ᠮᠠᠨ ᠤ ᠬᠤᠰᠢᠭᠤ ︽ᠬᠡᠭᠡᠷ᠎ᠡ ᠶᠢᠨ ᠠᠮᠢᠲᠠᠨ ᠢ ᠬᠠᠶᠢᠷᠠᠯᠠᠨ ᠬᠠᠮᠠᠭᠠᠯᠠᠵᠤ ᠲᠠᠯ᠎ᠠ ᠨᠣᠳᠤᠭ ᠤᠨ ᠣᠣᠭᠠᠯ ᠰᠣᠶᠣᠯ ᠢ ᠣᠶᠢᠯᠡᠭᠠᠨ ᠵᠢᠭᠤᠯᠴᠢᠯᠡᠬᠤ︾ ᠠᠵᠢᠯᠯᠠᠭ᠎ᠠ ᠶᠠᠪᠤᠭᠳᠠᠭᠤᠯᠪᠠ
ᠨᠡᠶᠢᠲᠡᠯᠡᠭᠰᠡᠨ ᠴᠠᠭ᠄
2020-06-11
   ᠣᠶᠢᠷ᠎ᠠ ᠶᠢᠨ ᠡᠳᠣᠷ᠂ ᠮᠠᠨ ᠤ ᠬᠤᠰᠢᠭᠤᠨ ᠤ ᠰᠣᠶᠣᠯ ᠪᠠ ᠵᠢᠭᠤᠯᠴᠢᠯᠠᠯ ᠤᠨ ᠲᠤᠪᠴᠢᠶ᠎ᠠ ᠪᠣᠯᠣᠨ ᠴᠠᠭᠠᠨ ᠰᠦᠯᠳᠡ ᠠᠮᠢ ᠠᠬᠤᠢ ᠶᠢᠨ ᠵᠢᠭᠤᠯᠴᠢᠯᠠᠯ ᠤᠨ ᠣᠷᠣᠨ ᠲᠠᠢ ᠬᠠᠮᠳᠣᠷᠠᠨ ᠡᠷᠬᠢᠯᠡᠭᠰᠡᠨ ︽ᠬᠡᠭᠡᠷ᠎ᠡ ᠶᠢᠨ ᠠᠮᠢᠲᠠᠨ ᠢ ᠬᠠᠶᠢᠷᠠᠯᠠᠨ ᠬᠠᠮᠠᠭᠠᠯᠠᠵᠤ ᠲᠠᠯ᠎ᠠ ᠨᠣᠳᠤᠭ ᠤᠨ ᠣᠣᠭᠠᠯ ᠰᠣᠶᠣᠯ ᠢ ᠣᠶᠢᠯᠠᠭᠠᠨ ᠵᠢᠭᠤᠯᠴᠢᠯᠬᠤ︾ ᠠᠵᠢᠯᠯᠠᠭ᠎ᠠ ᠴᠠᠭᠠᠨ ᠰᠦᠯᠳᠡ ᠠᠮᠢ ᠠᠬᠤᠢ ᠶᠢᠨ ᠵᠢᠭᠤᠯᠴᠢᠯᠠᠯ ᠤᠨ ᠣᠷᠣᠨ ᠳᠤ ᠶᠠᠪᠣᠭᠳᠠᠵᠣ ᠬᠡᠬᠡᠷ᠎ᠠ ᠶᠢᠨ ᠠᠮᠢᠳᠡᠨ᠂ ᠡᠬᠡ ᠪᠠᠶᠢᠭᠠᠯᠢ ᠪᠠᠨ ᠬᠠᠶᠢᠷᠠᠯᠠᠨ ᠬᠠᠮᠠᠭᠠᠯᠠᠬᠤ ᠶᠢ ᠰᠠᠨᠠᠭᠠᠴᠢᠯᠠᠨ ᠣᠷᠢᠶᠠᠯᠠᠯ᠎ᠠ᠃
   ᠠᠵᠢᠯᠯᠠᠭᠠᠨ ᠳᠤ ᠨᠤᠲᠤᠭ ᠤᠨ ᠲᠣᠮᠤᠭᠠᠲᠠᠳ ᠠᠴᠠ ᠵᠢᠭᠢ ᠶᠢᠨ ᠨᠠᠭᠤᠷ ᠤᠨ ᠳᠠᠬᠢᠯᠭ᠎ᠠ ᠶᠢᠨ ᠵᠠᠩ ᠦᠢᠯᠡ ᠶᠢ ᠶᠠᠪᠤᠭᠳᠠᠭᠤᠯᠵᠤ ᠰᠤᠷᠤᠭᠴᠢᠳ ᠤᠨ ᠲᠥᠯᠦᠭᠡᠯᠡᠭᠴᠢ ᠬᠡᠭᠡᠷ᠎ᠡ ᠶᠢᠨ ᠠᠮᠢᠲᠠᠨ ᠢ ᠬᠠᠶᠢᠷᠠᠯᠠᠬᠤ ᠰᠠᠨᠠᠭᠠᠴᠢᠯᠠᠭ᠎ᠠ ᠶᠢᠨ ᠪᠢᠴᠢᠭ‌‍ᠢ ᠤᠩᠰᠢᠨ ᠣᠶᠢᠷ᠎ᠠ ᠬᠠᠪᠢ ᠶᠢᠨ 100 ᠭᠠᠷᠣᠢ ᠮᠠᠯᠴᠢᠳ ᠪᠣᠯᠤᠨ ᠵᠢᠭᠤᠯᠴᠢᠯᠠᠭᠴᠢᠳ ᠥᠪᠡᠷ ᠤᠨ ᠰᠠᠶᠢᠨ ᠳᠤᠷ᠎ᠠ ᠠᠴᠠ ᠪᠠᠨ ᠡᠯ᠎ᠡ ᠲᠦᠷᠦᠯ ᠤᠨ 500 ᠭᠠᠷᠣᠢ ᠵᠢᠭᠠᠰᠤ ᠵᠢᠷᠠᠭᠠᠬᠠᠢ ᠶᠢ ᠵᠢᠭᠢ ᠶᠢᠨ ᠨᠠᠭᠤᠷ ᠲᠤ ᠲᠠᠯᠪᠢᠵᠣ ᠡᠬᠡ ᠪᠠᠶᠢᠭᠠᠯᠢ ᠳᠤᠨᠢ ᠪᠣᠴᠠᠭᠠᠯ᠎ᠠ᠃ ᠬᠤᠰᠢᠭᠤ ᠮᠣᠩᠭᠤᠯ ᠦᠨᠳᠦᠰᠦᠲᠡᠨ ᠤ ᠲᠤᠷᠰᠢᠯᠲᠠ ᠶᠢᠨ ᠪᠠᠭ᠎ᠠ ᠰᠤᠷᠭᠠᠭᠤᠯᠢ ᠶᠢᠨ ᠰᠤᠷᠤᠭᠴᠢ ᠲᠠᠮᠢᠷᠲᠠᠢ ᠨᠣᠬᠠᠢ ᠶᠢᠨ ᠠᠮᠠᠨ ᠠᠴᠠ ᠠᠪᠤᠷᠠᠭᠰᠠᠨ ᠵᠠᠷᠠᠭ᠎ᠠ ᠶᠢ ᠠᠳᠡ ᠠᠪᠴᠢᠷᠠᠵᠤ ᠡᠬᠡ ᠪᠠᠶᠢᠭᠠᠯᠢ ᠳᠤᠨᠢ ᠪᠣᠴᠠᠭᠠᠵᠣ ᠤᠯᠤᠯᠲᠠ ᠲᠥᠷᠥᠭᠳᠡᠯ ᠭᠦᠨ ᠪᠠᠶᠢᠯ᠎ᠠ᠃
   ᠡᠨ᠋ᠨ ᠣᠳᠠᠭᠠᠨ ᠤ ᠠᠵᠢᠯᠯᠠᠭ᠎ᠠ ᠳᠤ ᠪᠠᠰᠠ ᠴᠠᠭᠠᠨ ᠰᠦᠯᠳᠡ ᠶᠢᠨ ᠳᠠᠬᠢᠯᠭ᠎ᠠ᠂ ᠭᠤᠯᠹ ᠪᠥᠮᠪᠦᠭᠡ ᠪᠠᠶᠠᠴᠢᠯᠠᠨ ᠨᠠᠭᠠᠳᠬᠤ᠂ ᠰᠣᠶᠣᠯ ᠵᠢᠭᠤᠯᠴᠢᠯᠠᠯ ᠤᠨ ᠪᠥᠲᠦᠭᠡᠭᠳᠡᠭᠦᠨ ᠢ ᠳᠡᠯᠭᠡᠨ ᠦᠵᠡᠭᠦᠯᠵᠣ ᠪᠣᠷᠣᠯᠠᠭᠤᠯᠬᠤ᠂ ︽ᠰᠣᠶᠣᠯ ᠤᠷᠠᠯᠢᠭ ᠢ ᠦᠵᠡᠮᠵᠢ ᠶᠢᠨ ᠣᠷᠣᠨ ᠳᠤ ᠬᠦᠷᠭᠡᠵᠦ ᠵᠢᠭᠤᠯᠴᠢᠯᠠᠯ ᠤᠨ ᠶᠠᠰᠤ ᠴᠢᠨᠠᠷ ᠢ ᠳᠡᠭᠡᠭᠰᠢᠯᠡᠭᠦᠯᠬᠦ︾ ᠵᠡᠷᠭᠡ ᠭᠤᠣᠯ ᠰᠡᠳᠦᠪᠲᠦ ᠠᠵᠢᠯᠯᠠᠭ᠎ᠠ ᠨᠢ ᠵᠣᠭᠠᠴᠠᠨ ᠳᠣᠭᠤᠷᠢᠭᠰᠠᠳ ᠲᠤ ᠦᠨᠳᠣᠰᠣᠳᠡᠨ ᠤ ᠣᠨᠴᠠᠯᠢᠭᠲᠣ ᠰᠣᠶᠣᠯ ᠳᠡᠣᠬᠡ ᠂ ᠬᠦᠳᠡᠭᠡ ᠨᠣᠳᠤᠭ ᠤᠨ ᠵᠠᠩ ᠤᠶᠢᠯᠡ᠂ ᠢᠳᠡᠭᠡᠨ ᠣᠮᠳᠠᠭᠠᠨ ᠤ ᠲᠠᠩᠰᠤᠭ ᠠᠮᠲᠠ ᠶᠢ  ᠪᠠᠶᠠᠴᠢᠯᠡᠨ ᠣᠶᠢᠯᠠᠭᠠᠭᠤᠯᠤᠭᠰᠠᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号