ᠪᠢᠴᠢᠬᠠᠨ ᠡᠭᠦᠳᠣᠨ ᠪᠦᠲᠦᠭᠡᠯᠴᠢ ᠪᠦᠬᠡᠪᠠᠶᠠᠷ
ᠨᠡᠶᠢᠲᠡᠯᠡᠭᠰᠡᠨ ᠴᠠᠭ᠄
2020-05-22
     ᠮᠠᠨ ᠤ ᠬᠤᠰᠢᠭᠤᠨ ᠤ ᠮᠣᠩᠭᠤᠯ ᠦᠨᠳᠦᠰᠦᠲᠡᠨ ᠤ ᠲᠤᠷᠰᠢᠯᠲᠠ ᠶᠢᠨ ᠪᠠᠭ᠎ᠠ ᠰᠤᠷᠭᠠᠭᠤᠯᠢ ᠶᠢᠨ ᠲᠠᠪᠤᠳᠤᠭᠠᠷ ᠣᠨ ᠤ ᠰᠤᠷᠤᠭᠴᠢ ᠪᠥᠬᠡᠪᠠᠶᠠᠷ ᠬᠠᠷᠠᠬᠠᠨ ᠪᠠᠭ᠎ᠠ ᠠᠴᠠ ᠪᠠᠨ ᠠᠵᠢᠯ ᠬᠦᠳᠡᠯᠮᠦᠷᠢ ᠳᠤ ᠢᠳᠡᠪᠬᠢᠯᠡᠨ ᠣᠷᠣᠯᠴᠠᠵᠦ ᠠᠮᠢᠳᠣᠷᠠᠯ  ᠬᠦᠳᠡᠯᠮᠦᠷᠢ ᠶᠢᠨ ᠲᠣᠷᠰᠢᠯᠭ᠎ᠠ ᠳᠣᠮᠲᠠ ᠠᠴᠠ ᠣᠶᠢᠯᠡᠳᠪᠣᠷᠢᠯᠡᠯ ᠠᠮᠢᠳᠣᠷᠠᠯ ᠳᠤ ᠬᠡᠷᠡᠭᠴᠡᠭᠡ ᠳᠣᠰᠠᠲᠠᠢ ᠰᠢᠨᠵᠢᠯᠡᠬᠦ ᠣᠬᠠᠭᠠᠨ  ᠤ ᠡᠬᠦᠳᠣᠨ ᠪᠦᠳᠣᠭᠡᠯᠲᠠ ᠬᠢᠭᠡᠳ ᠰᠣᠷᠣᠭᠴᠢᠳ ᠤᠨ ᠳᠣᠮᠳᠠᠬᠢ ︽ᠡᠷᠳᠡᠮᠳᠡᠨ︾ ᠪᠣᠯᠵᠠᠢ᠃      ᠭᠠᠷᠠᠭ ᠤᠨ ᠰᠡᠭᠦᠯᠴᠢ ᠶᠢᠨ ᠠᠮᠠᠷᠠᠯᠲᠠ ᠪᠣᠯᠣᠭᠰᠠᠭᠠᠷ ᠰᠣᠷᠣᠭᠴᠢ ᠪᠦᠬᠡᠪᠠᠶᠠᠷ ᠡᠵᠢ ᠲᠠᠢ ᠪᠠᠨ ᠴᠤᠭ ᠨᠠᠭᠠᠴᠤ ᠡᠪᠦᠭᠡ ᠡᠮᠡᠭᠡ ᠶᠢᠨ ᠳᠤ ᠪᠠᠨ ᠭᠦᠷᠴᠦ ᠳᠡᠳᠡᠨ ᠢ ᠬᠠᠪᠰᠤᠷᠤᠨ ᠦᠬᠡᠷ ᠬᠤᠨᠢ ᠲᠡᠵᠢᠬᠡᠨ ᠭᠡᠷ ᠪᠦᠯᠢ ᠶᠢᠨ ᠠᠵᠢᠯ ᠠᠮᠢᠳᠣᠷᠠᠯ ᠳᠤ ᠨᠢ ᠬᠠᠪᠰᠣᠷᠳᠠᠭ ᠪᠠᠶᠢᠯ᠎ᠠ᠃ ᠨᠠᠭᠠᠴᠣ ᠡᠪᠦᠭᠡ ᠡᠮᠡᠭᠡ ᠨᠢ ᠨᠠᠰᠤ ᠠᠭᠰᠢᠷᠠᠵᠣ ᠬᠤᠨᠢ ᠮᠠᠯ ᠲᠠᠵᠢᠭᠡᠵᠣ ᠣᠰᠣᠯᠠᠬᠤ ᠳᠤ ᠬᠦᠴᠢᠷᠳᠠᠵᠣ ᠪᠠᠶᠢᠭ᠎ᠠ ᠪᠠᠶᠢᠳᠠᠯ ᠳᠤ ᠳᠠᠭᠠᠷᠠᠭᠤᠯᠣᠨ ᠲᠠᠷᠡ ᠰᠡᠷᠡᠯ ᠮᠡᠳᠡᠷᠡᠮᠵᠢ ᠶᠢᠨ ᠤᠬᠠᠭᠠᠨ ᠢ ᠠᠰᠢᠭᠯᠠᠨ ᠤᠯᠠᠨ ᠴᠢᠳᠠᠪᠬᠢᠲᠤ ᠤᠶᠤᠨᠴᠢ ᠮᠠᠯ ᠤᠰᠤᠯᠠᠬᠤ ᠤᠩᠭᠤᠴᠠ ᠶᠢ ᠦᠭᠡᠷᠡᠴᠢᠯᠡᠨ ᠵᠠᠰᠠᠵᠣ ᠣᠭᠰᠠᠷᠠᠨ ᠬᠦᠳᠡᠯᠮᠣᠷᠢ ᠭᠦᠴᠣ ᠪᠤᠯᠤᠨ ᠤᠰᠤ ᠶᠢ ᠠᠷᠪᠢᠯᠠᠨ ᠭᠠᠮᠨᠠᠵᠣ ᠨᠠᠭᠠᠴᠣ ᠡᠪᠦᠭᠡ ᠡᠮᠡᠭᠡ ᠳᠤ ᠪᠠᠨ ᠳᠣᠶᠢᠯ ᠤᠨ ᠶᠡᠭᠡ ᠳᠣᠰᠠ ᠳᠡᠮ ᠦᠵᠡᠭᠦᠯᠣᠯ᠎ᠡ᠃      ᠪᠦᠬᠡᠪᠠᠶᠠᠷ᠄ ︽ᠲᠤᠰ ᠮᠠᠰᠢᠨ ᠨᠢ ᠬᠤᠨᠢ ᠮᠠᠯ ᠤᠨ ᠢᠷᠡᠭᠰᠡᠨ ᠮᠡᠳᠡᠷᠡᠬᠦ ᠵᠠᠢ ᠶᠢ ᠨᠢ ᠲᠤᠭᠲᠠᠭᠠᠵᠤ ᠪᠤᠯᠤᠨ᠎ᠠ᠃ ᠪᠠᠰᠠ ᠬᠡᠳᠦᠢ ᠤᠷᠲᠤ ᠴᠠᠭ ᠠᠵᠢᠯᠯᠠᠬᠤ ᠶᠢ ᠲᠤᠭᠲᠠᠭᠠᠵᠤ ᠪᠤᠯᠤᠨ᠎ᠠ᠃ ᠡᠨᠡ ᠨᠢ ᠮᠠᠯᠴᠢᠳ ᠤᠨ ᠶᠠᠭᠠᠷᠠᠥ ᠴᠠᠭ ᠲᠤ ᠬᠦᠴᠦ ᠬᠦᠳᠡᠯᠮᠦᠷᠢ ᠶᠢ ᠶᠡᠭᠡ ᠠᠷᠪᠢᠯᠠᠵᠠᠢ︾ ᠬᠡᠪᠡ᠃      ᠪᠦᠬᠡᠪᠠᠶᠠᠷ ᠬᠠᠷᠠᠬᠠᠨ ᠪᠠᠭ᠎ᠠ ᠠᠴᠠ ᠪᠠᠨ ᠵᠤᠷᠢᠭᠲᠠᠢ ᠪᠠᠷ ᠣᠷᠣᠯᠳᠣᠯᠭ᠎ᠠ ᠬᠢᠵᠣ ᠰᠢᠨᠵᠢᠯᠡᠬᠦ ᠣᠬᠠᠭᠠᠨ ᠤ ᠡᠬᠦᠳᠣᠨ ᠪᠦᠳᠣᠭᠡᠯᠲᠠ ᠶᠢ ᠬᠢᠳᠡᠭ᠃ ᠲᠡᠷᠡ ᠠᠷᠡᠳ ᠤᠨ ᠪᠠᠭᠰᠢ ᠪᠣᠯᠣᠭᠰᠠ ᠠᠪᠤ ᠡᠵᠢ ᠪᠣᠯᠣᠨ ᠪᠠᠭᠰᠢ ᠨᠠᠷ ᠤᠨ ᠵᠢᠯᠣᠭᠤᠳᠣᠯᠭ᠎ᠠ ᠪᠠᠷ ᠰᠡᠳᠬᠢᠬᠦ ᠴᠢᠳᠠᠪᠣᠷᠢ ᠨᠢ ᠣᠯᠡᠮ ᠪᠠᠶᠠᠯᠢᠭᠵᠢᠵᠣ ᠤᠷᠢᠳ ᠬᠤᠵᠢᠳ ᠠᠮᠢᠳᠣᠷᠠᠯ ᠣᠶᠢᠯᠡᠳᠪᠣᠷᠢᠯᠡᠯ ᠳᠤ ᠲᠣᠰᠠ ᠳᠦᠭᠦᠮ ᠦᠵᠡᠭᠦᠯᠭᠦ ︽ᠬᠤᠭ ᠱᠦᠭᠦᠷᠳᠡᠬᠦ ᠪᠠᠭᠠᠵᠢ︾᠂ ︽ᠤᠯᠠᠨ ᠴᠢᠳᠠᠪᠬᠢᠲᠤ ᠭᠤᠯᠢᠷ ᠠᠯᠠᠭᠠᠳᠠᠬᠤ ᠠᠯᠠᠭᠠᠳᠠᠭᠤᠷ︾᠂ ︽ᠣᠯᠠᠨ ᠴᠢᠳᠠᠪᠬᠢᠲᠤ ᠠᠮᠲᠠ ᠣᠷᠣᠭᠤᠯᠬᠤ ᠮᠠᠲ᠋ᠧᠷᠢᠶᠠᠯ ᠤᠨ ᠬᠠᠶᠢᠷᠴᠠᠭ︾ ᠵᠡᠷᠭᠡ ᠰᠢᠨᠵᠢᠯᠡᠬᠦ ᠣᠬᠠᠭᠠᠨ ᠤ ᠡᠭᠦᠳᠣᠯᠲᠡ ᠶᠢᠨ ᠪᠦᠳᠣᠭᠡᠯ ᠢ ᠵᠠᠰᠠᠨ ᠭᠠᠷᠭᠠᠭᠰᠠᠨ ᠪᠠᠶᠢᠨ᠎ᠠ᠃      ᠪᠦᠬᠡᠪᠠᠶᠠᠷ ᠤᠨ ᠡᠵᠢ ᠴᠡᠴᠡᠭᠮ᠎ᠠ᠄ ︽ᠮᠢᠨᠦ ᠬᠦᠦ ᠬᠠᠷᠠᠬᠠᠨ ᠪᠠᠭ᠎ᠠ ᠠᠴᠠ ᠪᠠᠨ ᠰᠤᠨᠢᠭᠤᠴᠢ ᠰᠡᠳᠬᠢᠯ ᠲᠠᠢ ᠬᠡᠥᠬᠡᠳ ᠶᠤᠮ᠃ ᠮᠠᠨ ᠤ ᠬᠤᠶᠠᠭᠤᠯᠠ ᠰᠤᠨᠢᠭᠤᠴᠢ ᠲᠠᠯ᠎ᠠ ᠶᠢ ᠨᠢ ᠨᠡᠩ ᠢᠯᠡᠬᠦᠦ ᠬᠦᠭᠵᠢᠬᠦᠯᠬᠦ ᠶᠢᠨ ᠡᠭᠦᠳᠡᠨ ᠠᠴᠠ ᠭᠡᠷ ᠪᠦᠯᠢ ᠳᠡᠭᠡᠨ ᠬᠡᠵᠢᠶᠡᠳᠡ ᠭᠠᠷ ᠬᠦᠳᠡᠯᠵᠦ ᠤᠷᠤᠯᠳᠤᠬᠤ᠂ ᠬᠢᠬᠦ᠂ ᠦᠢᠯᠡᠳᠬᠦ ᠮᠠᠶ᠋ᠢᠭ ᠤᠨ ᠨᠠᠭᠠᠳᠤᠮ ᠲᠤᠭᠯᠠᠭᠠᠮ ᠵᠤᠬᠢᠶᠠᠨ ᠪᠠᠶᠢᠭᠤᠯᠳᠠᠭ᠃ ᠬᠦᠦ ᠪᠠᠨ ᠬᠤᠵᠢᠮ ᠬᠤᠶᠢᠰᠢᠳᠠ ᠪᠠᠨ ᠰᠢᠨᠵᠢᠯᠡᠬᠦ ᠤᠬᠠᠭᠠᠨ ᠰᠢᠨ᠎ᠡ ᠶᠢ ᠡᠭᠦᠳᠬᠦ ᠲᠠᠯ᠎ᠠ ᠪᠠᠷ ᠢᠯᠡᠬᠦᠬᠡᠨ ᠬᠦᠮᠦᠵᠢᠬᠦᠯᠦᠶ᠎ᠡ ᠭᠡᠵᠦ ᠪᠤᠳᠤᠵᠤ ᠪᠠᠶᠢᠨ᠎ᠠ︾ ᠬᠡᠪᠡ᠃      ᠪᠦᠬᠡᠪᠠᠶᠠᠷ ᠴᠠᠭ ᠦᠷᠭᠦᠯᠵᠢ ᠰᠣᠨᠢᠭᠤᠴᠢ ᠵᠠᠩ᠂ ᠣᠷᠣᠯᠳᠣᠯᠭ᠎ᠠ ᠲᠠᠢ ᠰᠡᠳᠬᠢᠯ ᠳᠤ ᠬᠦᠳᠣᠯᠥᠭᠳᠡᠵᠥ ᠡᠭᠦᠳᠣᠨ ᠪᠦᠳᠣᠭᠡᠯᠲᠠ ᠭᠠᠷᠭᠠᠭᠰᠠᠨ ᠢᠶᠠᠷ ᠲᠡᠭᠦᠨ ᠤ ᠪᠦᠳᠣᠭᠡᠯ ᠪᠤᠯᠬᠤ ︽ᠬᠦᠯ ᠪᠦᠮᠪᠦᠭᠡ ᠬᠤᠷᠢᠶᠠᠵᠤ ᠬᠠᠳᠠᠭᠠᠯᠠᠬᠤ ᠰᠠᠨᠳᠠᠯᠢ︾ ᠵᠡᠷᠭᠡ ᠨᠢ ᠤᠷᠤᠨ᠂ ᠬᠤᠲᠠ᠂ ᠬᠤᠰᠢᠭᠤ ᠵᠡᠷᠭᠡ ᠬᠡᠳᠣᠨ ᠳᠡᠰ ᠤᠨ ᠤᠯᠠᠨ ᠤᠳᠠᠭᠠᠨ ᠤ ᠱᠠᠩᠨᠠᠯ ᠬᠦᠬᠢᠬᠦᠯᠦᠯ ᠢ ᠳᠣᠰᠴᠣ ᠪᠦᠬᠦ ᠣᠷᠣᠨ ᠤ ᠰᠢᠨ᠎ᠡ ᠶᠢ ᠡᠭᠦᠳᠦᠨ ᠪᠦᠲᠦᠭᠡᠬᠦ ᠰᠢᠯᠢᠳᠡᠭ ᠪᠠᠭᠠᠴᠤᠳ ᠢᠶᠠᠷ ᠦᠨᠡᠯᠡᠭᠳᠡᠵᠦ ᠵᠠᠯᠠᠭᠤ ᠪᠠᠭᠠᠴᠤᠳ ᠤᠨ ᠰᠣᠷᠣᠯᠴᠠᠬᠤ ᠳᠠᠭᠤᠷᠢᠶᠠᠯ ᠪᠣᠯᠣᠭᠰᠠᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号