ᠰᠢ ᠶᠢᠨ ᠫᠢᠩ ᠪᠦᠷᠦ᠋ᠠᠲᠢ ᠶᠢᠨ ᠶᠡᠷᠦᠩᠭᠡᠶᠢᠯᠡᠭᠴᠢ ᠡᠸ᠋ᠨ᠋ᠺᠦ᠋ᠯᠦ᠋ᠨᠴᠢᠵᠠ ᠶᠢᠨ ᠨᠠᠰᠤ ᠪᠠᠷᠠᠭᠰᠠᠠ ᠳᠤ ᠪᠦᠷᠦ᠋ᠨᠲᠢ ᠶᠢᠨ ᠰᠤᠩᠭᠤᠭᠲᠠᠭᠰᠠᠠ ᠶᠡᠷᠦᠩᠭᠡᠶᠢᠯᠡᠭᠴᠢ ᠡᠸ᠋ᠨ᠋ᠲᠠᠶᠢᠱᠢᠮᠢᠶᠧ ᠳᠤ ᠭᠠᠰᠢᠭᠤᠲᠠᠯ ᠤᠨ ᠴᠠᠬᠢᠯᠭᠠᠠ ᠴᠢᠮᠡᠭᠡ ᠶᠠᠪᠤᠭᠤᠯᠪᠠ
ᠨᠡᠶᠢᠲᠡᠯᠡᠭᠰᠡᠨ ᠴᠠᠭ᠄
2020-06-15
     ᠤᠯᠤᠰ ᠤᠨ ᠲᠡᠷᠢᠭᠦᠯᠡᠭᠴᠢ ᠰᠢ ᠶᠢᠨ ᠫᠢᠩ 12 ᠤᠨ ᠡᠲᠦᠷ ᠪᠦᠷᠦ᠋ᠨᠲᠢ ᠶᠢᠨ ᠶᠡᠷᠦᠩᠭᠡᠶᠢᠯᠡᠭᠴᠢ ᠡᠸ᠋ᠨ᠋ᠺᠦ᠋ᠯᠦ᠋ᠨᠴᠢᠵᠠ ᠡᠪᠡᠳᠴᠢᠨ ᠢᠶᠠᠷ ᠵᠤᠯ ᠪᠤᠰᠤ ᠪᠠᠷ ᠨᠠᠰᠤ ᠪᠠᠷᠠᠭᠰᠠᠠ ᠳᠤ ᠪᠦᠷᠦ᠋ᠨᠲᠢ ᠶᠢᠨ ᠰᠤᠩᠭᠤᠭᠲᠠᠭᠰᠠᠠ ᠶᠡᠷᠦᠩᠭᠡᠶᠢᠯᠡᠭᠴᠢ ᠡᠸ᠋ᠨ᠋ᠲᠠᠶᠢᠱᠢᠮᠢᠶᠧ ᠳᠤ ᠭᠠᠰᠢᠭᠤᠲᠠᠯ ᠤᠨ ᠴᠠᠬᠢᠯᠭᠠᠠ ᠴᠢᠮᠡᠭᠡ ᠶᠠᠪᠤᠭᠤᠯᠪᠠ᠃ ᠰᠢ ᠶᠢᠨ ᠫᠢᠩ ᠲᠤᠮᠲᠠᠲᠤ ᠤᠯᠤᠰ ᠤᠨ ᠵᠠᠰᠠᠭ ᠤᠨ ᠤᠷᠲᠤᠨ ᠪᠤᠯᠤᠨ ᠲᠤᠮᠲᠠᠲᠤ ᠤᠯᠤᠰ ᠤᠨ ᠠᠷᠠᠳ ᠲᠦᠮᠡᠡ ᠤ ᠡᠮᠦᠨ᠎ᠠ ᠠᠴᠠ ᠲᠡᠷᠡᠴᠢᠯᠡᠨ ᠬᠤᠪᠢ ᠶᠢᠨ ᠨᠡᠷ᠎ᠠ ᠪᠠᠷ ᠢᠶᠠᠨ ᠶᠡᠷᠦᠩᠭᠡᠶᠢᠯᠡᠭᠴᠢ ᠡᠸ᠋ᠨ᠋ᠺᠦ᠋ᠯᠦ᠋ᠨᠴᠢᠵᠠ ᠶᠢᠨ ᠨᠠᠰᠤ ᠪᠠᠷᠠᠭᠰᠠᠠ ᠳᠤ ᠡᠮᠭᠡᠨᠢᠨ ᠭᠠᠰᠢᠭᠤᠲᠠᠵᠦ ᠪᠠᠶᠢᠬᠤ ᠪᠠᠨ ᠢᠯᠡᠳᠭᠡᠵᠦ᠂ ᠶᠡᠷᠦᠩᠭᠡᠶᠢᠯᠡᠭᠴᠢ ᠡᠸ᠋ᠨ᠋ᠺᠦ᠋ᠯᠦ᠋ᠨᠴᠢᠵᠠ ᠶᠢᠨ ᠲᠦᠷᠦᠯ ᠰᠠᠲᠤᠨ ᠪᠤᠯᠤᠨ ᠪᠦᠷᠦ᠋ᠨᠲᠢ ᠶᠢᠨ ᠠᠷᠠᠳ ᠲᠦᠮᠠᠠ ᠢ ᠴᠢᠩ ᠰᠡᠳᠭᠢᠯ ᠠᠴᠠ ᠪᠠᠨ ᠲᠤᠬᠤᠨᠢᠭᠤᠯᠵᠦ ᠪᠠᠶᠢᠬᠤ ᠪᠠᠨ ᠢᠯᠡᠳᠭᠡᠪᠡ᠃      ᠰᠢ ᠶᠢᠨ ᠫᠢᠩ᠂ ᠶᠡᠷᠦᠩᠭᠡᠶᠢᠯᠡᠭᠴᠢ ᠡᠸ᠋ᠨ᠋ᠺᠦ᠋ᠯᠦ᠋ᠨᠴᠢᠵᠠ ᠪᠤᠯ ᠪᠦᠷᠦ᠋ᠨᠲᠢ ᠶᠢᠨ ᠭᠠᠷᠮᠠᠭᠠᠢ ᠤᠯᠤᠰ ᠲᠦᠷᠦᠴᠢᠨ ᠮᠦᠨ᠂ ᠪᠦᠷᠦ᠋ᠨᠲᠢ ᠶᠢᠨ ᠠᠷᠠᠳ ᠲᠦᠮᠠᠠ ᠢ ᠤᠲᠤᠷᠢᠳᠴᠤ ᠤᠯᠤᠰ ᠤᠨ ᠡᠷᠭᠡ ᠮᠡᠲᠡᠯ ᠢᠶᠠᠨ ᠬᠠᠮᠠᠭᠠᠯᠠᠵᠦ᠂ ᠭᠠᠲᠠᠭᠠᠳᠦ ᠶᠢᠨ ᠬᠠᠯᠲᠠᠯᠭ᠎ᠠ ᠶᠢ ᠡᠰᠡᠷᠭᠦᠴᠡᠠ᠂ ᠤᠯᠤᠰ ᠤᠨ ᠡᠩᠭᠡ ᠲᠠᠶᠢᠪᠤᠩ᠂ ᠠᠮᠤᠷ ᠲᠤᠭᠲᠠᠭᠤᠨ ᠪᠤᠯᠤᠨ ᠬᠦᠭᠵᠢᠯᠲᠠ ᠶᠢ ᠢᠲᠡᠪᠬᠢᠲᠠᠢ ᠠᠬᠢᠭᠤᠯᠤᠭᠠᠳ᠂ ᠪᠦᠷᠦ᠋ᠨᠲᠢ ᠶᠢᠨ ᠠᠷᠠᠳ ᠲᠦᠮᠠᠠ ᠤ ᠬᠠᠶᠢᠷ᠎ᠠ ᠬᠦᠷᠢᠶᠡᠯᠡᠯ ᠢ ᠤᠯᠤᠬᠰᠠᠨ ᠶᠤᠮ᠃ ᠶᠡᠷᠦᠩᠭᠡᠶᠢᠯᠡᠭᠴᠢ ᠡᠸ᠋ᠨ᠋ᠺᠦ᠋ᠯᠦ᠋ᠨᠴᠢᠵᠠ ᠠᠮᠢᠲᠤ ᠰᠡᠷᠡᠭᠦᠨ ᠪᠠᠶᠢᠬᠤ ᠳᠠᠭᠠᠨ ᠲᠤᠮᠲᠠᠲᠤ ᠪᠦᠷᠦ᠋ᠨᠲᠢ ᠶᠢᠨ ᠤᠯᠠᠮᠵᠢᠯᠠᠯᠲᠦ ᠨᠦᠬᠦᠷᠯᠡᠯ ᠪᠤᠯᠤᠨ ᠤᠯᠤᠰ ᠲᠦᠷᠦ ᠶᠢᠨ ᠢᠲᠡᠭᠡᠯᠴᠡᠭᠡ ᠶᠢ ᠠᠬᠢᠭᠤᠯᠬᠤ ᠪᠠᠷ ᠴᠢᠷᠮᠠᠶᠢᠵᠦ᠂ ᠲᠤᠮᠲᠠᠲᠤ ᠪᠦᠷᠦ᠋ᠨᠲᠢ ᠶᠢᠨ ︽ᠪᠦᠬᠦ ᠲᠠᠯ᠎ᠠ ︾ ᠶᠢᠨ ᠬᠠᠨᠢᠲᠠᠨ ᠤ ᠬᠠᠷᠢᠯᠴᠠᠭ᠎ᠠ ᠶᠢ ᠬᠦᠨᠵᠡᠭᠡᠶᠢᠷᠡᠭᠦᠯᠤᠨ ᠬᠦᠭᠵᠢᠭᠦᠯᠬᠦ ᠳᠤ ᠴᠢᠬᠤᠯᠠ ᠬᠤᠪᠢ ᠨᠡᠮᠡᠷᠢ ᠦᠵᠡᠭᠦᠯᠵᠠᠢ᠃ ᠲᠡᠭᠦᠨ ᠤ ᠨᠠᠰᠤ ᠪᠠᠷᠠᠭᠰᠠᠠ ᠨᠢ ᠪᠦᠷᠦ᠋ᠨᠲᠢ ᠶᠢᠨ ᠠᠷᠠᠳ ᠲᠦᠮᠠᠠ ᠳᠤ ᠬᠦᠨᠲᠦ ᠨᠤᠴᠢᠲᠠᠢ ᠬᠤᠬᠢᠷᠠᠯ ᠪᠤᠯᠬᠤ ᠪᠠᠷ ᠪᠠᠷᠠᠬᠤ ᠦᠭᠡᠢ ᠪᠠᠰᠠ ᠲᠤᠮᠲᠠᠲᠤ ᠪᠦᠷᠦ᠋ᠨᠲᠢ ᠶᠢᠨ ᠨᠦᠬᠦᠷᠯᠡᠯ ᠤᠨ ᠦᠢᠯᠡᠰ ᠲᠤ ᠬᠦᠨᠲᠦ ᠨᠤᠴᠢᠲᠠᠢ ᠬᠤᠬᠢᠷᠠᠯ ᠪᠤᠯᠵᠠᠢ᠃ ᠲᠤᠮᠲᠠᠲᠤ ᠤᠯᠤᠰ ᠤᠨ ᠬᠢᠨ ᠲᠤᠮᠲᠠᠲᠤ ᠪᠦᠷᠦ᠋ᠨᠲᠢ ᠬᠤᠶᠠᠷ ᠤᠯᠤᠰ ᠤᠨ ︽ᠪᠦᠬᠦ ᠲᠠᠯ᠎ᠠ︾ ᠶᠢᠨ ᠨᠦᠬᠦᠷᠯᠡᠯ ᠢ ᠨᠠᠠᠲᠢᠩᠨᠠᠵᠦ᠂ ᠲᠤᠷᠠᠲᠠᠶ᠎ᠠ ᠪᠦᠷᠦ᠋ᠨᠲᠢ ᠶᠢᠨ ᠲᠠᠯ᠎ᠠ ᠲᠠᠢ ᠭᠠᠷ ᠬᠤᠯᠪᠤᠠ ᠴᠢᠷᠮᠠᠶᠢᠵᠦ᠂ ᠬᠤᠶᠠᠷ ᠤᠯᠤᠰ ᠤᠨ ᠨᠦᠬᠦᠷᠰᠡᠭ ᠬᠠᠮᠲᠤᠷᠠᠯᠴᠠᠭᠠᠨ ᠤ ᠬᠠᠷᠢᠯᠴᠠᠭ᠎ᠠ ᠶᠢᠨ ᠬᠦᠨᠵᠡᠭᠡᠢ ᠬᠦᠭᠵᠢᠯᠲᠠ ᠶᠢ ᠠᠬᠢᠭᠤᠯᠵᠦ᠂ ᠬᠤᠶᠠᠷ ᠤᠯᠤᠰ ᠪᠤᠯᠤᠨ ᠬᠤᠶᠠᠷ ᠤᠯᠤᠰ ᠤᠨ ᠠᠷᠠᠳ ᠲᠦᠮᠠᠠ ᠳᠤ ᠨᠡᠩ ᠰᠠᠶᠢᠨ ᠪᠤᠶᠠᠠ ᠦᠢᠯᠡᠲᠦᠨ᠎ᠠ ᠭᠡᠵᠦ ᠴᠢᠬᠤᠯᠠᠴᠢᠯᠠᠪᠠ᠃
 
ᠢᠷᠡᠯᠲᠡ᠄ ᠲᠤᠮᠳᠠᠲᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠬᠡᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号