠭᠠᠷᠭᠠᠪᠠ᠂ ᠵᠦᠪᠯᠡᠯᠳᠤ ᠬᠤᠯᠪᠤᠭᠠᠳᠤ | ᠤᠯᠤᠰ ᠤᠨ ᠤᠯᠤᠰ ᠢᠶᠠᠨ ᠬᠠᠮᠠᠭᠠᠯᠠᠬᠤ ᠲᠠᠶᠢᠨ ᠤ ᠢᠯᠠᠯᠳᠠ ᠤᠯᠤᠬᠰᠡᠨ 75 ᠵᠢᠯ ᠤᠨ ᠤᠢ ᠶᠢ ᠪᠡᠯᠭᠡᠯᠡᠬᠦ ᠲᠡᠤᠭᠡᠳᠤ | ᠴᠢᠨᠠᠷᠳᠠᠢ ᠴᠠᠭ ᠮᠦᠴᠠ ᠳᠤ᠂ ᠤᠷᠤᠰ ᠤᠨ ᠬᠢᠨ ᠲᠤᠷᠠᠳᠠᠶ᠎ᠡ ᠲᠤᠮᠳᠠᠳᠤ ᠶᠢᠨ ᠲᠠᠯ᠎ᠠ ᠲᠠᠢ ᠪᠦᠬᠦ ᠲᠠᠯ᠎ᠡ ᠶᠢᠨ | ᠪᠠᠶᠢᠯᠳᠤᠬᠤ ᠪᠤᠳᠤᠯᠭ᠎ᠠ ᠶᠢᠨ ᠬᠠᠮᠵᠢᠯᠴᠠᠭ᠎ᠠ ᠪᠠᠨ ᠴᠢᠩᠭᠠᠳᠬᠠᠵᠤ᠂ ᠲᠡᠯᠡᠭᠡᠢ ᠶᠢᠨ ᠡᠩᠭᠡ ᠲᠠᠶᠢᠪᠤᠩ ᠢ ᠬᠠᠮᠳᠤ ᠪᠠᠷ | ᠬᠠᠮᠠᠭᠠᠯᠠᠬᠤ ᠰᠢᠢᠳᠮᠡᠭ ᠵᠤᠷᠢᠭ ᠢ ᠢᠯᠡᠷᠡᠬᠦᠯᠵᠤ᠂ ᠶᠠᠮᠠᠷᠪᠡ ᠲᠡᠤᠭᠡ ᠶᠢ ᠦᠭᠡᠷᠡᠳᠦᠬᠦᠯᠵᠤ᠂ ᠲᠡᠤᠭᠡ ᠶᠢ ᠮᠡᠷᠳᠡᠬᠤ | ᠦᠭᠡ ᠶᠠᠷᠢᠶ᠎ᠡ ᠪᠠ ᠦᠢᠯᠡ ᠠᠵᠢᠯᠯᠠᠭ᠎ᠠ ᠶᠢ ᠤᠬᠳᠤ ᠵᠦᠪᠰᠢᠶᠡᠷᠡᠬᠦ ᠦᠭᠡᠢ᠃ ᠲᠤᠮᠳᠠᠳᠤ ᠶᠢᠨ ᠲᠠᠯ᠎ᠡ ᠶᠢᠨ ᠬᠦᠮᠦᠯᠢᠭ | ᠦᠵᠡᠯ ᠤᠨ ᠲᠤᠰᠠᠯᠠᠮᠵᠢ ᠪᠤᠯᠤᠨ ᠡᠮᠴᠢᠯᠡᠭᠡᠨ ᠤ ᠰᠡᠷᠭᠡᠶᠢᠯᠡᠨ ᠬᠠᠮᠠᠭᠠᠯᠠᠬᠤ ᠡᠳ᠋ ᠪᠤᠳᠠᠰ ᠬᠠᠨᠭ᠍ᠭᠠᠬᠰᠡᠨ ᠳᠤ ᠲᠠᠯᠠᠷᠬᠠᠵᠤ | ᠪᠠᠶᠢᠨ᠎ᠡ᠂ ᠤᠷᠤᠰ ᠤᠨ ᠬᠢᠨ ᠲᠤᠷᠠᠳᠠᠶ᠎ᠡ ᠲᠤᠮᠳᠠᠳᠤ ᠤᠯᠤᠰ ᠤᠨ ᠰᠡᠷᠭᠡᠶᠢᠯᠡᠨ ᠡᠵᠡᠮᠳᠡᠬᠦ ᠲᠤᠷᠰᠢᠯᠭ᠎ᠠ ᠶᠢ ᠲᠤᠯᠢᠯᠠᠵᠤ᠂ | ᠸᠡᠺᠼᠢᠨ ᠤ ᠰᠤᠳᠤᠯᠭᠠᠨ ᠤ ᠬᠠᠮᠳᠤᠷᠠᠯᠴᠠᠭ᠎ᠠ ᠦᠷᠨᠢᠬᠦᠯᠤᠨ᠎ᠡ᠃ ᠤᠷᠤᠰ ᠤᠨ ᠬᠢᠨ ᠵᠠᠷᠢᠮ ᠬᠦᠴᠤᠨ ᠵᠦᠢᠯ ᠤᠨ | ᠬᠢᠵᠢᠭ ᠤᠨ ᠪᠠᠶᠢᠳᠠᠯ ᠢ ᠠᠰᠢᠬᠯᠠᠨ ᠲᠤᠮᠳᠠᠳᠤ ᠤᠯᠤᠰ ᠢ ᠪᠤᠷᠤᠭᠤᠰᠢᠶᠠᠬᠤ ᠶᠢ ᠡᠰᠡᠷᠬᠦᠴᠡᠨ᠎ᠡ᠂ ᠲᠤᠮᠳᠠᠳᠤ | ᠤᠯᠤᠰ ᠯᠤᠭ᠎ᠠ ᠡᠷᠡᠰ ᠪᠠᠳᠤ ᠬᠠᠮᠳᠤ ᠵᠤᠬᠰᠤᠨᠡ᠃ ᠤᠷᠤᠰ ᠤᠨ ᠬᠢᠨ ᠲᠤᠷᠠᠳᠠᠶ᠎ᠡ ᠲᠤᠮᠳᠠᠳᠤ ᠤᠯᠤᠰ ᠯᠤᠭ᠎ᠠ ᠠᠯᠳᠠᠨ | ᠲᠤᠭᠤᠰᠬ᠎ᠠ ᠤᠯᠤᠰ ᠤᠳ ᠤᠨ ᠪᠠ ᠱᠠᠩᠬᠠᠢ ᠶᠢᠨ ᠬᠠᠮᠳᠤᠷᠠᠯᠴᠠᠭᠠᠨ ᠤ ᠵᠤᠬᠢᠶᠠᠨ ᠪᠠᠶᠢᠭᠤᠯᠤᠯᠳᠠ ᠵᠡᠷᠭᠡ ᠪᠤᠷᠤ | ᠲᠦᠯᠦᠪ ᠤᠨ ᠲᠤᠤᠷ᠎ᠡ ᠤᠯᠤᠯᠴᠠᠭ᠎ᠠ ᠬᠠᠮᠳᠤᠷᠠᠯᠴᠠᠭ᠎ᠠ ᠪᠠᠨ ᠴᠢᠩᠭᠠᠳᠬᠠᠨ᠎ᠡ᠃ ᠪᠢ ᠲᠠᠨ ᠲᠠᠢ ᠦᠷᠬᠦᠯᠵᠢᠯᠡᠨ | ᠨᠢᠬᠳᠠ ᠬᠠᠷᠢᠯᠴᠠᠭ᠎ᠠ ᠪᠠᠨ ᠪᠠᠳᠤᠯᠠᠬᠤ ᠶᠢ ᠬᠦᠰᠡᠵᠤ ᠪᠠᠶᠢᠨ᠎ᠡ ᠭᠡᠵᠤ ᠢᠯᠡᠳᠭᠡᠪᠡ᠃ |