ᠠᠷᠢᠭᠤᠨ ᠬᠦᠳᠡᠯᠮᠤᠷᠢ ᠪᠠᠷ ᠠᠳᠠᠯ ᠠᠮᠢᠳᠣᠷᠠᠯ ᠢᠶᠠᠨ ᠪᠣᠰᠬᠠᠵᠣ ᠶᠠᠪᠣᠭ᠎ᠠ ᠣᠶᠢᠯᠡᠰᠴᠢᠳ
ᠨᠡᠶᠢᠲᠡᠯᠡᠭᠰᠡᠨ ᠴᠠᠭ᠄
2020-05-07
     ᠬᠦᠳᠡᠯᠮᠤᠷᠢ ᠬᠠᠮᠤᠭ ᠤᠨ ᠦᠩᠭᠡ ᠭᠡᠷᠡᠯᠳᠡᠢ ᠭᠡᠳᠡᠭ ᠪᠠᠷ ᠬᠦᠮᠣᠰ ᠨᠡᠶᠢᠬᠡᠮ ᠤᠨ ᠠᠳᠠᠯᠢ ᠪᠤᠰᠤ ᠠᠵᠢᠯ ᠤᠨ ᠹᠷᠣᠨᠲ ᠳᠡᠭᠡᠷ᠎ᠡ ᠦᠪᠡᠷ ᠦᠪᠡᠷ ᠤᠨ ᠣᠷᠣᠨ ᠵᠠᠢ ᠪᠠᠨ ᠣᠯᠵᠣ ᠠᠷᠢᠭᠤᠨ ᠬᠦᠳᠡᠯᠮᠣᠷᠢ ᠠᠵᠢᠯ ᠣᠶᠢᠯᠡᠰ ᠢᠶᠠᠨ ᠴᠣᠭᠴᠠᠯᠠᠨ ᠪᠣᠰᠬᠠᠵᠣ ᠠᠵᠣ ᠠᠮᠢᠳᠣᠷᠠᠯ ᠢᠶᠠᠨ ᠳᠡᠭᠵᠢᠷᠡᠭᠦᠯᠬᠦ ᠶᠢᠨ ᠬᠠᠮᠲᠣ ᠨᠡᠶᠢᠭᠡᠮ ᠤᠨ ᠬᠦᠭᠵᠢᠯᠳᠡ ᠲᠠᠪᠰᠢᠯᠳᠡ  ᠳᠤ ᠦᠪᠡᠷ ᠤᠨ ᠬᠤᠪᠢ ᠨᠡᠮᠡᠷᠢ ᠪᠠᠨ ᠦᠵᠡᠭᠦᠯᠵᠦ ᠪᠠᠶᠢᠳᠠᠭ᠃      ᠱᠤᠩᠬᠤᠷ ᠮᠠᠨ ᠤ ᠬᠤᠰᠢᠭᠤᠨ ᠤ ᠰᠢᠣᠳᠠᠨ ᠳᠣᠪᠴᠢᠶᠠᠨ ᠤ ᠰᠢᠣᠳᠠᠨ ᠬᠦᠷᠭᠡᠭᠴᠢ ᠪᠠᠷ ᠠᠵᠢᠯᠯᠠᠭᠠᠳ 6 ᠵᠢᠯ ᠪᠤᠯᠵᠤ ᠪᠣᠢ᠃ ᠲᠠᠷᠡ ᠪᠦᠬᠦᠶᠢᠯᠡ ᠵᠢᠯ ᠢᠶᠠᠷ ᠭᠠᠯᠠᠭᠤᠲᠣ ᠪᠠᠯᠭᠠᠰᠣᠨ ᠤ ᠭᠡᠪᠴᠢᠶᠠᠨ ᠳᠠᠬᠢ ᠰᠢᠣᠳᠡᠨ ᠢ ᠬᠦᠷᠭᠡᠨ ᠶᠠᠭᠠᠷᠡᠯᠳᠠᠢ ᠠᠵᠢᠯᠯᠠᠵᠣ ᠦᠨᠡᠨᠴᠢ ᠰᠢᠳᠣᠷᠭᠤ ᠣᠪᠣᠷ ᠰᠣᠷᠲᠠᠯ ᠢᠶᠠᠷ ᠣᠯᠠᠨ ᠳᠠᠶᠠᠭᠠᠷ ᠲᠤ ᠣᠶᠢᠯᠡᠴᠢᠯᠡᠭᠰᠡᠭᠡᠷ ᠢᠷᠡᠭᠰᠡᠨ ᠪᠠᠶᠢᠨ᠎ᠠ᠃ ᠡᠨᠡ ᠵᠢᠯ ᠡᠪᠡᠳᠴᠢᠨ ᠬᠢᠵᠢᠭ ᠠᠴᠠ ᠪᠤᠯᠵᠤ ᠴᠠᠭᠠᠨ ᠰᠠᠷ᠎ᠠ ᠴᠤ ᠭᠤᠷᠪᠠᠭ᠋ᠠᠨ ᠡᠳᠤᠷ ᠠᠮᠠᠷᠠᠭᠰᠠᠨ ᠪᠤᠯᠬᠤᠷ ᠶᠠᠷᠤᠳᠠ ᠶᠢᠨ ᠵᠢᠯ ᠤᠳ ᠠᠴᠠ ᠡᠷᠳᠡ ᠠᠵᠢᠯ ᠤᠨ ᠪᠠᠶᠢᠷᠢᠨ ᠳᠤ ᠭᠠᠷᠤᠭᠰᠠᠨ ᠱᠤᠩᠬᠤᠷ ᠨᠢᠭᠡ ᠡᠳᠤᠷ ᠲᠤ ᠬᠠᠮᠤᠭ ᠠᠷᠪᠢᠨ ᠳᠤ ᠪᠠᠨ 500 ᠭᠠᠷᠤᠢ ᠰᠢᠣᠳᠠᠨ ᠬᠦᠷᠭᠡᠵᠦ ᠦᠩᠭᠡᠷᠡᠭᠰᠡᠨ ᠪᠠᠶᠢᠯ᠎ᠠ᠃ ᠬᠦᠮᠦᠰ ᠤᠨ ᠵᠠᠬᠢᠶᠠᠯᠠᠭ᠎ᠠ ᠶᠢ ᠲᠣᠰ ᠡᠳᠦᠷ ᠲᠤ ᠨᠢ ᠬᠦᠷᠭᠡᠭᠦ ᠶᠢ ᠪᠠᠷᠢᠮᠳᠠᠯᠠᠳᠠᠭ ᠱᠤᠩᠬᠤᠷ ᠥᠪᠡᠷ ᠤᠨ ᠬᠦᠳᠡᠯᠮᠤᠷᠢ ᠪᠠᠷ ᠢᠶᠠᠨ ᠰᠢᠣᠳᠠᠨ ᠬᠦᠷᠭᠡᠭᠴᠢ ᠶᠢᠨ ᠦᠢᠯᠡᠴᠢᠯᠡᠭᠡᠨ ᠤ ᠦᠢᠯᠡᠰ ᠲᠤ ᠰᠢᠮᠳᠠᠨ ᠨᠢᠭᠡᠨ ᠬᠦᠳᠡᠯᠮᠤᠷᠢᠴᠢᠨ ᠬᠦᠮᠦᠨ ᠤ ᠢᠷᠡᠭᠤ ᠠᠯᠳᠠᠷ ᠢ ᠪᠣᠰᠣᠳ ᠲᠤ ᠬᠠᠷᠠᠭᠤᠯᠵᠣ ᠶᠠᠪᠤᠨ᠎ᠠ᠃      ᠱᠤᠩᠬᠤᠷ᠄ ︽ᠰᠢᠣᠳᠠᠨ ᠠᠵᠢᠯ ᠢ ᠬᠢᠳᠡᠭ ᠨᠢ ᠪᠣᠯ ᠦᠪᠡᠷ ᠤᠨ ᠲᠤᠷ᠎ᠠ ᠪᠠᠬ᠎ᠠ ᠭᠡᠵᠦ ᠭᠡᠯᠡᠵᠦ ᠪᠤᠯᠤᠨ᠎ᠠ᠃ ᠮᠦᠨᠴᠦ ᠭᠡᠷ ᠪᠦᠯᠢ ᠶᠢᠨ ᠲᠠᠷᠤᠭᠠᠰᠤ ᠶᠢ ᠬᠦᠩᠭᠡᠯᠡᠭᠦ ᠭᠡᠵᠦ ᠪᠤᠳᠤᠭᠰᠠᠨ᠃ ᠤᠳᠣ ᠭᠡᠤᠭᠡᠳ ᠪᠠᠭ᠎ᠠ ᠰᠤᠷᠭᠠᠭᠤᠯᠢ  ᠳᠤ ᠰᠠᠭᠤᠬᠤ ᠪᠤᠯᠵᠦ ᠵᠠᠷᠣᠳᠠᠯ ᠮᠦᠩᠬᠦ ᠨᠡᠮᠡᠭᠳᠡᠬᠦ ᠪᠤᠯᠤᠨ᠎ᠠ᠂ ᠮᠦᠨᠴᠦ ᠠᠪᠤ ᠡᠵᠢ ᠶᠢᠨ ᠨᠠᠰᠤ ᠦᠨᠳᠤᠷ ᠪᠤᠯᠤᠭᠰᠠᠨ  ᠠᠴᠠ ᠲᠡᠳᠡᠭᠡᠷ ᠢ ᠢᠯᠡᠭᠦᠤ ᠠᠮᠠᠷᠠᠭᠠᠶ᠎ᠠ ᠭᠡᠵᠦ ᠠᠵᠢᠯ ᠢᠶᠠᠨ ᠨᠡᠩ ᠰᠠᠶᠢᠬᠠᠨ ᠬᠢᠶ᠎ᠡ ᠭᠡᠵᠦ ᠪᠤᠳᠤᠳᠠᠭ︾ ᠭᠡᠪᠡ᠃      ᠱᠣᠩᠬᠤᠷ ᠲᠠᠢ ᠠᠳᠠᠯᠢ ᠪᠠᠷ ᠭᠠᠯᠠᠭᠤᠳᠤ ᠪᠠᠯᠭᠠᠰᠤᠨ ᠲᠥᠪ ᠲᠤ ︽ᠲᠤᠷᠭᠠᠨ ᠵᠠᠮ︾ ᠮᠤᠩᠭᠤᠯ ᠬᠤᠭᠤᠯᠠᠨ ᠭᠡᠷ ᠡᠵᠡᠩᠨᠡᠵᠦ ᠪᠠᠶᠢᠭ᠎ᠠ ᠵᠢᠷᠭᠠᠯᠳᠤ ᠦᠷᠯᠥᠭᠡ ᠡᠷᠳᠠᠯᠠᠨ ᠪᠤᠰᠴᠤ ᠡᠮᠤᠨ᠎ᠠ ᠦᠳᠡᠰᠢ ᠶᠢᠨ ᠠᠶᠠᠭ᠎ᠠ ᠰᠠᠪᠠ ᠪᠠᠨ ᠤᠬᠢᠶᠠᠨ ᠴᠡᠪᠡᠷᠯᠡᠭᠦ᠂ ᠨᠢᠭᠡ ᠡᠳᠤᠷ ᠤᠨ ᠭᠡᠷᠡᠭᠯᠡᠭᠦ ᠨᠠᠪᠴᠢ ᠨᠤᠭᠤᠭ᠎ᠠ ᠪᠠᠨ ᠠᠪᠬᠤ ᠪᠠᠷ ᠶᠠᠭᠠᠷᠠᠳᠠᠭ᠃ ᠨᠡᠩ ᠢᠯᠠᠩᠭᠤᠶ᠎ᠡ ᠡᠨᠡ ᠵᠢᠯ ᠡᠪᠡᠳᠴᠢᠨ ᠬᠢᠵᠢᠭ ᠠᠴᠠ ᠪᠤᠯᠵᠣ ᠬᠤᠭᠤᠯᠠᠨ ᠭᠡᠷ ᠲᠤ ᠲᠤᠭᠤᠭᠠᠴᠢ᠂ ᠤᠶᠢᠯᠡᠴᠢᠯᠡᠭᠴᠢ ᠤᠯᠳᠠᠬᠤ ᠦᠭᠡᠢ ᠠᠴᠠ ᠪᠣᠯᠵᠤ ᠦᠪᠡᠷ ᠢᠶᠠᠨ ᠲᠤᠭᠤᠭᠠᠴᠢ᠂ ᠤᠶᠢᠯᠡᠴᠢᠯᠡᠭᠴᠢ ᠵᠡᠷᠭᠡ ᠠᠵᠢᠯ ᠲᠡᠭᠡᠷ᠎ᠡ ᠴᠤ ᠬᠠᠪᠰᠤᠷᠳᠠᠭ ᠠᠴᠠ ᠦᠷᠯᠥᠭᠡ ᠡᠷᠳᠡ ᠠᠴᠠ ᠦᠳᠡᠰᠢ ᠬᠦᠨ ᠪᠤᠯᠳᠠᠯ᠎ᠠ ᠶᠠᠭᠠᠷᠠᠯᠳᠠᠢ ᠠᠵᠢᠯᠯᠠᠳᠠᠭ ᠪᠠᠶᠢᠨ᠎ᠠ᠃      ᠬᠦᠳᠡᠯᠮᠣᠷᠢ ᠬᠦᠮᠣᠨ ᠢ ᠭᠤᠮᠣᠳᠠᠭᠠᠳᠠᠭ ᠦᠬᠡᠢ ᠭᠡᠳᠡᠭᠴᠢᠯᠡᠨ ᠰᠢᠣᠳᠠᠨᠴᠢ ᠱᠣᠩᠬᠤᠷ ᠮᠡᠲᠣ ᠶᠢᠨ ᠠᠷᠢᠭᠤᠨ ᠬᠦᠳᠡᠯᠮᠣᠷᠢ ᠢᠶᠠᠷ ᠠᠳᠠᠯ ᠣᠶᠢᠯᠡᠰ ᠢᠶᠠᠨ ᠪᠣᠰᠬᠠᠵᠣ ᠶᠠᠪᠣᠭ᠎ᠠ ᠣᠶᠢᠯᠡᠰ ᠪᠣᠳᠣᠭᠡᠭᠴᠢᠳ ᠮᠠᠨ ᠤ ᠬᠤᠰᠢᠭᠤᠨ ᠤ ᠡᠯ᠎ᠡ ᠬᠦᠷᠢᠶ᠎ᠠ ᠴᠠᠷᠠᠭ᠎ᠠ᠂ ᠡᠯ᠎ᠡ ᠠᠵᠢᠯ ᠳᠦᠷᠣᠯ ᠤᠨ ᠳᠣᠮᠳᠠ ᠮᠠᠰᠢ ᠤᠯᠠᠨ ᠪᠠᠶᠢᠵᠣ ᠦᠪᠡᠷ ᠦᠪᠡᠷ ᠤᠨ ᠢᠶᠠᠨ ᠵᠢᠳᠭᠦᠯ ᠴᠢᠷᠮᠠᠶᠢᠯᠭ᠎ᠠ ᠪᠠᠷ ᠠᠵᠣ ᠠᠮᠢᠳᠣᠷᠠᠯ ᠢᠶᠠᠨ ᠴᠣᠭᠴᠠᠯᠠᠵᠣ ᠨᠡᠶᠢᠬᠡᠮ ᠨᠠᠶᠢᠲᠡ ᠳᠤ ᠢᠷᠠᠭᠤ ᠠᠯᠳᠠᠷ᠂ ᠥᠩᠭᠡ ᠬᠡᠷᠡᠯ ᠠᠪᠴᠢᠷᠠᠵᠣ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号