ᠶᠡᠭᠡ ᠬᠤᠪᠢᠰᠬᠠᠯ ᠤᠨ ᠦᠶ᠎ᠠ ᠳᠤ ᠮᠠᠤ ᠳᠡᠷᠢᠬᠦᠯᠡᠭᠴᠢ ᠶᠢᠨ ︽ᠤᠴᠢ ᠦᠰᠦᠷᠦᠬᠡᠳ ᠠᠭᠤᠯᠠ ᠶᠢ ᠰᠢᠳᠠᠭᠠᠨ᠎ᠠ︾ ᠬᠡᠬᠦ ᠵᠤᠬᠢᠶᠠᠯ ᠬᠤᠪᠢᠰᠬᠠᠯ ᠤᠨ | ᠤᠴᠢ ᠶᠢ ᠡᠬᠡ ᠤᠯᠤᠰ ᠤᠨ ᠦᠨᠴᠦᠭ ᠪᠤᠯᠤᠩ ᠪᠦᠬᠦᠨ ᠳᠤ ᠳᠦᠷᠡᠯᠵᠡᠬᠦᠯᠦᠭᠰᠡᠡ ᠪᠠᠶᠢᠳᠠᠭ᠃ ᠳᠤᠬ ᠪᠠᠯᠭᠠᠰᠤ ᠶᠢᠨ ᠤᠯᠠᠭᠠᠨᠰᠢᠪᠠᠷᠳᠠᠢ ᠳᠤᠰᠬᠤᠨ ᠤ ᠠᠮᠢᠳᠤ | ᠪᠤᠳᠠᠰ ᠤᠨ ᠮᠦᠬᠦᠯᠢᠭ ᠤᠨ ᠦᠢᠯᠡᠳᠪᠦᠷᠢ ᠶᠢᠨ ᠳᠡᠯᠬᠡᠡ ᠦᠵᠡᠬᠦᠯᠬᠡ ᠶᠢᠨ ᠳᠠᠰᠤᠭ ᠲᠤ ᠵᠢᠬᠰᠠᠭᠠᠬᠳᠠᠵᠦ ᠪᠠᠶᠢᠭ᠎ᠠ ᠪᠤᠷᠭᠠᠰᠤᠨ ᠤ ᠮᠦᠬᠦᠯᠢᠭ ᠢᠶᠠᠷ ᠰᠢᠳᠠᠭᠠᠯᠭ᠎ᠠ | ᠪᠤᠯᠭᠠᠭᠰᠠᠠ ᠡᠯ᠎ᠡ ᠳᠦᠷᠦᠯ ᠤᠨ ᠵᠤᠤᠬᠠᠠ ᠳᠤ ᠳᠦᠷᠡᠯᠵᠡᠡ ᠠᠰᠠᠬᠤ ᠭᠠᠯ ᠤᠨ ᠤᠴᠢ ᠨᠢ ᠦᠪᠡᠷ ᠤᠨ ᠡᠷᠬᠡ ᠦᠬᠡᠢ ᠶᠠᠳᠠᠭᠤ ᠠᠴᠠ ᠠᠩᠬᠢᠵᠢᠷᠠᠭᠤᠯᠬᠤ | ᠪᠤᠭᠤᠮᠳᠠ ᠰᠢᠪᠳᠤᠯᠬᠤ ᠳᠠᠶᠢᠯᠠᠯᠳᠤᠭᠠᠠ ᠤ ᠡᠴᠦᠰ ᠤᠨ ᠬᠠᠷᠠᠯᠳᠠ ᠪᠠᠶᠠᠵᠢᠯ ᠤᠨ ︽ᠤᠴᠢ︾ ᠶᠢ ᠬᠤᠯᠪᠤᠨ ᠪᠤᠳᠤᠭᠳᠠᠭᠤᠯᠤᠨ᠎ᠠ᠃ ᠤᠯᠠᠭᠠᠨᠰᠢᠪᠡᠷᠳᠠᠢ | ᠳᠤᠰᠬᠤᠨ ᠡᠶᠢᠮᠤᠷᠬᠦᠤ ᠪᠠᠶᠠᠵᠢᠯ ᠤᠨ ︽ᠤᠴᠢ︾ ᠶᠢ ᠭᠤᠷᠪᠠᠠ ᠪᠠᠭᠴᠠ ᠨᠤᠴᠤᠭᠠᠵᠠᠢ᠃ | ᠨᠢᠬᠡᠳᠦᠬᠡᠷ ᠪᠠᠭᠴᠠ ︽ᠤᠴᠢ︾᠄ ᠬᠠᠶᠠᠬᠳᠠᠮᠠᠯ ᠢ ︽ᠡᠷᠳᠡᠨᠢ︾ ᠪᠤᠯᠭᠠᠵᠦ᠂ ᠬᠤᠸᠠ ᠪᠤᠷᠭᠠᠰᠤ ᠶᠢ ︽ᠠᠯᠳᠠ︾ ᠪᠤᠯᠭᠠᠪᠠ ᠤᠯᠠᠭᠠᠨᠰᠢᠪᠡᠷᠳᠠᠢ | ᠳᠤᠰᠬᠤᠨ ᠢᠶᠠᠷ ᠰᠤᠷᠪᠤᠯᠵᠢᠯᠠᠠ ᠶᠠᠪᠤᠬᠤ ᠳᠤ ᠮᠦᠷ ᠮᠦᠷ ᠪᠤᠷᠭᠠᠰᠤ ᠵᠠᠮ ᠤᠨ ᠬᠤᠶᠠᠷ ᠬᠠᠵᠠᠭᠤ ᠶᠢ ᠬᠠᠰᠢᠨ ᠡᠩᠨᠡᠷᠡᠵᠦ᠂ ᠡᠯᠡᠰᠦ ᠮᠠᠩᠬᠠᠠ ᠤ ᠳᠠᠷᠬᠠᠠ | ᠬᠠᠮᠠᠭᠠᠯᠠᠭᠴᠢ ᠶᠢᠨ ᠰᠦᠷ ᠬᠦᠴᠦᠨ ᠢᠶᠠᠨ ᠭᠠᠶᠢᠬᠠᠭᠤᠯᠤᠨ᠎ᠠ᠃ ᠳᠤᠰ ᠳᠤᠰᠬᠤᠨ ᠤ ᠪᠦᠬᠦ ᠭᠠᠵᠠᠷ ᠨᠤᠳᠤᠭ 18 ᠳᠦᠮᠡᠡ ᠮᠦ ᠪᠠᠶᠢᠬᠤ ᠳᠤ ᠪᠤᠷᠭᠠᠰᠤᠨ ᠤ | ᠳᠠᠯᠠᠪᠠᠢ ᠨᠢ 15 ᠳᠦᠮᠡᠡ ᠮᠦ ᠪᠠᠶᠢᠳᠠᠭ᠃ ᠳᠤᠰᠬᠤᠨ ᠤ ᠨᠢᠬᠡᠳᠦᠬᠡᠷ ᠱᠦᠵᠢ ᠡᠷᠳᠡᠨᠢ ᠶᠢᠨ ᠳᠠᠨᠢᠯᠴᠠᠭᠤᠯᠬᠤ ᠪᠠᠷ᠂ ᠠᠮᠢ ᠠᠬᠤᠢ ᠶᠢᠨ ᠡᠨᠡ ᠬᠦ ᠶᠡᠭᠡ ᠦᠷ᠎ᠡ | ᠪᠦᠳᠦᠮᠵᠢ ᠪᠤᠯ ᠪᠦᠬᠦ ᠳᠤᠰᠬᠤᠨ ᠤ ᠮᠠᠯᠴᠢᠨ ᠳᠠᠷᠢᠶᠠᠴᠢᠳ ᠤᠨ 30 ᠭᠠᠷᠤᠢ ᠵᠢᠯ ᠤᠨ ᠬᠦᠴᠦ ᠬᠦᠯᠦᠰᠦ ᠪᠤᠯᠬᠤ ᠶᠤᠮ ᠬᠡᠨ᠎ᠡ᠃ ᠪᠤᠷᠭᠠᠰᠤ ᠪᠤᠯ ᠡᠯᠡᠰᠦ | ᠮᠠᠩᠬ᠎ᠠ ᠶᠢ ᠳᠤᠭᠳᠠᠪᠤᠷᠢᠵᠢᠭᠤᠯᠬᠤ ᠦᠢᠯᠡᠳᠦᠯ ᠢᠶᠠᠷ ᠤᠨᠴᠠ ᠰᠠᠶᠢᠨ ᠪᠤᠳᠠᠯᠢᠭ ᠤᠷᠭᠤᠮᠠᠯ᠃ ᠬᠡᠬᠦ ᠳᠤ 3 — 5 ᠵᠢᠯ ᠳᠤ ᠵᠠᠪᠠᠯ ᠨᠢᠬᠡ ᠤᠳᠠᠭ᠎ᠠ ᠬᠠᠳᠤᠵᠦ | ᠪᠠᠶᠢᠬᠤ ᠬᠡᠷᠡᠭᠳᠠᠢ᠂ ᠦᠬᠡᠢ ᠪᠤᠯ ᠤᠷᠭᠤᠯᠳᠠ ᠨᠢ ᠮᠠᠭᠤᠳᠠᠬᠤ ᠪᠤᠶᠤ ᠨᠢᠬᠡᠮᠦᠰᠦᠨ ᠦᠬᠦᠳᠡᠭ᠃ ᠤᠳᠠᠭᠠᠠ ᠵᠢᠯ ᠤᠨ ᠳᠤᠷᠰᠢ ᠳᠤ ᠮᠠᠯᠴᠢᠨ ᠳᠠᠷᠢᠶᠠᠴᠢᠳ | ᠳᠠᠷᠢᠬᠰᠠᠠ ᠪᠤᠷᠭᠠᠰᠤ ᠪᠠᠨ ᠦᠪᠡᠷ ᠢᠶᠠᠨ ᠬᠠᠳᠤᠵᠦ ᠳᠦᠯᠡᠰᠢ ᠬᠢᠬᠦ᠂ ᠡᠰᠡᠬᠦᠯ᠎ᠠ ᠡᠷᠬᠢ ᠬᠤᠩᠬᠢᠯ ᠤᠨ ᠴᠤᠭᠤᠷᠬᠠᠢ ᠪᠦᠭᠯᠡᠵᠦ ᠮᠠᠩᠬᠠᠠ ᠳᠤ ᠦᠬᠢᠷᠡᠬᠦᠯᠦᠨ | ᠬᠠᠶᠠᠵᠦ ᠪᠠᠶᠢᠵᠠᠢ᠃ ᠬᠤᠸᠠ ᠪᠤᠷᠭᠠᠰᠤ ᠶᠢ ︽ᠠᠯᠳᠠ︾ ᠪᠤᠯᠭᠠᠠ ᠠᠰᠢᠬᠯᠠᠬᠤ ᠠᠩᠬᠠᠠ ᠤ ᠤᠬᠠᠭᠠᠠ ᠢ ᠤᠯᠠᠭᠠᠨᠰᠢᠪᠠᠷᠳᠠᠢ ᠳᠤᠰᠬᠤᠨ ᠤ ᠨᠠᠮ ᠤᠨ ᠡᠬᠦᠷ᠂ | ᠳᠤᠰᠬᠤᠨ ᠤ ᠵᠦᠪᠯᠡᠯ ᠠᠴᠠ ᠡᠬᠢᠯᠡᠵᠦ ᠰᠡᠶᠢᠯᠵᠠᠢ᠃ 2019 ᠤᠨ ᠳᠤ ᠳᠡᠳᠡ ᠪᠤᠷᠭᠠᠰᠤ ᠶᠢ ᠬᠠᠳᠤᠵᠦ ᠬᠤᠷᠢᠶᠠᠬᠤ ᠳᠦᠷᠦᠯ ᠵᠦᠢᠯ ᠢ 7560 ᠮᠦ | ᠭᠤᠶᠤᠴᠢᠯᠠᠠ ᠤᠯᠵᠦ᠂ ᠮᠠᠯᠴᠢᠨ ᠳᠠᠷᠢᠶᠠᠴᠢᠳ 1 ᠮᠦ ᠪᠤᠷᠭᠠᠰᠤ ᠬᠠᠳᠤᠪᠠᠯ 100 ᠳᠦᠬᠦᠷᠢᠭ ᠤᠨ ᠨᠦᠬᠦᠪᠦᠷᠢ ᠦᠭᠴᠦ᠂ ᠦᠪᠡᠷ ᠢᠶᠠᠨ ᠬᠠᠳᠤᠬᠤ ᠦᠬᠡᠢ | ᠪᠤᠯ ᠬᠠᠳᠤᠭᠤᠷᠴᠢᠨ ᠳᠤ 70 ᠳᠦᠬᠦᠷᠢᠭ ᠢ ᠨᠢ ᠦᠭᠴᠦ᠂ ᠮᠠᠯᠴᠢᠨ ᠳᠠᠷᠢᠶᠠᠴᠢᠨ ᠡᠷᠦᠬᠡ ᠳᠤ 30 ᠳᠦᠬᠦᠷᠢᠭ ᠤᠨ ᠨᠦᠬᠦᠪᠦᠷᠢ ᠦᠭᠴᠠᠢ᠃ ᠡᠨᠡ ᠵᠢᠯ | ᠤᠯᠠᠭᠠᠨᠰᠢᠪᠠᠷᠳᠠᠢ ᠳᠤᠰᠬᠤᠨ ᠡᠨᠡ ᠳᠦᠷᠦᠯ ᠤᠨ ᠪᠡᠯᠡ ᠮᠦᠩᠬᠦ ᠶᠢ 2 ᠳᠦᠮᠡᠡ ᠮᠦ ᠭᠤᠶᠤᠴᠢᠯᠠᠠ ᠤᠯᠤᠭᠰᠠᠠ ᠪᠠᠶᠢᠯ᠎ᠠ᠃ ᠤᠢᠢᠯᠠᠭᠠᠭᠰᠠᠠ ᠢᠶᠠᠷ ᠪᠤᠷᠭᠠᠰᠤᠨ ᠤ | ᠳᠤᠨ ᠪᠦᠷᠢ ᠶᠢᠨ ᠦᠷᠳᠡᠭ ᠨᠢ 160 — 180 ᠳᠦᠬᠦᠷᠢᠭ ᠪᠠᠶᠢᠵᠦ᠂ ᠶᠠᠳᠠᠭᠤ ᠬᠦᠴᠢᠷᠳᠡᠯᠳᠡᠢ ᠡᠷᠦᠬᠡ ᠶᠢᠨ ᠪᠤᠷᠭᠠᠰᠤ ᠶᠢ ᠬᠤᠷᠢᠶᠠᠬᠤ ᠳᠠᠭᠠᠨ ᠳᠤᠨ | ᠪᠦᠷᠢ ᠳᠤ 20 ᠳᠦᠬᠦᠷᠢᠭ ᠤᠨ ᠦᠨ᠎ᠠ ᠬᠠᠩᠰᠢ ᠨᠡᠮᠡᠵᠦ ᠦᠭᠳᠡᠭ ᠠᠵᠢ᠃ ᠡᠯᠡᠰᠦ ᠮᠠᠩᠬᠠᠠ ᠳᠤ ᠦᠬᠢᠷᠡᠬᠡᠢ ᠬᠤᠵᠤᠤᠯ᠎ᠠ ᠪᠤᠯᠤᠨ ᠬᠠᠶᠠᠭᠳᠠᠵᠦ ᠪᠠᠶᠢᠬᠰᠠᠠ | ᠬᠤᠸᠠ ᠪᠤᠷᠠᠭᠠᠰᠤ ᠨᠢ ᠮᠠᠯᠴᠢᠨ ᠳᠠᠷᠢᠶᠠᠴᠢᠳ ᠤᠨ ᠠᠰᠢᠭ ᠤᠷᠤᠯᠭ᠎ᠠ ᠶᠢᠨ ᠨᠡᠮᠡᠷᠢ ᠪᠤᠯᠵᠦ᠂ ᠤᠳᠤ ᠪᠦᠬᠦ ᠳᠤᠰᠬᠤᠨ ᠤ 983 ᠡᠷᠦᠬᠡ ᠨᠢ ᠵᠢᠯ ᠪᠦᠷᠢ | ᠪᠤᠷᠭᠠᠰᠤᠨ ᠠᠴᠠ 5000 ᠳᠦᠬᠦᠷᠢᠭ ᠤᠨ ᠤᠷᠤᠯᠭ᠎ᠠ ᠤᠯᠬᠤ ᠪᠤᠯᠤᠭᠰᠠᠠ ᠪᠠᠶᠢᠨ᠎ᠠ᠃ | ᠬᠤᠶᠠᠳᠤᠭᠠᠷ ᠪᠠᠭᠴᠠ ︽ᠤᠴᠢ︾᠄ ᠠᠮᠢᠳᠤ ᠪᠤᠳᠠᠰ ᠤᠨ ᠮᠦᠬᠦᠯᠢᠭ ᠢᠶᠠᠷ ᠰᠢᠳᠠᠭᠠᠯᠭ᠎ᠠ ᠪᠤᠯᠭᠠᠵᠦ ᠮᠠᠯᠴᠢᠨ ᠳᠠᠷᠢᠶᠠᠴᠢᠨ ᠤ ᠵᠠᠷᠤᠳᠠᠯ ᠢ ᠪᠠᠭᠠᠰᠬᠠᠪᠠ | ᠤᠯᠠᠭᠠᠨᠰᠢᠪᠠᠷᠳᠠᠢ ᠳᠤᠰᠬᠤᠨ ᠤ ᠠᠮᠢᠳᠤ ᠪᠤᠳᠠᠰ ᠤᠨ ᠮᠦᠬᠦᠯᠢᠭ ᠤᠨ ᠦᠢᠯᠡᠳᠪᠦᠷᠢ ᠪᠤᠯ ᠳᠤᠰ ᠳᠤᠰᠬᠤᠨ ᠤ ᠬᠠᠮᠳᠤ ᠶᠢᠨ ᠠᠵᠤ ᠠᠬᠤᠢ ᠪᠤᠯᠬᠤ ᠶᠤᠮ᠃ | ᠦᠢᠯᠡᠳᠪᠦᠷᠢ ᠨᠢ ᠤᠷᠢᠳ ᠬᠤᠵᠢᠳ 530 ᠳᠦᠮᠡᠡ ᠳᠦᠬᠦᠷᠢᠭ ᠤᠨ ᠪᠡᠯᠡ ᠤᠷᠤᠭᠤᠯᠵᠦ᠂ 2019 ᠤᠨ ᠤ 11 ᠰᠠᠷ᠎ᠠ ᠳᠤ ᠳᠤᠷᠰᠢᠨ ᠦᠢᠯᠡᠳᠪᠦᠷᠢᠯᠡᠯ | ᠬᠢᠵᠦ ᠡᠬᠢᠯᠡᠭᠰᠡᠡ ᠪᠠᠶᠢᠨ᠎ᠠ᠃ ᠤᠳᠤᠬᠠᠠ ᠳᠤ ᠬᠤᠶᠠᠷ ᠰᠠᠭᠤᠷᠢ ᠮᠦᠬᠦᠯᠢᠭᠵᠢᠬᠦᠯᠬᠦ ᠮᠠᠰᠢᠨ ᠨᠢ ᠴᠠᠭ ᠪᠦᠷᠢ 3 ᠳᠤᠨ ᠪᠤᠷᠭᠠᠰᠤᠨ ᠮᠦᠬᠦᠯᠢᠭ | ᠦᠢᠯᠡᠳᠪᠦᠷᠢᠯᠡᠳᠡᠭ᠃ ᠡᠨᠡ ᠳᠦᠷᠦᠯ ᠤᠨ ᠪᠤᠷᠭᠠᠰᠤᠨ ᠮᠦᠬᠦᠯᠢᠭ ᠤᠨ ᠰᠢᠳᠠᠭᠠᠯᠭ᠎ᠠ ᠶᠢᠨ ᠠᠴᠢ ᠬᠤᠯᠪᠤᠭᠳᠠᠯ ᠢ ᠪᠠᠰᠤᠬᠤ ᠶᠢᠨ ᠠᠷᠭ᠎ᠠ ᠦᠬᠡᠢ᠃ | ᠰᠢᠳᠠᠯᠳᠠ ᠶᠢᠨ ᠴᠡᠭ ᠤᠨ ᠢᠯᠴᠢ ᠨᠢ 4700 ᠺᠠᠯᠤᠷᠢ ᠳᠤ ᠬᠦᠷᠴᠦ᠂ ᠬᠡᠷ ᠪᠠᠶᠢᠰᠢᠩ ᠬᠠᠯᠠᠭᠤᠯᠬᠤ᠂ ᠬᠤᠭᠤᠯᠠ ᠪᠤᠳᠠᠭ᠎ᠠ ᠳᠦᠬᠦᠬᠡᠷᠬᠦ ᠳᠤ ᠤᠨᠴᠠ ᠳᠦᠬᠦᠮ᠂ | ᠳᠤᠬᠢᠷᠠᠮᠵᠢᠳᠠᠢ ᠪᠠᠶᠢᠵᠦ ᠬᠡᠷᠡᠭᠯᠡᠭᠴᠢᠳ ᠤᠨ ᠬᠦᠷᠢᠶᠡᠯᠡᠯ ᠢ ᠶᠡᠬᠡᠳᠡ ᠤᠯᠵᠦ ᠪᠤᠢ᠃ ᠳᠠᠷᠢᠶᠠᠴᠢᠨ ᠸᠠᠩ ᠮᠤᠤ ᠱᠧᠩ ᠪᠤᠷᠭᠠᠰᠤᠨ ᠮᠦᠬᠦᠯᠢᠭ ᠢᠶᠠᠷ ᠰᠢᠳᠠᠭᠠᠯᠭ᠎ᠠ | ᠬᠢᠬᠦ ᠵᠤᠤᠬ᠎ᠠ ᠶᠢ ᠬᠡᠷᠡᠭᠯᠡᠬᠡᠳ ᠦᠩᠬᠡᠷᠡᠭᠴᠢ ᠡᠪᠦᠯ ᠰᠢᠳᠠᠭᠠᠯᠭ᠎ᠠ ᠶᠢᠨ ᠵᠠᠷᠤᠳᠠᠯ ᠢᠶᠠᠨ ᠬᠠᠭᠠᠰ ᠢᠶᠠᠷ ᠭᠠᠮᠨᠠᠬᠰᠠᠠ ᠪᠠᠶᠢᠯ᠎ᠠ᠃ ᠪᠤᠷᠭᠠᠰᠤᠨ ᠮᠦᠬᠦᠯᠢᠭ ᠢ | ᠰᠢᠳᠠᠭᠠᠯᠭ᠎ᠠ ᠳᠤ ᠬᠡᠷᠡᠭᠯᠡᠪᠡᠯ ᠢᠯᠴᠢ ᠶᠡᠭᠡ᠂ ᠦᠨᠡᠰᠦ ᠪᠠᠭ᠎ᠠ᠂ ᠤᠳᠤᠭ᠎ᠠ ᠦᠬᠡᠢ ᠵᠡᠷᠬᠡ ᠳᠠᠪᠠᠭᠤᠯᠢᠭ ᠳᠠᠯ᠎ᠠ ᠲᠠᠢ ᠪᠠᠶᠢᠵᠦ᠂ ᠦᠩᠬᠡᠷᠡᠭᠰᠡᠡ ᠤ ᠨᠡᠬᠦᠷᠡᠰᠦᠨ | ᠤᠳᠤᠭᠠᠠ ᠳᠤ ᠬᠤᠤᠷᠳᠠᠭᠳᠠᠬᠤ ᠠᠶᠤᠯ ᠬᠡᠨᠡᠳᠡᠯ ᠢ ᠳᠡᠤᠬᠡ ᠪᠤᠯᠭᠠᠠ ᠡᠴᠤᠰᠯᠡᠬᠦᠯᠵᠠᠢ᠃ ᠡᠷᠳᠡᠨᠢ᠄ ︽ᠪᠢᠳᠡ ᠪᠤᠷᠭᠠᠰᠤᠨ ᠮᠦᠬᠦᠯᠢᠭ ᠢᠶᠠᠨ ᠮᠠᠯᠴᠢᠨ | ᠳᠠᠷᠢᠶᠠᠴᠢᠳ ᠲᠤ ᠳᠤᠨ ᠪᠦᠷᠢ ᠶᠢ 800 ᠳᠦᠬᠦᠷᠢᠭ ᠢᠶᠠᠷ ᠬᠤᠳᠠᠯᠳᠤᠬᠤ ᠪᠤᠶᠤ ᠬᠤᠸᠠ ᠪᠤᠷᠭᠠᠰᠤ ᠶᠢᠨ ᠳᠦᠬᠦᠬᠡᠢ ᠮᠠᠲ᠋ᠧᠷᠢᠶᠠᠯ ᠢᠶᠠᠷ ᠰᠤᠯᠢᠵᠦ᠂ ᠭᠠᠳᠠᠭᠰᠢ | ᠪᠤᠯ ᠳᠤᠨ ᠪᠦᠷᠢ ᠶᠢ 850 ᠳᠦᠬᠦᠷᠢᠭ ᠢᠶᠠᠷ ᠪᠤᠷᠤᠯᠠᠭᠤᠯᠳᠠᠭ᠂ 100 ᠳᠡᠭᠰᠢ ᠳᠦᠷᠪᠡᠯᠵᠢᠨ ᠮᠧᠳ᠋ᠷ ᠤᠨ ᠬᠡᠷ ᠪᠠᠶᠢᠰᠢᠩ ᠲᠠᠢ ᠠᠶᠢᠯ ᠪᠤᠯ ᠵᠢᠯ ᠳᠤ 3100 | ᠳᠦᠬᠦᠷᠢᠭ ᠤᠷᠴᠢᠮ ᠤᠨ ᠰᠢᠳᠠᠭᠠᠯᠭ᠎ᠠ ᠶᠢᠨ ᠵᠠᠷᠤᠳᠠᠯ ᠬᠡᠷᠡᠭᠰᠡᠨ᠎ᠡ︾ ᠬᠡᠵᠦ ᠪᠠᠶᠢᠯ᠎ᠠ᠃ ᠡᠨᠡ ᠵᠢᠯ ᠤᠨ ᠬᠢᠵᠢᠭ ᠢ ᠰᠡᠷᠬᠡᠶᠢᠯᠡᠬᠦ ᠬᠤᠭᠤᠴᠠᠭᠠᠠ ᠳᠤ ᠳᠡᠳᠡᠡ ᠤ | ᠵᠤᠤᠬ᠎ᠠ᠂ ᠪᠤᠷᠭᠠᠰᠤᠨ ᠮᠦᠬᠦᠯᠢᠭ ᠨᠢ ᠨᠡᠩᠳᠡ ᠦᠢᠯᠡᠳᠦᠯ ᠢᠶᠠᠨ ᠪᠠᠳᠠᠷᠠᠭᠤᠯᠵᠦ᠂ ᠡᠯ᠎ᠡ ᠰᠡᠷᠬᠡᠶᠢᠯᠡᠬᠦ ᠴᠡᠭ ᠤᠨ ᠪᠤᠯᠢᠶᠠᠯᠳᠤᠨ ᠠᠪᠬᠤ ᠪᠠᠷᠠᠭ᠎ᠠ ᠪᠤᠯᠤᠭᠰᠠᠠ ᠠᠵᠢ | ᠃ ᠤᠯᠠᠭᠠᠨᠰᠢᠪᠠᠷᠳᠠᠢ ᠳᠤᠰᠬᠤᠨ ᠤ ᠠᠮᠢᠳᠤ ᠪᠤᠳᠠᠰ ᠤᠨ ᠮᠦᠬᠦᠯᠢᠭ ᠤᠨ ᠦᠢᠯᠡᠳᠪᠦᠷᠢ ᠨᠢ ᠠᠵᠢᠯ ᠤᠯᠭᠤᠯᠳᠠ ᠪᠠᠷ ᠶᠠᠳᠠᠭᠤ ᠶᠢ ᠳᠡᠳᠬᠦᠬᠦ ᠶᠢ ᠪᠠᠷᠢᠮᠳᠠᠯᠠᠵᠦ᠂ | ᠡᠳᠦᠬᠡ ᠳᠤᠰᠬᠤᠨ ᠤ ᠪᠠᠨ 2 ᠨᠡᠷ᠎ᠡ ᠶᠠᠳᠠᠭᠤ ᠬᠦᠴᠢᠷᠳᠡᠯᠳᠡᠢ ᠡᠷᠦᠬᠡ ᠠᠴᠠ ᠠᠵᠢᠯᠳᠠᠠ ᠬᠦᠯᠦᠰᠦᠯᠡᠵᠦ᠂ ᠬᠦᠮᠦᠨ ᠪᠦᠷᠢ ᠳᠤ ᠰᠠᠷ᠎ᠠ ᠶᠢᠨ 5000 | ᠳᠦᠬᠦᠷᠢᠭ ᠤᠨ ᠴᠠᠯᠢᠩ ᠤᠯᠭᠤᠵᠦ ᠪᠠᠶᠢᠨ᠎ᠠ᠃ | ᠭᠤᠷᠪᠠᠳᠤᠭᠠᠷ ᠪᠠᠭᠴᠠ ︽ᠤᠴᠢ︾᠄ ᠡᠬᠦᠯᠳᠡᠷ ᠤᠨ ᠮᠠᠯ ᠤᠷᠤᠭᠤᠯᠤᠨ ᠮᠠᠯᠴᠢᠨ ᠳᠠᠷᠢᠶᠠᠴᠢᠨ ᠤ ᠤᠷᠤᠯᠭ᠎ᠠ ᠶᠢ ᠨᠡᠮᠡᠭᠳᠡᠬᠦᠯᠪᠡ ᠪᠢᠳᠠ | ᠤᠯᠠᠭᠠᠨᠰᠢᠪᠠᠷᠳᠠᠢ ᠳᠤᠰᠬᠤᠨ ᠤ ᠳᠠᠪᠤᠳᠤᠭᠠᠷ ᠬᠤᠷᠰᠢᠶ᠎ᠠ ᠳᠤ ᠬᠦᠷᠪᠡᠯ ᠶᠠᠭ ᠰᠠᠶᠢᠬᠠᠠ ᠨᠠᠷᠢᠨ ᠨᠤᠤᠰᠤᠳᠤ ᠬᠤᠨᠢᠨ ᠤ ᠬᠤᠴᠠ ᠬᠤᠪᠢᠶᠠᠭᠠᠳ ᠬᠦᠯ ᠬᠦᠬᠡᠷᠴᠡᠭ | ᠪᠤᠯᠵᠦ ᠪᠠᠶᠢᠪᠠ᠃ ᠳᠠᠷᠢᠶᠠᠴᠢᠨ ᠳ᠋ᠤᠸᠠᠠ ᠵᠧᠩ ᠴᠢᠩ ᠰᠢᠯᠢᠵᠦ ᠠᠪᠤᠬᠰᠠᠠ ᠬᠤᠴᠠ ᠪᠠᠨ ᠭᠤᠷᠪᠠᠠ ᠬᠦᠷᠳᠦᠳᠦ ᠲᠷᠠᠺᠲ᠋ᠤᠷ ᠲᠠᠭᠠᠨ ᠰᠠᠪᠠᠯᠠᠭᠠᠳ ᠬᠠᠷᠢᠬᠤ ᠪᠠᠷ | ᠪᠡᠯᠡᠳᠬᠡᠨ᠎ᠡ᠃ ᠳᠡᠷᠡ᠄ ︽ᠮᠠᠠ ᠤ ᠬᠢᠨ ᠤᠤᠯ ᠤᠨ ᠬᠤᠴᠠ ᠪᠠᠨ ᠨᠢᠬᠡᠨᠳᠡ ᠬᠤᠶᠠᠷ ᠵᠢᠯ ᠳᠠᠯᠪᠢᠬᠰᠠᠠ᠂ ᠡᠨᠡ ᠵᠢᠯ ᠶᠠᠭ ᠰᠠᠶᠢᠬᠠᠠ ᠬᠤᠴᠠ ᠰᠤᠯᠢᠬᠤ | ᠱᠠᠭᠠᠷᠳᠠᠯᠭ᠎ᠠ ᠲᠠᠢ ᠪᠠᠶᠢᠪᠠ᠂ ᠰᠠᠨᠠᠭᠠᠠ ᠠᠴᠠ ᠭᠠᠳᠠᠭᠤᠷ ᠳᠤᠰᠬᠤᠨ ᠳᠤ ᠰᠠᠭᠤᠭ᠎ᠠ ᠠᠵᠢᠯᠯᠠᠬᠤ ᠠᠩᠬᠢ ᠠᠴᠠ ᠮᠠᠠ ᠳᠤ 800 ᠳᠦᠬᠦᠷᠢᠭ ᠤᠨ ᠨᠦᠬᠦᠪᠦᠷᠢ ᠲᠠᠢ | ᠬᠤᠴᠠ ᠠᠪᠴᠢᠷᠠᠵᠦ ᠬᠤᠪᠢᠶᠠᠬᠰᠠᠠ ᠨᠢ ᠴᠤᠬᠤᠮ ᠴᠤ ᠰᠠᠶᠢᠨ ᠤᠴᠢᠷ ᠪᠤᠯᠤᠯ᠎ᠠ︾ ᠬᠡᠵᠦ ᠠᠮᠠ ᠪᠠᠨ ᠬᠠᠮᠬᠢᠵᠦ ᠳᠡᠶᠢᠯᠬᠦ ᠦᠬᠡᠢ ᠪᠠᠶᠠᠷᠯᠠᠨ᠎ᠠ᠃ | ᠤᠯᠠᠭᠠᠨᠰᠢᠪᠠᠷᠳᠠᠢ ᠳᠤᠰᠬᠤᠨ ᠤ ᠶᠠᠳᠠᠭᠤ ᠬᠦᠴᠢᠷᠳᠡᠯᠳᠡᠢ ᠡᠷᠦᠬᠡ ᠳᠢᠶᠠᠠ ᠸᠧᠨ ᠵᠢᠶᠦ᠋ᠨ ᠴᠤ ᠨᠢᠬᠡ ᠬᠤᠴᠠ ᠤᠯᠤᠭᠠᠳ ᠪᠠᠷᠢᠵᠦ ᠳᠠᠯᠪᠢᠬᠤ ᠪᠠᠨ ᠤᠯᠵᠦ | ᠶᠠᠳᠠᠨ᠎ᠠ᠃ ᠳᠡᠷᠡ ᠪᠤᠯ 2016 ᠤᠨ ᠳᠤ ᠳᠠᠩᠰᠠᠯᠠᠭᠤᠯᠤᠬᠰᠠᠠ ᠶᠠᠳᠠᠭᠤ ᠡᠷᠦᠬᠡ ᠶᠤᠮ᠃ 2016 ᠤᠨ ᠳᠤ ᠬᠤᠰᠢᠭᠤ ᠶᠠᠳᠠᠭᠤ ᠶᠢ ᠳᠡᠳᠬᠦᠬᠦ ᠠᠯᠪᠠᠠ | ᠬᠡᠷ ᠠᠴᠠ ᠳᠡᠳᠡᠨ ᠤ ᠬᠢᠨ ᠢ 20 ᠦᠷᠡᠵᠢᠯ ᠤᠨ ᠨᠠᠷᠢᠨ ᠨᠤᠤᠰᠤᠳᠤ ᠬᠤᠨᠢ ᠪᠠᠷ ᠳᠡᠮᠵᠢᠭᠰᠡᠡ ᠨᠢ ᠤᠳᠤ ᠦᠰᠦᠬᠡᠳ 70 ᠭᠠᠷᠤᠢ ᠳᠤᠯᠤᠭᠠᠢ ᠪᠤᠯᠵᠦ ᠨᠢᠬᠡᠨᠳᠡ | ᠶᠠᠳᠠᠭᠤ ᠠᠴᠠ ᠠᠩᠬᠢᠵᠢᠷᠠᠭᠰᠠᠠ ᠪᠠᠶᠢᠨ᠎ᠠ᠃ ᠤᠯᠠᠭᠠᠨᠰᠢᠪᠠᠷᠳᠠᠢ ᠳᠤᠰᠬᠤᠨ ᠤ ᠨᠢᠬᠡᠳᠦᠬᠡᠷ ᠱᠦᠵᠢ ᠡᠷᠳᠡᠨᠢ ᠶᠢᠨ ᠬᠡᠯᠡᠬᠦ ᠪᠠᠷ᠂ ᠤᠯᠠᠭᠠᠨᠰᠢᠪᠠᠷᠳᠠᠢ ᠳᠤᠰᠬᠤᠨ | ᠤᠤᠯ ᠨᠢ ᠢᠮᠠᠭ᠎ᠠ ᠮᠠᠯᠵᠢᠬᠤ ᠪᠠᠷ ᠭᠤᠤᠯᠳᠠᠭᠤᠯᠵᠦ᠂ ᠡᠨᠡ ᠨᠢ ᠠᠮᠢ ᠠᠬᠤᠢ ᠶᠢᠨ ᠪᠦᠳᠦᠬᠡᠡ ᠪᠠᠶᠢᠭᠤᠯᠤᠯᠳᠠ ᠲᠠᠢ ᠪᠠᠨ ᠳᠦᠢᠯ ᠤᠨ ᠡᠶ᠎ᠡ ᠵᠤᠬᠢᠴᠠᠯ ᠦᠬᠡᠢ | ᠪᠠᠶᠢᠵᠠᠢ᠃ ᠳᠡᠷᠡ ᠳᠤᠰ ᠳᠤᠰᠬᠤᠨ ᠳᠤ ᠢᠷᠡᠭᠰᠡᠡ ᠤ ᠳᠠᠷᠠᠭ᠎ᠠ ᠨᠠᠷᠢᠨ ᠨᠤᠤᠰᠤᠳᠤ ᠬᠤᠨᠢ ᠮᠠᠯᠵᠢᠬᠤ ᠶᠢ ᠶᠡᠭᠡ ᠪᠠᠷ ᠰᠤᠷᠳᠠᠯᠴᠢᠯᠠᠠ ᠰᠠᠨᠠᠭᠠᠴᠢᠯᠠᠵᠦ᠂ 2018 | ᠤᠨ ᠳᠤ 8 ᠬᠤᠴᠠ᠂ 2019 ᠤᠨ ᠳᠤ 12 ᠬᠤᠴᠠ᠂ ᠡᠨᠡ ᠵᠢᠯ 30 ᠬᠤᠴᠠ ᠤᠷᠤᠭᠤᠯᠵᠦ ᠪᠠᠶᠢᠭ᠎ᠠ ᠨᠢ ᠡᠨᠡ ᠠᠵᠢ᠃ ᠡᠨᠡ ᠵᠢᠯ ᠤᠨ ᠬᠤᠪᠢᠶᠠᠬᠰᠠᠠ | ᠬᠤᠴᠠ ᠨᠢ ᠬᠡᠳᠦ᠋ᠢᠪᠡᠷ ᠳᠦᠯᠬᠡ ᠪᠤᠯᠪᠠᠴᠤ ᠪᠡᠶ᠎ᠡ ᠪᠢᠯᠳᠠᠷ ᠶᠡᠭᠡ᠂ ᠠᠬᠠᠷ ᠨᠤᠤᠰᠤ ᠨᠢ ᠤᠷᠳᠤ ᠨᠢᠬᠳᠠ ᠪᠠᠶᠢᠵᠦ ᠰᠠᠶᠢᠨ ᠬᠤᠴᠠ ᠪᠤᠯᠬᠤ ᠨᠢ ᠳᠤᠳᠤᠷᠬᠠᠢ | ᠭᠠᠳᠠᠷᠯᠠᠭᠳᠠᠨ᠎ᠠ᠃ ᠡᠷᠳᠡᠨᠢ᠄ ︽ᠡᠨᠡ ᠬᠤᠴᠠ ᠦᠨᠡᠡ ᠳᠡᠭᠡᠨ 1600 ᠳᠦᠬᠦᠷᠢᠭ᠂ ᠬᠤᠰᠢᠭᠤ ᠲᠠᠷᠢᠶᠠᠯᠠᠩ ᠮᠠᠯ ᠠᠵᠤ ᠠᠬᠤᠢ ᠶᠢᠨ ᠳᠤᠪᠴᠢᠶᠠᠠ ᠠᠴᠠ | 800 ᠳᠦᠬᠦᠷᠢᠭ ᠨᠦᠬᠦᠪᠦᠷᠢᠯᠡᠨ᠎ᠡ᠂ ᠳᠠᠬᠢᠪᠠᠯ ᠡᠨᠡ ᠬᠠᠪᠤᠷ ᠨᠢᠬᠡ ᠬᠤᠴᠠ 16 — 17 ᠵᠢᠩ ᠠᠬᠠᠷ ᠬᠠᠶᠢᠴᠢᠯᠠᠵᠦ᠂ ᠨᠢᠳᠦᠨᠤᠨ ᠤ ᠠᠬᠠᠷ ᠨᠤᠤᠰᠤᠨ ᠤ | ᠦᠨ᠎ᠡ ᠪᠠᠷ ᠪᠤᠯ 300 ᠳᠦᠬᠦᠷᠢᠭ ᠬᠦᠷᠦᠨ᠎ᠡ᠂ ᠢᠩᠬᠢᠪᠡᠯ ᠮᠠᠯᠴᠢᠨ ᠳᠠᠷᠢᠶᠠᠴᠢᠨ ᠡᠷᠦᠬᠡ ᠦᠪᠡᠷ ᠢᠶᠠᠨ 500 ᠳᠦᠬᠦᠷᠢᠭ ᠯᠠ ᠭᠠᠷᠭᠠᠵᠦ ᠪᠠᠶᠢᠨ᠎ᠠ︾ ᠬᠡᠵᠦ | ᠪᠠᠶᠢᠯ᠎ᠠ᠃ ︽ᠤᠴᠢ︾ ᠯᠠ ᠪᠠᠶᠢᠪᠠᠯ ᠳᠦᠷᠡᠯᠵᠡᠬᠦ ᠨᠢ ᠯᠠᠪᠳᠠᠢ᠃ ᠤᠯᠠᠭᠠᠨᠰᠢᠪᠠᠷᠳᠠᠢ ᠳᠤᠰᠬᠤᠨ ᠤ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ | ᠳᠠᠶᠢᠯᠠᠯᠳᠤᠭᠠᠠ ᠤ ᠪᠠᠶᠠᠵᠢᠯ ᠤᠨ ︽ᠤᠴᠢ︾ ᠨᠢ ᠮᠠᠯᠴᠢᠨ ᠳᠠᠷᠢᠶᠠᠴᠢᠳ ᠲᠠᠭᠠᠨ ᠪᠠᠶᠠᠵᠢᠯ ᠴᠢᠨᠡᠬᠡᠯᠢᠭᠵᠢᠯ ᠤᠨ ᠠᠯᠳᠠᠠ ᠵᠢᠯᠤᠭᠤ ᠠᠳᠬᠤᠭᠤᠯᠤᠨ᠎ᠠ ᠬᠡᠳᠡᠭ ᠲᠤ | ᠪᠢᠳᠠ ᠳᠠᠶᠠᠭᠠᠷ ᠢᠳᠡᠬᠡᠯ ᠲᠠᠢ ᠪᠠᠶᠢᠨᠠᠮ᠃ |