ᠬᠦᠰᠡᠯᠡᠩ ᠤᠨ ᠬᠠᠷᠭᠤᠢ ᠪᠠᠷ ᠦᠢᠯᠡᠰ ᠤᠨ ᠮᠦᠷ ᠲᠤᠷᠠᠶᠢᠨ᠎ᠠ
ᠨᠡᠶᠢᠲᠡᠯᠡᠭᠰᠡᠨ ᠴᠠᠭ᠄
2020-06-01
     ᠮᠠᠨ ᠤ ᠬᠤᠰᠢᠭᠤᠨ ᠤ ᠭᠠᠯᠠᠭᠤᠲᠤ ᠪᠠᠯᠭᠠᠰᠤᠨ ᠳᠤ ᠪᠠᠶᠢᠭ᠎ᠠ ︽ᠬᠤᠯᠤᠲᠠᠢ︾ ᠨᠠᠷᠡᠮᠵᠢᠲᠦ ᠳᠠᠯᠬ᠎ᠠ ᠶᠢᠨ ᠲᠡᠯᠭᠡᠭᠦᠷ ᠨᠢ ᠴᠠᠭᠠᠨ ᠢᠳᠡᠬᠡᠨ ᠤ ᠦᠨᠦᠷ ᠠᠮᠳᠠᠳᠠᠢ ᠦᠨᠳᠡᠬᠡᠨ ᠪᠣᠣᠪᠤ ︵ᠳᠠᠯᠬ᠎ᠠ︶ ᠪᠠᠷ ᠢᠶᠠᠨ ᠣᠨᠴᠠᠯᠢᠭᠳᠠᠨ ᠣᠯᠠᠨ ᠤ ᠬᠦᠷᠢᠶᠡᠯᠡᠯ ᠢ ᠣᠯᠵᠦ ᠪᠣᠷᠣᠯᠠᠭᠤᠯᠭ᠎ᠠ ᠰᠠᠶᠢᠳᠠᠢ ᠪᠠᠶᠢᠯ᠎ᠠ᠃      ᠲᠡᠯᠭᠡᠭᠦᠷ ᠲᠤ ᠤᠷᠤᠬᠤ ᠲᠠᠢ ᠵᠡᠷᠭᠡ ᠰᠦ᠂ ᠰᠢᠷ᠎ᠠ ᠲᠤᠰᠤ᠂ ᠦᠷᠦᠮ᠎ᠡ ᠶᠢᠨ ᠦᠨᠦᠷ ᠬᠠᠩᠬᠤᠯᠠᠵᠦ ᠮᠡᠲᠡᠭᠦ ᠦᠭᠡᠢ ᠬᠦᠮᠦᠰ ᠲᠤ ᠰᠠᠭᠠᠯᠢ ᠶᠢᠨ ᠲᠡᠯᠭᠡᠭᠦᠷ ᠬᠡᠮᠡᠨ ᠠᠲᠡᠭᠦᠷᠡᠮᠡᠷ ᠰᠠᠨᠠᠭᠲᠠᠯ᠎ᠠ᠃ ᠤᠷᠢᠬᠠᠨ ᠶᠡᠭᠡ ᠰᠤᠷᠭᠠᠭᠤᠯᠢ ᠪᠠᠨ ᠲᠡᠭᠦᠰᠦᠭᠰᠡᠨ ᠤ ᠲᠠᠷᠠᠭ᠎ᠠ ᠲᠤᠷ᠎ᠠ ᠪᠠᠬ᠎ᠠ ᠳᠤ ᠪᠠᠨ ᠬᠦᠳᠦᠯᠦᠭᠳᠡᠨ ᠦᠨᠲᠡᠭᠡᠨ ᠪᠤᠤᠪᠤ ᠲᠠᠢ ᠤᠷᠤᠯᠲᠤᠵᠦ ᠠᠩᠬᠠᠨ ᠳᠤ  ᠪᠠᠨ ᠰᠦᠯᠵᠢᠶ᠎ᠡ ᠪᠤᠶᠤ ᠲᠧᠯᠸᠢᠰ ᠠᠴᠠ ᠦᠨᠲᠡᠭᠡᠨ ᠪᠤᠤᠪᠤ᠂ ᠺᠦᠷᠢᠶᠠ ᠬᠤᠭᠤᠯᠠ᠂ ᠵᠠᠶᠢᠷᠮᠠᠭ ᠬᠡᠬᠦ ᠮᠡᠲᠦ ᠶᠢᠨ ᠤᠯᠠᠨ ᠠᠷᠪᠢᠨ ᠢᠲᠡᠭᠡᠨ ᠤᠮᠲᠠᠭᠠᠨ ᠬᠢᠬᠦ ᠠᠷᠭ᠎ᠠ ᠶᠢ ᠬᠠᠯᠠᠰᠢᠷᠠᠯ ᠦᠭᠡᠢ ᠪᠠᠷ ᠲᠠᠭᠤᠷᠢᠶᠠᠨ ᠬᠢᠵᠦ ᠨᠠᠯᠢᠶᠠᠳ ᠰᠠᠶᠢᠬᠠᠨ ᠬᠢᠬᠡᠳ ᠴᠢᠲᠠᠭᠰᠠᠨ ᠰᠠᠭᠤᠷᠢᠨ ᠲᠡᠭᠡᠷ᠎ᠡ ᠬᠠᠶᠠ ᠳᠠᠭᠠᠨ ᠪᠠᠰᠠ ᠸᠢᠴᠠᠲ ᠢᠶᠠᠷ ᠪᠣᠷᠣᠯᠠᠭᠤᠯᠣᠭᠠᠳ ᠬᠡᠷᠡᠭᠯᠡᠭᠴᠢᠳ ᠤᠨ ᠮᠠᠰᠢ ᠰᠠᠶᠢᠨ ᠦᠨᠡᠯᠡᠯᠲᠡ ᠶᠢ ᠣᠯᠣᠭᠰᠠᠨ ᠪᠠᠶᠢᠵᠠᠢ᠃      ᠭᠡᠷ ᠤᠨ ᠬᠦᠮᠦᠰ  ᠪᠤᠯᠤᠨ ᠨᠠᠶᠢᠵᠠ ᠨᠦᠬᠦᠳ ᠤᠨ ᠬᠠᠯᠠᠭᠤᠨ ᠵᠤᠷᠢᠭᠵᠢᠭᠤᠯᠤᠯ ᠲᠤᠤᠷ᠎ᠠ 2017 ᠤᠨ ᠳᠤ ᠤᠷᠢᠬᠠᠨ ᠡᠨᠡᠬᠦ ᠦᠢᠯᠡᠰ ᠢᠶᠠᠨ ᠲᠤᠭᠲᠠᠮᠠᠯ ᠬᠢᠬᠦ ᠪᠠᠷ ᠵᠤᠷᠢᠭ ᠰᠢᠭᠤᠳᠴᠤ 2018 ᠤᠨ ᠳᠤ ᠭᠠᠯᠠᠭᠤᠲᠤ ᠪᠠᠯᠭᠠᠰᠤᠨ ᠳᠤ ᠲᠤᠰᠬᠠᠢ ᠲᠡᠯᠭᠡᠭᠦᠷ ᠨᠡᠭᠡᠭᠡᠵᠦ ᠦᠢᠯᠡᠰ ᠤᠨ ᠮᠦᠷ ᠢᠶᠠᠨ ᠳᠣᠷᠠᠶᠢᠯᠭᠠᠭᠰᠠᠨ ᠪᠠᠶᠢᠨ᠎ᠠ᠃      ᠣᠷᠢᠬᠠᠨ᠄ ︽ᠠᠩᠬᠠᠨ ᠳᠠᠭᠠᠨ ᠬᠡᠷ ᠲᠤ ᠪᠠᠨ ᠬᠢᠵᠦ ᠪᠠᠶᠢᠭᠰᠠᠨ᠂ ᠬᠡᠷ ᠵᠢᠭᠠᠬᠠᠨ ᠬᠤᠯᠠ ᠪᠠᠶᠢᠭᠰᠠᠨ ᠴᠤ ᠢᠷᠡᠬᠦ ᠬᠦᠮᠦᠨ ᠠᠷᠪᠢᠨ᠂ ᠬᠦᠮᠦᠨ ᠣᠯᠠᠮ ᠢᠷᠡᠬᠦ ᠳᠣᠳᠣᠮ ᠨᠠᠮ᠎ᠠ ᠳᠤ ᠣᠯᠠᠮ ᠶᠡᠭᠡ ᠵᠣᠷᠢᠭᠵᠢᠭᠤᠯᠣᠯ ᠪᠣᠯᠵᠦ ᠵᠡᠬᠡᠯᠢ ᠳᠡᠭᠡᠷ᠎ᠡ ᠨᠢᠬᠡ ᠳᠡᠯᠬᠡᠬᠦᠷ ᠨᠡᠬᠡᠬᠡᠴᠢᠬᠡᠪᠡᠯ ᠬᠦᠮᠦᠰ ᠲᠤ ᠪᠠᠰᠠ ᠳᠦᠬᠦᠮ ᠪᠣᠯᠬᠤ ᠪᠤᠢ ᠬᠡᠵᠦ ᠳᠦᠷᠦᠯ ᠰᠠᠳᠣᠨ᠂ ᠨᠠᠶᠢᠵᠠ ᠨᠦᠬᠦᠳ ᠤᠨ ᠳᠡᠮᠵᠢᠯᠬᠡ ᠳᠣᠣᠷ᠎ᠠ ᠳᠡᠯᠬᠡᠬᠦᠷ ᠢᠶᠠᠨ ᠨᠡᠬᠡᠬᠡᠭᠰᠡᠨ ᠶᠤᠮ︾ ᠭᠡᠪᠡ᠃      ︽ᠤᠰᠤ ᠤᠷᠤᠭᠤ ᠪᠠᠨ᠂ ᠬᠦᠮᠦᠨ ᠦᠭᠡᠲᠡ ᠪᠠᠨ︾ ᠭᠡᠲᠡᠭᠴᠢᠯᠡᠨ ᠣᠷᠢᠬᠠᠨ ᠲᠤᠰᠬᠠᠶᠢᠯᠠᠨ ᠪᠡᠭᠡᠵᠢᠩ᠂ ᠱᠠᠩᠬᠠᠢ ᠵᠡᠷᠭᠡ  ᠭᠠᠵᠠᠷ ᠢᠶᠠᠷ ᠬᠦᠷᠴᠦ ᠦᠨᠲᠡᠭᠡᠨ ᠪᠤᠤᠪᠤ᠂ ᠵᠠᠶᠢᠷᠮᠠᠭ᠂ ᠺᠤᠹᠢ ᠵᠡᠷᠭᠡ ᠢᠲᠡᠭᠡᠨ ᠤᠮᠲᠠᠭᠠᠨ ᠬᠢᠬᠦ ᠠᠷᠭ᠎ᠠ ᠢ ᠨᠡᠩ ᠭᠦᠨᠵᠡᠭᠡᠢ ᠰᠤᠷᠤᠯᠴᠠᠨ ᠡᠵᠡᠮᠰᠢᠵᠦ ᠠᠵᠢᠯ ᠦᠢᠯᠡᠰ ᠡᠷᠬᠢᠯᠡᠬᠦ ᠮᠡᠷᠭᠡᠵᠢᠯ ᠢᠶᠠᠨ ᠳᠠᠰᠣᠷᠠᠯᠳᠠ ᠦᠬᠡᠢ ᠳᠡᠭᠡᠭᠰᠢᠯᠡᠬᠦᠯᠦᠭᠰᠡᠨ ᠠᠴᠠ ᠬᠤᠶᠠᠷ ᠵᠢᠯ ᠤᠨ ᠲᠤᠷᠰᠢ ᠤᠷᠢᠬᠠᠨ ᠤ ᠲᠡᠯᠭᠡᠭᠦᠷ ᠤᠨ ᠪᠤᠷᠤᠯᠠᠭᠤᠯᠭ᠎ᠠ ᠮᠠᠰᠢ ᠰᠠᠶᠢᠨ ᠪᠠᠶᠢᠵᠦ ᠤᠨᠴᠠᠭᠠᠶᠢᠯᠠᠨ ᠵᠢᠯ ᠴᠠᠭᠠᠨ ᠰᠠᠷ᠎ᠠ ᠪᠤᠶᠤ ᠪᠠᠶᠠᠷ ᠲᠤᠷᠠᠰᠬᠠᠯ ᠤᠨ ᠡᠲᠦᠷ ᠬᠠᠩᠭᠠᠯᠭ᠎ᠠ ᠨᠢ ᠬᠡᠷᠡᠭᠴᠡᠭᠡ ᠳᠤ  ᠪᠠᠨ ᠬᠦᠷᠭᠦ ᠦᠭᠡᠢ ᠪᠤᠯᠵᠦ ᠬᠡᠷᠡᠭᠯᠡᠭᠴᠢᠳ ᠢ ᠤᠲᠠᠭᠠᠨ ᠬᠦᠯᠢᠶᠡᠯᠭᠡᠭᠰᠡᠨ ᠤᠲᠠᠭ᠎ᠠ ᠴᠤ ᠴᠦᠭᠡᠨ ᠪᠤᠰᠤ ᠭᠠᠷᠤᠭᠰᠠᠨ ᠪᠠᠶᠢᠨ᠎ᠠ᠃      ᠨᠠᠶᠢᠬᠡᠮ ᠤᠨ ᠬᠦᠭᠵᠢᠯᠲᠡ ᠶᠢ ᠲᠠᠭᠠᠯᠲᠤᠨ ᠬᠦᠮᠦᠰ ᠪᠤᠬᠢᠷᠲᠦᠯ ᠦᠭᠡᠢ ᠢᠲᠡᠭᠡᠨ ᠤᠮᠲᠠᠭᠠᠨ ᠢ ᠶᠡᠭᠡ ᠪᠠᠷ ᠬᠦᠬᠡᠬᠡᠴᠡᠯᠲᠦᠵᠦ ᠡᠷᠡᠭᠦᠯ ᠮᠡᠨᠲᠦ ᠶᠢᠨ ᠲᠠᠯ᠎ᠠ ᠪᠠᠷ ᠮᠠᠰᠢ ᠶᠡᠭᠡ ᠠᠩᠬᠠᠷᠲᠠᠭ ᠪᠤᠯᠤᠭᠰᠠᠨ ᠪᠠᠶᠢᠲᠠᠯ ᠳᠤ ᠴᠢᠭᠯᠡᠭᠦᠯᠦᠨ ᠤᠷᠢᠬᠠᠨ ᠡᠩ ᠲᠡᠷᠢᠭᠦᠨ ᠳᠤ ᠨᠠᠮᠠᠯᠲᠠ ᠡᠳ᠋ ᠪᠤᠯᠤᠨ ᠢᠯᠵᠢᠷᠡᠬᠦ ᠶᠢ ᠰᠡᠷᠭᠡᠶᠢᠯᠡᠬᠦ ᠡᠳ᠋ ᠵᠡᠷᠭᠡ ᠶᠢ ᠶᠡᠷᠦ ᠠᠴᠠ ᠬᠡᠷᠡᠭᠯᠡᠲᠡᠭ ᠦᠭᠡᠢ᠃ ᠡᠬᠦᠨ ᠤ ᠲᠠᠭᠠᠤ ᠳᠤ ᠨᠢ ᠴᠠᠭᠠᠨ ᠲᠤᠰᠤ᠂ ᠰᠢᠷ᠎ᠠ ᠲᠤᠰᠤ᠂ ᠲᠠᠰᠢᠮᠠᠭ᠂ ᠦᠷᠦᠮ᠎ᠡ ᠵᠡᠷᠭᠡ ᠪᠦᠲᠦᠭᠡᠭᠲᠡᠭᠦᠨ ᠲᠠᠢ ᠤᠶᠠᠯᠲᠤᠭᠤᠯᠤᠨ ᠲᠤᠬᠢᠷᠠᠭᠤᠯᠵᠦ ᠰᠢᠨ᠎ᠡ ᠪᠦᠲᠦᠭᠡᠭᠲᠡᠭᠦᠨ ᠢ ᠰᠣᠳᠣᠯᠣᠨ ᠭᠠᠷᠭᠠᠵᠦ ᠬᠦᠮᠦᠰ  ᠤᠨ ᠬᠡᠷᠡᠭᠴᠡᠭᠡ ᠪᠤᠯᠤᠨ ᠲᠠᠭᠠᠰᠢᠶᠠᠯ ᠢ ᠶᠡᠭᠡ ᠪᠠᠷ ᠤᠯᠤᠭᠰᠠᠨ ᠪᠠᠶᠢᠨ᠎ᠠ᠃ ᠬᠤᠶᠢᠰᠢᠳᠠ ᠳᠡᠯᠭᠡᠬᠦᠷ ᠢᠶᠠᠨ ᠦᠷᠬᠡᠳᠭᠡᠵᠦ ᠪᠠᠶᠢᠭᠠᠯᠢᠯᠢᠭ ᠢᠳᠡᠭᠡᠨ ᠣᠮᠳᠠᠭᠠᠨ ᠢ ᠨᠡᠩ ᠤᠯᠠᠨ ᠬᠦᠮᠦᠰ ᠲᠤ ᠠᠮᠳᠠᠯᠠᠭᠤᠯᠬᠤ ᠬᠦᠰᠡᠯ ᠲᠠᠢ ᠪᠠᠶᠢᠯ᠎ᠠ
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号