ᠴᠠᠮᠬᠠᠭ ᠭᠠᠴᠠᠭ᠎ᠠ ᠯᠠᠵᠦᠤ ᠲᠠᠷᠢᠵᠦ ᠬᠦᠭᠵᠢᠯ ᠬᠤᠷᠦ᠋ᠢᠯᠠᠨ᠎ᠠ
ᠨᠡᠶᠢᠲᠡᠯᠡᠭᠰᠡᠨ ᠴᠠᠭ᠄
2020-05-06
    ᠴᠠᠮᠬᠠᠭ ᠭᠠᠴᠠᠭ᠎ᠠ ᠨᠢ ᠰᠢᠷᠬᠤᠰᠤᠨ ᠭᠤᠤᠯ ᠤᠨ ᠬᠤᠶᠢᠳᠤ ᠡᠷᠬᠢ᠂ ᠰᠦᠯᠳᠡ ᠰᠤᠮᠤᠨ ᠤ ᠪᠠᠷᠠᠭᠤᠨ ᠪᠡᠶ᠎ᠡ ᠳᠤ ᠪᠠᠶᠢᠷᠢᠯᠠᠳᠠᠭ᠃ ᠠᠳᠡᠬᠢ ᠬᠦᠷᠤᠰᠤ ᠰᠢᠷᠤᠢ ᠦᠩ ᠰᠢᠮᠡᠯᠢᠭ᠂ ᠤᠰᠤᠨ ᠤ ᠡᠬᠢ ᠰᠤᠷᠪᠤᠯᠵᠢ ᠡᠯᠪᠡᠭ᠂ ᠡᠯ᠎ᠡ ᠵᠦᠢᠯ ᠤᠨ ᠲᠠᠷᠢᠮᠠᠯ ᠢ ᠲᠠᠷᠢᠬᠤ ᠳᠤ ᠲᠤᠬᠢᠷᠠᠮᠵᠢᠳᠠᠢ ᠪᠠᠶᠢᠳᠠᠭ ᠢᠶᠠᠷ ᠢᠶᠠᠨ ᠰᠦᠯᠳᠡ ᠨᠤᠳᠤᠭ ᠤᠨ ︽ᠵᠢᠶᠠᠩᠨᠠᠨ ᠤᠷᠤᠨ︾ ᠪᠤᠯᠵᠤ ᠪᠠᠶᠢᠳᠠᠭ᠃ ᠶᠠᠭ ᠡᠶᠢᠮᠤ ᠠᠴᠠ ᠴᠠᠮᠬᠠᠭ ᠤᠨ ᠮᠠᠯᠴᠢᠳ ᠠᠯᠢ ᠡᠷᠳᠡ ᠠᠴᠠ ᠲᠠᠷᠢᠶᠠᠯᠠᠩ ᠲᠠᠢ ᠤᠶᠢᠷᠠᠳᠴᠤ᠂ ᠲᠠᠷᠢᠶᠠᠯᠠᠩ ᠮᠠᠯ ᠠᠵᠤ ᠠᠬᠤᠢ ᠪᠠᠷ ᠠᠵᠤ ᠦᠢᠯᠡᠰ ᠢᠶᠠᠨ ᠲᠤᠯᠭᠠᠭᠤᠷᠢᠯᠠᠨ ᠦᠶ᠎ᠡ ᠤᠯᠠᠷᠢᠨ ᠦᠨᠢᠷ ᠲᠠᠩᠰᠤᠭ ᠠᠮᠢᠳᠤᠷᠠᠭᠰᠠᠭᠠᠷ ᠢᠷᠡᠭᠰᠡᠨ ᠪᠢᠯᠡ᠃     ᠤᠷᠴᠢᠮ ᠤᠨ ᠵᠢᠯ ᠳᠤ ᠴᠠᠮᠬᠠᠭ ᠭᠠᠴᠠᠭ᠎ᠠ ᠨᠢ ᠨᠠᠮ ᠤᠨ ᠪᠠᠶᠢᠭᠤᠯᠤᠯᠳᠠ ᠪᠠᠨ ᠲᠠᠰᠤᠷᠠᠯᠳᠠ ᠦᠭᠡᠢ ᠴᠢᠩᠭᠠᠳᠬᠠᠨ᠂ ᠰᠢᠨ᠎ᠡ ᠶᠢ ᠰᠦᠪᠡᠭᠴᠢᠯᠡᠬᠦ ᠨᠠᠮ ᠤᠨ ᠪᠠᠶᠢᠭᠤᠯᠤᠯᠳᠠ ᠶᠢᠨ ᠢᠳᠡᠪᠬᠢᠳᠡᠢ ᠲᠠᠶᠢᠴᠢᠯᠠᠯᠳᠠ ᠲᠤᠤᠷ᠎ᠠ ᠮᠠᠯᠴᠢᠨ ᠲᠠᠷᠢᠶᠠᠴᠢᠳ ᠤᠨ ᠬᠡᠪᠰᠢᠮᠡᠯ ᠦᠵᠡᠯ ᠰᠠᠨᠠᠭ᠎ᠠ ᠶᠢ ᠬᠤᠪᠢᠷᠠᠭᠤᠯᠤᠨ᠂ ᠵᠤᠷᠢᠯᠭ᠎ᠠ ᠲᠠᠢ ᠪᠠᠷ ᠵᠠᠬ᠎ᠠ ᠲᠡᠯᠭᠡᠭᠦᠷ ᠲᠤ ᠬᠠᠨᠳᠤᠵᠤ᠂ ᠲᠠᠷᠢᠮᠠᠯ ᠤᠨ ᠪᠦᠳᠤᠴᠡ ᠳᠡᠭᠡᠨ ᠵᠤᠬᠢᠰᠳᠠᠢ ᠲᠤᠬᠢᠷᠠᠭᠤᠯᠤᠯᠳᠠ ᠬᠢᠵᠤ᠂ ᠢᠳᠡᠰᠢᠨ ᠨᠤᠭᠤᠭ᠎ᠠ᠂ ᠵᠢᠮᠢᠰ᠂ ᠦᠨᠳᠤᠷ ᠤᠨᠠᠯᠳᠠᠳᠤ ᠡᠪᠡᠰᠤ ᠪᠤᠷᠳᠤᠭᠠᠨ ᠤ ᠲᠦᠷᠤᠯ ᠵᠦᠢᠯ ᠬᠡᠬᠦ ᠮᠡᠳᠤ ᠠᠵᠤ ᠠᠬᠤᠢ ᠶᠢᠨ ᠲᠠᠷᠢᠮᠠᠯ ᠤᠨ ᠲᠠᠯᠠᠪᠡᠢ ᠪᠠᠨ ᠦᠷᠭᠡᠳᠭᠡᠵᠤ᠂ ᠤᠷᠤᠯᠭ᠎ᠠ ᠪᠠᠨ ᠨᠡᠮᠡᠭᠳᠡᠭᠦᠯᠬᠦ ᠰᠢᠨ᠎ᠡ ᠬᠢᠯᠠᠰ ᠴᠢᠭ ᠢ ᠡᠭᠦᠳᠦᠭᠰᠡᠨ ᠪᠠᠶᠢᠨ᠎ᠠ᠃     ︽ᠵᠢᠯ ᠤᠨ ᠠᠵᠢᠯ ᠬᠠᠪᠤᠷ ᠠᠴᠠ᠂ ᠡᠳᠤᠷ ᠤᠨ ᠠᠵᠢᠯ ᠦᠷᠯᠦᠭᠡᠨ ᠠᠴᠠ︾ ᠭᠡᠳᠡᠭᠴᠢᠯᠡᠨ ᠡᠨᠡ ᠬᠠᠪᠤᠷ ᠴᠠᠮᠬᠠᠭ ᠤᠨ ᠮᠠᠯᠴᠢᠳ ᠮᠦᠨ ᠴᠤ ᠡᠷᠳᠡᠭᠡᠨ ᠠᠴᠠ ᠡᠬᠢᠯᠡᠵᠤ ᠲᠤᠯᠠᠭᠠᠨ ᠬᠦᠯᠡᠮᠵᠢ ᠪᠠᠨ ᠤᠭᠰᠠᠷᠠᠨ᠂ ᠴᠠᠭ ᠢ ᠵᠠᠪᠳᠤᠵᠤ ᠢᠳᠡᠰᠢᠨ ᠨᠤᠭᠤᠭ᠎ᠠ ᠲᠠᠷᠢᠵᠤ ᠡᠬᠢᠯᠡᠭᠰᠡᠨ ᠶᠤᠮ᠃ ᠦᠩᠭᠡᠷᠡᠭᠰᠡᠨ ᠳᠤ ᠨᠤᠳᠤᠭ ᠤᠨ ᠰᠢᠷᠭᠠᠯ ᠵᠠᠮ ᠢ ᠦᠭᠰᠤᠨ ᠤᠷᠤᠭᠤᠳᠠᠨ ᠡᠩᠭᠦᠯ ᠲᠤᠩᠬᠤᠯ ᠲᠤᠰᠤᠨ ᠵᠠᠮ ᠢ ᠬᠢᠴᠢᠶᠡᠨ ᠪᠠᠶᠢᠵᠤ ᠮᠠᠰᠢᠨ ᠪᠠᠷᠢᠳᠠᠭ ᠪᠠᠶᠢᠭᠰᠠᠨ ᠪᠤᠯ ᠤᠳᠤ ᠬᠠᠷᠢᠨ ᠭᠠᠴᠠᠭᠠᠨ ᠠᠴᠠ ᠰᠤᠮᠤ᠂ ᠭᠠᠴᠠᠭᠠᠨ ᠠᠴᠠ ᠤᠳᠤᠭ ᠤᠨ ᠡᠮᠤᠨᠡᠳᠤ ᠬᠤᠰᠢᠭᠤ ᠵᠡᠷᠭᠡ ᠭᠠᠵᠠᠷ ᠲᠤ ᠨᠡᠪᠳᠡᠷᠡᠬᠦ ᠲᠠᠷᠳᠠᠩ ᠰᠠᠷᠠᠭᠤᠯ ᠬᠤᠤᠰ ᠴᠢᠭᠯᠡᠯᠳᠤ ᠵᠠᠰᠠᠮᠠᠯ ᠵᠠᠮ ᠵᠤᠷᠠᠶᠢᠨ ᠨᠡᠪᠳᠡᠷᠡᠵᠤ᠂ ᠪᠢᠳᠠ ᠲᠦᠳᠡᠬᠡᠨ ᠵᠠᠭᠤᠷ᠎ᠠ ᠭᠠᠴᠠᠭᠠᠨ ᠤ ᠲᠦᠪ ᠲᠡᠭᠡᠷ᠎ᠡ ᠢᠷᠡᠴᠢᠭᠡᠯ᠎ᠡ᠃ ᠭᠠᠴᠠᠭᠠᠨ ᠤ ᠲᠦᠪ ᠲᠡᠭᠡᠷᠡᠬᠢ ᠨᠢᠭᠡᠨ ᠦᠢᠯᠡᠳᠪᠤᠷᠢᠯᠡᠯ ᠤᠨ ᠲᠠᠰᠤᠭ ᠲᠤ ᠤᠪᠤᠭ᠎ᠠ ᠲᠤᠪᠤᠭ᠎ᠠ ᠪᠠᠷ ᠦᠷᠦᠭᠳᠡᠵᠤ ᠪᠠᠶᠢᠭ᠎ᠠ ᠲᠠᠮᠤᠷ ᠪᠠᠭᠠᠨ᠎ᠠ᠂ ᠡᠷᠬᠢ ᠱᠤᠷᠤᠭ ᠵᠢᠴᠢ ᠨᠡᠷᠡᠯᠡᠵᠤ ᠵᠢᠰᠤᠯᠡᠵᠤ ᠲᠡᠶᠢᠯᠬᠦ ᠦᠭᠡᠢ ᠡᠳ᠋ᠯᠡᠯ ᠲᠤᠨᠤᠭᠯᠠᠯ ᠲᠦᠭᠦᠷᠴᠤ᠂ ᠲᠤᠯᠠᠭᠠᠨ ᠬᠦᠯᠡᠮᠵᠢ ᠳᠤ ᠬᠡᠷᠡᠭᠯᠡᠬᠦ ᠲᠦᠭᠦᠭᠡᠷᠤᠮᠵᠢ ᠶᠢ ᠠᠳᠡ ᠦᠢᠯᠡᠳᠪᠦᠷᠢᠯᠡᠨ ᠬᠢᠵᠤ᠂ ᠮᠠᠯᠴᠢᠳ ᠪᠠᠷᠤᠭ ᠡ᠊ᠨᠳᠡ ᠠᠴᠠ ᠲᠤᠯᠠᠭᠠᠨ ᠬᠦᠯᠡᠮᠵᠢ ᠪᠠᠨ ᠤᠭᠰᠠᠷᠠᠬᠤ ᠡᠳ᠋ᠯᠡᠯ ᠬᠡᠷᠡᠭᠰᠡᠯ ᠢ ᠲᠦᠬᠦᠭᠡᠷᠬᠦ ᠪᠤᠯᠤᠭᠰᠠᠨ ᠪᠠᠶᠢᠨ᠎ᠠ᠃ ᠮᠠᠨ ᠢ ᠢᠷᠡᠬᠦ ᠳᠤ ᠮᠠᠯᠴᠢᠨ ᠠᠭᠤᠯᠠ ᠶᠠᠭ ᠰᠠᠶᠢᠬᠠᠨ ᠭᠤᠷᠪᠠᠨ ᠬᠦᠷᠳᠤᠳᠤ ᠲᠷᠠᠺᠲ᠋ᠤᠷ ᠢᠶᠠᠨ ᠵᠢᠯᠤᠭᠤᠳᠴᠤ ᠭᠠᠴᠠᠭᠠᠨ ᠲᠦᠪ ᠠᠴᠠ ᠲᠤᠯᠠᠭᠠᠨ ᠬᠦᠯᠡᠮᠵᠢ ᠶᠢᠨ ᠬᠡᠷᠡᠭᠰᠡᠯ ᠢᠶᠠᠨ ᠪᠦᠷᠢᠳᠭᠡᠨ ᠠᠪᠤᠭᠠᠳ ᠭᠡᠷ ᠲᠡᠭᠡᠨ ᠠᠪᠠᠴᠢᠵᠤ ᠤᠭᠰᠠᠷᠠᠬᠤ ᠪᠠᠷ ᠶᠠᠭᠠᠷᠠᠨ ᠪᠠᠶᠢᠯ᠎ᠠ᠃ ᠨᠢᠳᠤᠨᠤᠨ ᠡᠳᠡᠡ ᠤ ᠬᠢᠨ ᠲᠤᠯᠠᠭᠠᠨ ᠬᠦᠯᠡᠮᠵᠢ ᠶᠢᠨ ᠯᠠᠵᠤᠤ ᠨᠤᠭᠤᠭ᠎ᠠ ᠲᠠᠷᠢᠵᠤ ᠡᠯᠪᠡᠭ ᠬᠤᠷᠢᠶᠠᠯᠳᠠ ᠤᠯᠤᠭᠰᠠᠨ ᠠᠴᠠ ᠡᠨᠡ ᠵᠢᠯ ᠪᠠᠰᠠ ᠨᠢᠭᠡ ᠶᠢ ᠨᠡᠮᠡᠨ ᠤᠭᠰᠠᠷᠠᠵᠤ ᠲᠠᠷᠢᠬᠤ ᠪᠠᠷ ᠪᠠᠶᠢᠭ᠎ᠠ ᠨᠢ ᠡᠨᠡ ᠠᠵᠢ᠃     ᠮᠠᠯᠴᠢᠨ ᠠᠯᠳᠠᠨᠪᠠᠭᠠᠨ᠎ᠠ ᠶᠢᠨ ᠬᠢᠨ ᠨᠢᠳᠤᠨᠤᠨ ᠬᠤᠶᠠᠷ ᠲᠤᠯᠠᠭᠠᠨ ᠬᠦᠯᠡᠮᠵᠢ ︵ᠲᠤᠰ ᠪᠦᠷᠢ 0.8 ᠮᠦ ᠶᠢᠨ ᠲᠠᠯᠠᠪᠡᠢ ᠲᠠᠢ︶ ᠳᠡᠭᠡᠨ ᠯᠠᠵᠦᠦ ᠨᠤᠭᠤᠭ᠎ᠠ ᠲᠠᠷᠢᠵᠤ᠂ ᠲᠦᠮᠡ ᠭᠠᠷᠤᠢ ᠲᠦᠭᠦᠷᠢᠭ ᠬᠠᠷᠮᠠᠯᠠᠭᠰᠠᠨ ᠠᠴᠠ ᠡᠷᠴᠢ ᠵᠤᠷᠢᠭ ᠨᠢ ᠬᠦᠪᠴᠢᠯᠡᠭᠳᠡᠵᠤ᠂ ᠡᠨᠡ ᠵᠢᠯ ᠭᠤᠷᠪᠡ ᠪᠤᠯᠭᠠᠨ ᠦᠷᠭᠡᠳᠭᠡᠭᠰᠡᠨ ᠪᠦᠭᠡᠳ ᠰᠤᠶᠤᠭ᠎ᠠ ᠪᠠᠨ ᠪᠤᠶᠢᠵᠢᠭᠤᠯᠬᠤ ᠠᠵᠢᠯ ᠢᠶᠠᠨ ᠴᠤ ᠠᠮᠵᠢᠭᠤᠯᠴᠢᠬᠠᠭᠰᠠᠨ ᠪᠠᠶᠢᠯ᠎ᠠ᠃ ᠲᠡᠭᠦᠨ ᠤ ᠬᠡᠯᠡᠬᠦ ᠪᠠᠷ ᠯᠠᠵᠦᠦ ᠨᠤᠭᠤᠭ᠎ᠠ ᠲᠠᠷᠢᠬᠤ ᠨᠢ ᠬᠤᠮᠰᠠᠬᠠᠨ ᠭᠠᠵᠠᠷ ᠠᠴᠠ ᠪᠠᠨ ᠠᠯᠳᠠ ᠲᠡᠭᠦᠵᠤ ᠪᠠᠶᠢᠭ᠎ᠠ ᠲᠠᠢ ᠠᠳᠠᠯᠢ ᠶᠤᠮ ᠭᠡᠨ᠎ᠡ᠃ ᠤᠷᠭᠤᠴᠠ ᠰᠠᠶᠢᠨ᠂ ᠭᠠᠷᠤᠯᠳᠠ ᠦᠨᠳᠤᠷ᠂ ᠵᠠᠬ᠎ᠠ ᠲᠡᠯᠭᠡᠭᠦᠷ ᠤᠨ ᠦᠨ᠎ᠡ ᠦᠷᠳᠡᠭ ᠴᠤ ᠰᠠᠶᠢᠨ ᠪᠠᠶᠢᠵᠤ᠂ ᠤᠬᠤᠷᠬᠠᠨ ᠬᠤᠭᠤᠴᠠᠭᠠᠨ ᠳᠤ ᠨᠡᠯᠢᠶᠡᠳ ᠵᠦᠭᠡᠷ ᠤᠷᠤᠯᠭ᠎ᠠ ᠤᠯᠳᠠᠭ ᠶᠤᠮ ᠪᠠᠶᠢᠨ᠎ᠠ᠃ ᠠᠩᠬ᠎ᠠ ᠡᠬᠢᠯᠡᠵᠤ ᠲᠠᠷᠢᠬᠤ ᠳᠤ ᠮᠡᠷᠭᠡᠵᠢᠯ ᠠᠨᠠᠢ ᠪᠠᠶᠢᠭᠰᠠᠨ ᠪᠤᠯᠪᠠᠴᠤ ᠭᠠᠴᠠᠭᠠᠨ ᠠᠴᠠ ᠮᠡᠷᠭᠡᠵᠢᠯᠳᠡᠨ ᠤᠷᠢᠵᠤ ᠵᠢᠯᠤᠭᠤᠳᠤᠯᠭ᠎ᠠ ᠬᠢᠯᠭᠡᠭᠰᠡᠨ ᠠᠴᠠ ᠤᠳᠤ ᠦᠪᠡᠷ ᠢᠶᠠᠨ ᠴᠤ ᠮᠡᠷᠭᠡᠵᠢᠯᠳᠡᠨ ᠪᠤᠯᠤᠭᠰᠠᠨ ᠭᠡᠵᠤ ᠠᠯᠳᠠᠨᠪᠠᠭᠠᠨ᠎ᠠ ᠤᠷᠮᠠᠳᠠᠶᠢᠬᠠᠨ ᠶᠠᠷᠢᠵᠤ ᠭᠠᠷᠤᠯ᠎ᠠ᠃     ᠴᠠᠮᠬᠠᠭ ᠭᠠᠴᠠᠭᠠᠨ ᠤ ᠨᠠᠮ ᠤᠨ ᠡᠭᠦᠷ ᠤᠨ ᠱᠦᠵᠢ ᠡᠩᠭᠡᠰᠢᠳᠢ ᠶᠢᠨ ᠲᠠᠨᠢᠯᠴᠠᠭᠤᠯᠬᠤ ᠪᠠᠷ ᠤᠳᠤ ᠪᠦᠬᠦ ᠭᠠᠴᠠᠭᠠᠨ ᠳᠤ ᠨᠡᠶᠢᠳᠡ 180 ᠭᠠᠷᠤᠢ ᠲᠤᠯᠠᠭᠠᠨ ᠬᠦᠯᠡᠮᠵᠢ ᠲᠠᠢ ᠪᠠᠶᠢᠵᠤ᠂ ᠡᠨᠡ ᠵᠢᠯ ᠪᠦᠬᠦ ᠭᠠᠴᠠᠭᠠᠨ ᠳᠤ ᠮᠦᠨ 30 ᠭᠠᠷᠤᠢ ᠰᠠᠭᠤᠷᠢ ᠲᠤᠯᠠᠭᠠᠨ ᠬᠦᠯᠡᠮᠵᠢ ᠰᠢᠨ᠎ᠡ ᠪᠠᠷ ᠨᠡᠮᠡᠭᠳᠡᠨ᠂ ᠯᠠᠵᠦᠦ ᠨᠤᠭᠤᠭ᠎ᠠ ᠲᠠᠷᠢᠬᠤ ᠡᠷᠤᠬᠡ ᠵᠢᠯ ᠠᠴᠠ ᠵᠢᠯ ᠤᠯᠠᠰᠢᠷᠠᠭᠰᠠᠨ ᠪᠦᠬᠡᠳ ᠤᠯᠵᠠ ᠤᠷᠤᠯᠭ᠎ᠠ ᠴᠤ ᠰᠠᠶᠢᠳᠠᠢ ᠪᠠᠶᠢᠵᠤ᠂ ᠭᠠᠴᠠᠭᠠᠨ ᠤ ᠨᠠᠮ ᠤᠨ ᠡᠭᠦᠷ ᠨᠢ ᠬᠤᠰᠢᠭᠤ ᠮᠠᠯ ᠲᠠᠷᠢᠶᠠᠯᠠᠩ ᠤᠨ ᠲᠤᠪᠴᠢᠶ᠎ᠡ ᠲᠠᠢ ᠢᠳᠡᠪᠬᠢᠳᠡᠢ ᠬᠠᠷᠢᠯᠴᠠᠵᠤ ᠲᠦᠷᠤᠯ ᠵᠦᠢᠯ ᠤᠨ ᠲᠡᠮᠵᠢᠯᠭᠡ ᠠᠪᠴᠢᠷᠠᠭᠰᠠᠨ ᠠᠴᠠ ᠬᠦᠯᠡᠮᠵᠢ ᠨᠢᠭᠡ ᠪᠦᠷᠢ ᠲᠡᠭᠡᠷ᠎ᠡ 3000 ᠲᠦᠭᠦᠷᠢᠭ ᠤᠨ ᠨᠦᠬᠦᠪᠦᠷᠢ ᠲᠠᠢ ᠪᠤᠯᠵᠤ᠂ ᠤᠳᠤ ᠲᠤᠯᠠᠭᠠᠨ ᠬᠦᠯᠡᠮᠵᠢ ᠶᠢᠨ ᠬᠠᠩᠭᠠᠯᠭ᠎ᠠ ᠨᠢ ᠬᠡᠷᠡᠭᠴᠡᠭᠡ ᠳᠡᠭᠡᠨ ᠬᠦᠷᠬᠦ ᠦᠭᠡᠢ ᠪᠤᠯᠬᠤᠷ ᠲᠤᠯᠠᠭᠠᠨ ᠬᠦᠯᠡᠮᠵᠢ ᠶᠢ ᠤᠭᠰᠠᠷᠠᠬᠤ ᠳᠤ ᠬᠡᠷᠡᠭᠯᠡᠬᠦ ᠲᠦᠭᠦᠭᠡᠷᠦᠮᠵᠢ ᠶᠢ ᠦᠢᠯᠡᠳᠪᠤᠷᠢᠯᠡᠳᠡᠭ ᠦᠢᠯᠡᠳᠪᠦᠷᠢᠯᠡᠯ ᠢ ᠨᠢ ᠴᠤ ᠭᠠᠴᠠᠭᠠᠨ ᠲᠡᠭᠡᠷ᠎ᠡ ᠤᠷᠢᠨ ᠠᠪᠴᠢᠷᠠᠭᠰᠠᠨ ᠨᠢ ᠡᠨᠡ ᠪᠠᠶᠢᠵᠠᠢ᠃     ᠤᠨ ᠵᠢᠯ ᠤᠷᠴᠢᠨ᠂ ᠠᠵᠤ ᠠᠬᠤᠢ ᠨᠡᠶᠢᠬᠡᠮ ᠦᠳᠳᠠᠷ ᠲᠦᠷᠭᠡᠨ ᠬᠦᠭᠵᠢᠨ ᠲᠠᠪᠰᠢᠵᠤ ᠪᠠᠶᠢᠭ᠎ᠠ ᠰᠢᠨ᠎ᠡ ᠡᠷᠢᠨ ᠤ ᠦᠨᠤᠳᠤᠷ ᠮᠠᠯᠴᠢᠨ ᠲᠦᠮᠡᠨ ᠤ ᠮᠠᠨᠢ ᠠᠳᠠᠯ ᠤᠨᠳᠤᠷᠤᠯᠭ᠎ᠠ ᠴᠤ ᠴᠠᠭ ᠦᠶ᠎ᠡ ᠲᠠᠢ ᠪᠠᠨ ᠵᠡᠷᠭᠡᠴᠡᠨ ᠤᠷᠤᠭᠰᠢᠯᠠᠵᠤ᠂ ᠦᠨᠢᠷ ᠦᠳᠭᠡᠨ ᠠᠵᠤ ᠠᠮᠢᠳᠤᠷᠠᠯ ᠤᠨ ᠡᠵᠡᠨ ᠨᠢ ᠪᠤᠯᠵᠤ ᠶᠠᠪᠤᠭ᠎ᠠ ᠶᠢ ᠤᠴᠢᠷᠯᠠᠬᠤ ᠳᠤ ᠰᠡᠳᠬᠢᠯ ᠶᠠᠭᠤᠳᠠᠢ ᠲᠡᠨᠢᠭᠦᠨ ᠪᠤᠢ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号