ᠰᠤᠶᠤᠯ ᠪᠠ ᠠᠵᠤ ᠠᠬᠤᠢ
ᠨᠡᠶᠢᠲᠡᠯᠡᠭᠰᠡᠨ ᠴᠠᠭ᠄
2020-06-16
   ᠰᠤᠶᠤᠯ ᠪᠠ ᠠᠵᠤ ᠠᠬᠤᠢ                                   — ᠪᠤᠳᠠᠰ ᠤᠨ ᠪᠤᠰᠤ ᠰᠤᠶᠤᠯ ᠤᠨ ᠦᠪ ᠤᠨ                                        ᠬᠠᠮᠠᠭᠠᠯᠠᠯᠳᠠ ᠶᠢᠨ ᠠᠵᠢᠯ ᠤᠨ ᠲᠤᠬᠠᠢ ᠰᠤᠷᠪᠤᠯᠵᠢᠯᠠᠭ᠎ᠠ     ᠡᠨᠡ ᠵᠢᠯ ᠤᠨ 6 ᠰᠠᠷ᠎ᠠ ᠶᠢᠨ 13 ᠪᠤᠯ ︽ᠰᠤᠶᠤᠯ ᠪᠠ ᠪᠠᠶᠢᠭᠠᠯᠢ ᠶᠢᠨ ᠦᠪ ᠤᠨ ᠡᠳᠤᠷ︾ ᠪᠤᠯᠤᠨ᠎ᠠ᠃ ︽ᠪᠤᠳᠠᠰ ᠤᠨ ᠪᠤᠰᠤ ᠰᠤᠶᠤᠯ ᠤᠨ ᠦᠪ ᠢ ᠤᠯᠠᠮᠵᠢᠯᠠᠨ ᠵᠠᠯᠭᠠᠮᠵᠢᠯᠠᠵᠤ ᠡᠷᠡᠬᠦᠯ ᠠᠮᠢᠳᠤᠷᠠᠶ᠎ᠠ︾ — ᠡᠨᠡ ᠪᠤᠯ ᠡᠨᠡ ᠵᠢᠯ ᠤᠨ ︽ᠰᠤᠶᠤᠯ ᠪᠠ ᠪᠠᠶᠢᠭᠠᠯᠢ ᠶᠢᠨ ᠦᠪ ᠤᠨ ᠡᠳᠤᠷ︾᠎ ᠤᠨ ᠭᠤᠤᠯ ᠰᠡᠳᠤᠪ ᠪᠤᠯᠤᠨ᠎ᠠ᠃ ᠮᠦᠨ ᠴᠤ ᠡᠨᠡ ᠵᠢᠯ ᠪᠤᠯ ᠶᠠᠳᠠᠭᠤ ᠶᠢ ᠲᠡᠳᠬᠦᠬᠦ ᠪᠤᠭᠤᠮᠳᠠ ᠰᠢᠪᠳᠤᠯᠬᠤ ᠲᠠᠶᠢᠯᠠᠯᠳᠤᠭᠠᠨ ᠤ ᠰᠢᠢᠳᠪᠤᠷᠢᠳᠤ ᠢᠯᠠᠯᠳᠠ ᠶᠢ ᠤᠯᠬᠤ ᠵᠠᠩᠬᠢᠯᠠᠭ᠎ᠠ ᠶᠢᠨ ᠵᠢᠯ ᠪᠤᠯᠤᠨ᠎ᠠ᠃ ᠤᠢᠢᠷ᠎ᠠ ᠶᠢᠨ ᠵᠢᠯ ᠰᠤᠶᠤᠯ ᠪᠠ ᠵᠤᠭᠠᠴᠠᠯ ᠤᠨ ᠶᠠᠮᠤᠨ ᠲᠦᠷᠦ ᠶᠢᠨ ᠶᠠᠪᠤᠳᠠᠯ ᠤᠨ ᠬᠤᠷᠢᠶᠠᠨ ᠤ ᠶᠠᠳᠠᠭᠤ ᠶᠢ ᠲᠡᠳᠬᠦᠬᠦ ᠠᠯᠪᠠᠨ ᠭᠡᠷ ᠲᠠᠢ ᠬᠠᠮᠳᠤᠷᠠᠨ ᠪᠤᠳᠠᠰ ᠤᠨ ᠪᠤᠰᠤ ᠰᠤᠶᠤᠯ ᠤᠨ ᠦᠪ ᠢᠶᠠᠷ ᠶᠠᠳᠠᠭᠤ ᠶᠢ ᠲᠡᠳᠬᠦᠬᠦ ᠠᠵᠢᠯ ᠤᠯᠭᠤᠯᠳᠠ ᠶᠢᠨ ᠦᠢᠯᠡᠳᠭᠡᠯ ᠤᠨ ᠭᠠᠵᠠᠷ ᠪᠠᠶᠢᠭᠤᠯᠬᠤ ᠶᠢ ᠲᠡᠮᠵᠢᠵᠤ᠂ ᠲᠤᠬᠠᠢ ᠶᠢᠨ    ᠭᠠᠵᠠᠷ ᠲᠠᠭᠠᠨ ᠠᠵᠢᠯ ᠤᠯᠬᠤ᠂ ᠭᠡᠷ ᠲᠡᠭᠡᠨ ᠠᠵᠢᠯ ᠤᠯᠬᠤ ᠶᠢ ᠪᠡᠶᠡᠯᠡᠬᠦᠯᠤᠨ᠂ ᠶᠠᠳᠠᠭᠤ ᠶᠢ ᠲᠡᠳᠬᠦᠬᠦ ᠪᠤᠭᠤᠮᠳᠠ ᠰᠢᠪᠳᠤᠯᠬᠤ ᠲᠠᠶᠢᠯᠠᠯᠳᠤᠭᠠᠨ ᠳᠤ ᠬᠦᠴᠤ ᠨᠡᠮᠡᠷᠢᠯᠡᠭᠰᠡᠨ ᠪᠠᠶᠢᠨ᠎ᠠ᠃
    ᠲᠡᠭᠡᠪᠡᠯ ᠶᠠᠭᠤ ᠶᠢ ᠪᠤᠳᠠᠰ ᠤᠨ ᠪᠤᠰᠤ ᠰᠤᠶᠤᠯ ᠤᠨ ᠦᠪ ᠭᠡᠬᠦ ᠪᠤᠢ︖ ᠪᠤᠳᠠᠰ ᠤᠨ ᠪᠤᠰᠤ ᠰᠤᠶᠤᠯ ᠤᠨ ᠦᠪ ᠢ ᠤᠯᠠᠮᠵᠢᠯᠠᠨ ᠵᠠᠯᠭᠠᠮᠵᠢᠯᠠᠬᠤ ᠨᠢ ᠶᠠᠮᠠᠷ ᠠᠴᠢ ᠬᠤᠯᠪᠤᠬᠳᠠᠯ ᠲᠠᠢ ᠪᠤᠢ︖ ᠮᠠᠨ ᠤ ᠬᠤᠳᠠ ᠡᠨᠡ ᠠᠵᠢᠯ ᠢ ᠭᠡᠷᠬᠢᠨ ᠬᠢᠵᠤ ᠪᠠᠶᠢᠬᠤ ᠪᠤᠢ︖ ᠤᠢᠢᠷ᠎ᠠ ᠳᠤ ᠰᠤᠷᠪᠤᠯᠵᠢᠯᠠᠬᠴᠢ ᠲᠡᠳ᠋ ᠰᠤᠳᠤᠯᠤᠨ ᠨᠤᠮ ᠤᠨ ᠰᠠᠩᠴᠢ ᠮᠠᠩᠯᠠᠢ᠂ ᠦᠤᠰᠢᠨ ᠬᠤᠰᠢᠭᠤᠨ ᠤ ᠪᠤᠳᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳᠠ ᠶᠢᠨ ᠲᠦᠪ ᠤᠨ ᠡᠷᠬᠢᠯᠡᠭᠴᠢ ᠴᠡᠴᠡᠭ ᠪᠤᠯᠤᠨ ᠦᠪᠯᠡᠨ ᠤᠯᠠᠮᠵᠢᠯᠠᠬᠴᠢ ᠦᠷᠡᠶᠢᠨᠴᠡᠴᠡᠭ᠂ ᠤᠳᠤᠩᠭᠤᠸ᠎ᠠ ᠪᠠᠭᠰᠢ ᠶᠢ ᠰᠤᠷᠪᠤᠯᠵᠢᠯᠠᠵᠤ ᠤᠢᠢᠯᠠᠭᠠᠯ᠎ᠠ᠃     ᠰᠤᠷᠪᠤᠯᠵᠢᠯᠠᠬᠴᠢ᠄ ᠶᠠᠭᠤ ᠶᠢ ᠪᠤᠳᠠᠰ ᠤᠨ ᠪᠤᠰᠤ ᠰᠤᠶᠤᠯ ᠤᠨ ᠦᠪ ᠭᠡᠬᠦ ᠪᠤᠢ︖     ᠮᠠᠩᠯᠠᠢ᠄ ᠶᠡᠷᠤ ᠨᠢ ᠰᠤᠶᠤᠯ ᠤᠨ ᠦᠪ ᠢ ᠬᠤᠶᠠᠷ ᠶᠡᠭᠡ ᠲᠦᠷᠦᠯ ᠳᠤ ᠠᠩᠬᠢᠯᠠᠵᠤ ᠪᠠᠶᠢᠳᠠᠭ᠂ ᠨᠢᠭᠡ ᠨᠢ ᠪᠠᠶᠡᠳᠤ ᠰᠤᠶᠤᠯ ᠤᠨ ᠦᠪ᠂ ᠨᠦᠬᠦᠭᠡ ᠨᠢ ᠪᠠᠶᠡᠳᠤ ᠪᠤᠰᠤ ᠰᠤᠶᠤᠯ ᠤᠨ ᠦᠪ ᠪᠤᠯᠤᠨ᠎ᠠ᠃ ᠦᠪᠤᠷ ᠮᠤᠩᠭᠤᠯᠴᠤᠳ ᠪᠤᠳᠠᠰ ᠤᠨ ᠰᠤᠶᠤᠯ ᠤᠨ ᠦᠪ ᠪᠠ ᠪᠤᠳᠠᠰ ᠤᠨ ᠪᠤᠰᠤ ᠰᠤᠶᠤᠯ ᠤᠨ ᠦᠪ ᠭᠡᠵᠤ ᠤᠷᠴᠢᠭᠤᠯᠵᠤ ᠪᠠᠶᠢᠨ᠎ᠠ᠃ ᠲᠡᠶᠢᠮᠤ ᠤᠨᠤᠪᠴᠢ ᠲᠠᠢ ᠤᠷᠴᠢᠭᠤᠯᠭ᠎ᠠ ᠪᠢᠰᠢ᠃ ᠬᠠᠯᠬᠠᠴᠤᠳ ᠤᠨ ᠭᠡᠯᠡᠳᠡᠭ ᠪᠠᠶᠠᠳᠤ ᠰᠤᠶᠤᠯ ᠤᠨ ᠦᠪ ᠪᠠ ᠪᠠᠶᠡᠳᠤ ᠪᠤᠰᠤ ᠰᠤᠶᠤᠯ ᠤᠨ ᠦᠪ ᠭᠡᠳᠡᠭ ᠦᠭᠡ ᠪᠤᠯ ᠶᠠᠭ ᠤᠤᠯ ᠤᠳᠬ᠎ᠠ ᠶᠢ ᠨᠢ ᠤᠨᠤᠭᠠᠵᠤ ᠭᠡᠯᠡᠵᠤ ᠪᠠᠶᠢᠭ᠎ᠠ ᠶᠤᠮ᠃ ᠬᠦᠮᠤᠨ ᠤ ᠠᠯᠢᠪᠠ ᠦᠢᠯᠡ ᠠᠵᠢᠯᠯᠠᠭ᠎ᠠ ᠶᠢᠨ ᠨᠢᠭᠡ ᠨᠢ ᠬᠦᠮᠤᠨ ᠤ ᠪᠠᠶ᠎ᠠ᠂ ᠨᠦᠬᠦᠭᠡ ᠨᠢ ᠬᠦᠮᠤᠨ ᠤ ᠤᠶᠤᠨ ᠤᠬᠠᠭᠠᠨ ᠪᠤᠯᠤᠨ᠎ᠠ᠃ ᠴᠢᠩᠭᠢᠰ ᠬᠠᠭᠠᠨ ᠤ ᠪᠢᠯᠢᠭ ᠰᠤᠷᠭᠠᠯ ᠳᠤ ︽ᠪᠠᠶ᠎ᠠ ᠪᠠᠭᠠᠳᠤᠷ ᠪᠤᠯᠪᠠᠰᠤ ᠨᠢᠭᠡᠨ ᠦᠶ᠎ᠡ ᠶᠢᠨ ᠪᠠᠭᠠᠳᠤᠷ᠂ ᠪᠢᠯᠢᠭ ᠪᠠᠭᠠᠳᠤᠷ ᠪᠤᠯᠪᠠᠰᠤ ᠮᠢᠩᠭᠠᠨ ᠦᠶ᠎ᠡ ᠶᠢᠨ ᠪᠠᠭᠠᠳᠤᠷ︾ ᠭᠡᠳᠡᠭ᠃ ︽ᠪᠢᠯᠢᠭ ᠪᠠᠭᠠᠳᠤᠷ︾ ᠭᠡᠳᠡᠭ ᠨᠢ ᠰᠤᠶᠤᠯ ᠤᠨ ᠦᠪ᠂ ᠤᠶᠤᠨ ᠤ ᠰᠢᠨᠵᠢ ᠶᠢ ᠵᠢᠭᠠᠵᠤ ᠪᠠᠶᠢᠨ᠎ᠠ᠃ ᠪᠡᠶᠡᠳᠤ ᠪᠤᠰᠤ ᠰᠤᠶᠤᠯ ᠤᠨ ᠦᠪ ᠭᠡᠳᠡᠭ ᠪᠤᠯ ᠬᠦᠮᠤᠨ ᠲᠦᠷᠦᠯᠬᠢᠳᠡᠨ ᠤ ᠦᠶ᠎ᠡ ᠦᠶ᠎ᠡ ᠪᠠᠷ ᠪᠦᠳᠤᠭᠡᠵᠤ ᠢᠷᠡᠭᠰᠡᠨ ᠤᠶᠤᠨ ᠤ ᠪᠦᠳᠤᠭᠡᠯ ᠢ ᠵᠢᠭᠠᠵᠤ ᠪᠠᠶᠢᠭ᠎ᠠ ᠶᠤᠮ᠃ ᠤᠶᠤᠨ ᠤ ᠤᠷ᠎ᠠ ᠲᠡᠮ᠂ ᠤᠶᠤᠨ ᠤ ᠮᠡᠷᠭᠡᠵᠢᠯ ᠵᠡᠷᠭᠡ ᠠᠯᠢᠪᠠ ᠭᠠᠷ ᠲᠤ ᠪᠠᠷᠢᠬᠳᠠᠬᠤ ᠦᠭᠡᠢ᠂ ᠨᠢᠳᠤᠨ ᠳᠤ ᠦᠵᠡᠭᠳᠡᠬᠦ ᠦᠭᠡᠢ ᠵᠦᠢᠯ ᠪᠤᠯ ᠪᠠᠶᠡᠳᠤ ᠪᠤᠰᠤ ᠰᠤᠶᠤᠯ ᠮᠦᠨ᠃ ᠪᠡᠶᠡᠳᠤ ᠰᠤᠶᠤᠯ ᠤᠨ ᠦᠪ ᠭᠡᠳᠡᠭ ᠨᠢ ᠦᠵᠡᠭᠳᠡᠵᠤ᠂ ᠪᠠᠷᠢᠬᠳᠠᠵᠤ ᠪᠠᠶᠢᠭ᠎ᠠ ᠵᠦᠢᠯ ᠢ ᠵᠢᠭᠠᠵᠤ ᠪᠠᠶᠢᠨ᠎ᠠ᠃ ᠵᠢᠱᠢᠶᠠᠯᠡᠪᠡᠯ ᠴᠠᠢ ᠶᠢᠨ ᠴᠤᠮᠤ᠂ ᠡᠨᠡ ᠪᠤᠯ ᠪᠠᠶᠡᠳᠤ ᠰᠤᠶᠤᠯ ᠮᠦᠨ᠂ ᠡᠬᠦᠨ ᠢ ᠪᠤᠳᠠᠰ ᠭᠡᠵᠤ ᠭᠡᠯᠡᠵᠤ ᠪᠤᠯᠬᠤ ᠦᠭᠡᠢ᠃ ᠬᠦᠮᠤᠨ ᠤ ᠬᠦᠳᠡᠯᠮᠤᠷᠢ᠂ ᠬᠦᠮᠤᠨ ᠤ ᠤᠶᠤᠨ ᠤᠬᠠᠭᠠᠨ ᠤᠷᠤᠬᠤ ᠲᠠᠢ ᠵᠡᠷᠭᠡ ᠡᠨᠡ ᠪᠤᠯ ᠲᠠᠩ ᠭᠠᠭᠴᠠ ᠪᠤᠳᠠᠰ ᠪᠢᠰᠢ᠂ ᠡᠨᠡ ᠴᠢᠨᠢ ᠨᠢᠭᠡᠨᠳᠡ ᠰᠤᠶᠤᠯ ᠤᠨ ᠪᠦᠳᠤᠭᠡᠭᠳᠡᠬᠦᠨ ᠪᠤᠯᠴᠢᠬᠠᠨ᠎ᠠ᠃ ᠲᠡᠭᠡᠬᠦᠯᠡᠷ ᠡᠨᠡ ᠪᠤᠯ ᠪᠡᠶᠡᠳᠤ ᠰᠤᠶᠤᠯ᠂ ᠡᠬᠦᠨ ᠳᠤ ᠤᠷᠤᠬᠰᠠᠨ ᠤᠷ᠎ᠠ ᠤᠬᠠᠭᠠᠨ᠂ ᠮᠡᠷᠭᠡᠵᠢᠯ ᠤᠨ ᠰᠢᠨᠵᠢ ᠲᠠᠢ ᠶᠠᠭᠤᠮ᠎ᠠ ᠪᠤᠯ ᠪᠠᠶᠡᠳᠤ ᠪᠤᠰᠤ ᠰᠤᠶᠤᠯ ᠤᠨ ᠦᠪ ᠮᠥᠨ᠃     ᠰᠤᠷᠪᠤᠯᠵᠢᠯᠠᠬᠴᠢ᠄ ᠪᠤᠳᠠᠰ ᠤᠨ ᠪᠤᠰᠤ ᠰᠤᠶᠤᠯ ᠤᠨ ᠦᠪ ᠢ ᠤᠯᠠᠮᠵᠢᠯᠠᠨ ᠵᠠᠯᠭᠠᠮᠵᠢᠯᠠᠬᠤ ᠨᠢ ᠶᠠᠮᠠᠷ ᠠᠴᠢ ᠬᠤᠯᠪᠤᠬᠳᠠᠯ ᠲᠠᠢ ᠪᠤᠢ︖
    ᠮᠠᠩᠯᠠᠢ᠄ ᠬᠦᠮᠤᠨ ᠢ ᠬᠦᠨᠳᠤᠳᠭᠡᠬᠦ ᠳᠤ ᠬᠦᠷᠪᠡᠯ᠂ ᠰᠤᠶᠤᠯ ᠭᠡᠳᠡᠭ ᠶᠠᠭᠤᠮ᠎ᠠ ᠶᠢ ᠵᠠᠪᠠᠯ ᠬᠦᠨᠳᠤᠳᠭᠡᠬᠦ ᠭᠡᠷᠡᠭᠳᠡᠢ︔ ᠰᠤᠶᠤᠯ ᠢ ᠬᠦᠨᠳᠤᠳᠭᠡᠶ᠎ᠡ ᠭᠡᠪᠡᠯ ᠵᠠᠪᠠᠯ ᠲᠡᠭᠡᠷ᠎ᠡ ᠦᠶ᠎ᠡ ᠶᠢᠨ ᠤᠯᠠᠮᠵᠢᠯᠠᠯ ᠢ ᠵᠠᠯᠭᠠᠮᠵᠢᠯᠠᠵᠤ ᠬᠦᠭᠵᠢᠬᠦᠯᠬᠦ ᠭᠡᠷᠡᠭᠳᠡᠢ᠃ ᠤᠯᠠᠮᠵᠢᠯᠠᠯ ᠢᠶᠠᠨ ᠰᠢᠨᠡᠴᠢᠯᠡᠬᠦ ᠶᠤᠮ ᠤᠤ︖ ᠬᠦᠭᠵᠢᠬᠦᠯᠬᠦ ᠶᠤᠮ ᠤᠤ︖ ᠡᠰᠡᠬᠦᠯ᠎ᠡ ᠤᠯᠠᠮᠵᠢᠯᠠᠯ ᠢᠶᠠᠨ ᠦᠭᠡᠶᠢᠰᠭᠡᠬᠦ ᠶᠤᠮ ᠤᠤ︖ ᠭᠡᠰᠡᠨ ᠠᠰᠠᠭᠤᠳᠠᠯ ᠲᠡᠭᠡᠷ᠎ᠠ ᠶᠡᠷᠤ ᠠᠴᠠ ᠪᠠᠨ ᠮᠠᠨ ᠤ ᠤᠯᠤᠰ ᠤᠨ ᠭᠡᠪᠴᠢᠶᠡᠨ ᠳᠤ ᠴᠦ ᠲᠡᠷᠡ᠂ ᠮᠠᠨ ᠤ ᠮᠤᠩᠭᠤᠯᠴᠤᠳ ᠤᠨ ᠭᠡᠪᠴᠢᠶᠡᠨ ᠳᠤ ᠴᠦ ᠲᠡᠷᠡ᠂ ᠵᠢᠭᠠᠬᠠᠨ ᠪᠤᠷᠤᠭᠤ ᠤᠶᠢᠯᠠᠭᠠᠯᠳᠠ ᠪᠠᠶᠢᠨ᠎ᠠ᠃ ᠨᠡᠩ ᠢᠯᠠᠩᠭᠤᠶ᠎ᠠ ᠨᠢᠭᠡ ᠪᠦᠯᠦᠭ ᠬᠦᠮᠤᠰ ᠤᠯᠠᠮᠵᠢᠯᠠᠯ ᠢ ᠦᠭᠡᠶᠢᠰᠭᠡᠨ᠎ᠡ ᠭᠡᠵᠤ ᠪᠠᠶᠢᠨ᠎ᠠ᠃ ᠬᠦᠮᠤᠨ ᠶᠡᠷᠤ ᠨᠢ ᠰᠤᠶᠤᠯ ᠤᠨ ᠲᠤᠳᠤᠷ᠎ᠠ ᠲᠦᠷᠦᠨ᠎ᠡ᠃ ᠬᠦᠮᠤᠨ ᠰᠤᠶᠤᠯ ᠤᠨ ᠲᠤᠳᠤᠷ᠎ᠠ ᠲᠦᠷᠤᠮᠡᠨᠵᠢᠨ ᠰᠠᠶ᠋ᠢ ᠬᠦᠮᠤᠨ ᠪᠤᠯᠵᠤ ᠪᠠᠶᠢᠨ᠎ᠠ᠂ ᠭᠡᠷᠪᠡ ᠪᠠᠶᠢᠭᠠᠯᠢ ᠳᠠᠭᠠᠨ ᠪᠠᠶᠢᠪᠠᠯ ᠠᠮᠢᠳᠠᠨ ᠠᠷᠢᠶᠠᠳᠠᠨ ᠲᠠᠢ ᠡᠭᠡᠭᠡ ᠠᠳᠠᠯᠢᠬᠠᠨ᠃ ᠲᠡᠭᠡᠭᠰᠡᠨ ᠢᠶᠠᠷ ᠢᠶᠠᠨ ᠮᠤᠩᠭᠤᠯᠴᠤᠳ ᠶᠡᠷᠤ ᠳᠡᠭᠡᠨ ︽ᠮᠤᠳᠤᠨ ᠳᠤ ᠦᠨᠳᠤᠰᠤ ᠲᠠᠢ᠂ ᠬᠦᠮᠤᠨ ᠳᠤ ᠤᠭ ᠲᠠᠢ︾ ᠭᠡᠵᠤ ᠭᠡᠯᠡᠳᠡᠭ᠃ ︽ᠤᠭ︾ ᠭᠡᠳᠡᠭ ᠦᠭᠡ ᠴᠢᠨᠢ ᠡᠭᠡ ᠶᠢᠨ ᠬᠠᠮᠤᠭ ᠤᠨ ᠠᠩᠬᠠᠨ ᠤ ᠤᠳᠤᠮ ᠢ ᠵᠢᠭᠠᠵᠤ ᠪᠠᠶᠢᠭ᠎ᠠ ᠶᠤᠮ᠃ ᠤᠯᠠᠮᠵᠢᠯᠠᠯ ᠤᠨ ᠰᠢᠨᠵᠢ ᠶᠢ ᠬᠠᠳᠠᠭᠠᠯᠠᠳᠠᠭ ᠨᠢ ᠶᠡᠷᠤ ᠨᠢ ᠡᠭᠡ ᠶᠢᠨ ᠲᠠᠯ᠎ᠠ ᠪᠠᠶᠢᠳᠠᠭ᠃ ᠡᠴᠢᠭᠡ ᠶᠢᠨ ᠲᠠᠯ᠎ᠠ ᠪᠤᠯ ᠤᠳᠤᠮ ᠤᠨ ᠰᠢᠨᠵᠢ ᠶᠢ ᠬᠠᠳᠠᠭᠠᠯᠠᠳᠠᠭ᠃
    ᠤᠯᠠᠮᠵᠢᠯᠠᠯ ᠰᠢᠨᠡᠴᠢᠯᠡᠯ ᠤᠨ ᠠᠰᠠᠭᠤᠳᠠᠯ ᠲᠡᠤᠭᠡᠨ ᠠᠴᠠ ᠠᠪᠤᠭᠠᠳ ᠠᠯᠢ ᠴᠦ ᠤᠯᠤᠰ ᠦᠨᠳᠤᠰᠤᠳᠠᠨ ᠳᠤ ᠮᠠᠷᠭᠤᠭᠠᠨ ᠪᠤᠯᠤᠭᠠᠳ ᠢᠷᠡᠭᠰᠡᠨ ᠠᠰᠠᠭᠤᠳᠠᠯ᠃ ᠢᠯᠠᠩᠭᠤᠶ᠎ᠠ ᠰᠢᠨ᠎ᠡ ᠦᠵᠡᠯ ᠰᠠᠨᠠᠭ᠎ᠠ ᠨᠢᠭᠡ ᠦᠨᠳᠤᠰᠤᠳᠠᠨ ᠪᠤᠶᠤ ᠨᠢᠭᠡ ᠤᠯᠤᠰ ᠲᠤ ᠤᠯᠠᠮᠵᠢᠯᠠᠬᠳᠠᠬᠤ ᠦᠶ᠎ᠡ ᠳᠤ ᠤᠯᠠᠮᠵᠢᠯᠠᠯ ᠢᠶᠠᠨ ᠪᠦᠷᠢᠮᠤᠰᠤᠨ ᠦᠭᠡᠶᠢᠰᠭᠡᠬᠦ ᠶᠤᠮ ᠤᠤ ᠡᠰᠡᠬᠦᠯ᠎ᠡ ᠰᠢᠨ᠎ᠡ ᠰᠤᠶᠤᠯ ᠢ ᠪᠦᠭᠡᠮ ᠢᠶᠠᠷ ᠠᠪᠴᠤ ᠢᠷᠡᠬᠦ ᠶᠤᠮ ᠤᠤ ᠭᠡᠳᠡᠭ ᠠᠰᠠᠭᠤᠳᠠᠯ ᠳᠤ ᠵᠦᠡᠭᠳᠡᠭᠡᠨ ᠮᠠᠷᠭᠤᠭᠠᠨ ᠪᠤᠯᠳᠠᠭ᠃ ᠦᠨᠡᠨ ᠳᠡᠭᠡᠨ ᠰᠤᠶᠤᠯ ᠢ ᠡᠨᠡ ᠨᠢ ᠰᠢᠭᠠᠷᠤ ᠪᠠᠶᠢᠨ᠎ᠠ᠂ ᠲᠡᠷᠡ ᠨᠢ ᠤᠬᠢ ᠪᠠᠶᠢᠨ᠎ᠠ ᠭᠡᠵᠤ ᠢᠯᠭᠠᠬᠤ ᠶᠢᠨ ᠠᠷᠭ᠎ᠠ ᠦᠭᠡᠢ᠃ ᠵᠢᠱᠢᠶᠠᠯᠠᠪᠠᠯ᠂ ᠤᠰᠤ ᠴᠠᠢ ᠰᠦ ᠭᠤᠷᠪᠠ ᠶᠢ ᠨᠡᠶᠢᠯᠡᠬᠦᠯᠤᠨ ᠴᠢᠨᠠᠪᠠᠯ ᠰᠦ ᠲᠠᠢ ᠴᠠᠢ ᠪᠤᠯᠴᠢᠬᠠᠨ᠎ᠠ᠃ ᠲᠠᠬᠢᠭᠠᠳ ᠰᠦ ᠶᠢ ᠨᠢ ᠤᠰᠤ ᠠᠴᠠ ᠰᠠᠯᠭᠠᠬᠤ ᠪᠤᠶᠤ ᠤᠰᠤ ᠶᠢ ᠨᠢ ᠰᠦ ᠠᠴᠠ ᠰᠠᠯᠭᠠᠬᠤ ᠳᠤ ᠰᠠᠯᠭᠠᠵᠤ ᠲᠡᠶᠢᠯᠬᠦ ᠦᠭᠡᠢ ᠪᠤᠯᠴᠢᠬᠠᠨ᠎ᠠ ᠰᠢᠳᠡ᠂ ᠡᠬᠦᠨ ᠲᠠᠢ ᠠᠳᠠᠯᠢ᠂ ᠰᠤᠶᠤᠯ ᠪᠤᠯ ᠤᠰᠤ ᠴᠠᠢ ᠰᠦ ᠭᠤᠷᠪᠠ ᠠᠭᠤᠰᠤᠬᠰᠠᠨ ᠲᠠᠢ ᠠᠳᠠᠯᠢᠬᠠᠨ ᠠᠭᠤᠰᠴᠤ ᠪᠠᠶᠢᠳᠠᠭ᠃ ᠲᠡᠭᠡᠬᠦᠯᠡᠷ ᠰᠤᠶᠤᠯ ᠤᠨ ᠤᠯᠠᠮᠵᠢᠯᠠᠯ ᠰᠢᠨᠠᠴᠢᠯᠡᠯ ᠤᠨ ᠠᠰᠠᠭᠤᠳᠠᠯ ᠳᠤ ᠶᠡᠭᠡ ᠠᠷᠪᠢᠨ ᠠᠰᠠᠭᠤᠳᠠᠯ ᠬᠤᠯᠪᠤᠬᠳᠠᠨ᠎ᠠ᠃ ᠵᠢᠱᠢᠶᠠᠯᠠᠪᠠᠯ᠂ ᠤᠷᠠᠨ ᠵᠤᠬᠢᠶᠠᠯ ᠤᠨ ᠬᠦᠷᠢᠶ᠎ᠠ ᠭᠡᠪᠴᠢᠶᠡᠨ ᠳᠤ᠂ ᠬᠦᠮᠤᠰ ︽ᠦᠤᠷ ᠤᠨ ᠲᠤᠶᠠᠭ᠎ᠠ︾᠎ ᠶᠢ ᠵᠠᠭᠤᠨ ᠵᠢᠯ ᠤᠨ ᠡᠮᠤᠨᠡᠬᠢ ᠷᠤᠮᠠᠨ᠂ ᠲᠡᠬᠦᠨ ᠢ ᠤᠡᠭᠰᠢᠬᠤ ᠭᠡᠷᠡᠭ ᠦᠭᠡᠢ ᠭᠡᠰᠡᠨ ᠪᠠᠶᠢᠳᠠᠯ ᠲᠠᠢ ᠶᠠᠷᠢᠵᠤ ᠪᠠᠶᠢᠨ᠎ᠠ᠃ ᠲᠡᠭᠡᠳᠤ ᠶᠢᠨ ᠤᠯᠠᠮᠵᠢᠯᠠᠵᠤ ᠢᠷᠡᠭᠰᠡᠨ ᠰᠤᠶᠤᠯ ᠢᠶᠠᠨ ᠪᠦᠬᠦᠳᠡ ᠶᠢ ᠦᠭᠡᠶᠢᠰᠭᠡᠴᠢᠭᠡᠭᠡᠳ ᠰᠢᠨ᠎ᠡ ᠶᠠᠭᠤᠮ᠎ᠠ ᠬᠢᠨ᠎ᠠ ᠭᠡᠪᠡᠯ᠂ ᠠᠭᠠᠷ ᠲᠡᠭᠡᠷ᠎ᠡ ᠲᠡᠭᠳᠡᠴᠢᠭᠡᠭᠰᠡᠨ ᠰᠠᠭᠤᠷᠢ ᠦᠭᠡᠢ ᠶᠠᠭᠤᠮ᠎ᠠ ᠪᠤᠯᠤᠨ᠎ᠠ ᠰᠢᠳᠡ᠃ ᠲᠡᠷᠡ ᠴᠢᠨᠢ ︽ᠦᠨᠳᠤᠰᠤ ᠦᠭᠡᠢ ᠮᠤᠳᠤ᠂ ᠡᠬᠢ ᠦᠭᠡᠢ ᠤᠰᠤ︾᠃ ᠤᠰᠤᠨ ᠳᠤ ᠡᠬᠢ ᠪᠠᠶᠢᠬᠤ ᠦᠭᠡᠢ ᠳᠤ ᠬᠦᠷᠪᠡᠯ᠂ ᠲᠡᠷᠡ ᠴᠢᠨᠢ ᠦᠬᠦᠮᠡᠯ ᠤᠰᠤ᠃ ᠲᠡᠶᠢᠮᠤ ᠠᠴᠠ ᠰᠢᠨᠡᠴᠢᠯᠡᠯ ᠢ ᠵᠠᠪᠠᠯ ᠤᠯᠠᠮᠵᠢᠯᠠᠯ ᠤᠨ ᠰᠠᠭᠤᠷᠢᠨ ᠲᠡᠭᠡᠷ᠎ᠡ ᠰᠢᠨᠡᠴᠢᠯᠡᠨ᠎ᠡ᠃
    ᠬᠦᠮᠤᠨ ᠲᠦᠷᠦᠯᠬᠢᠳᠡᠨ ᠤ ᠨᠡᠶᠢᠭᠡᠮ ᠰᠤᠶᠤᠯ ᠤᠨ ᠲᠤᠳᠤᠷ᠎ᠠ ᠤᠷᠤᠰᠢᠨ ᠲᠤᠬᠳᠠᠨᠢᠵᠤ ᠬᠦᠭᠵᠢᠵᠤ ᠪᠤᠵᠠᠭᠠᠶᠢᠷᠠᠵᠤ ᠤᠯᠠᠮᠵᠢᠯᠠᠵᠤ ᠶᠠᠪᠤᠳᠠᠭ᠃ ᠤᠶᠢᠷ᠎ᠠ ᠶᠢᠨ ᠵᠢᠯ ᠠᠴᠠ ᠮᠠᠨ ᠤ ᠤᠯᠤᠰ ᠡᠶ᠎ᠡ ᠵᠤᠬᠢᠴᠠᠯ ᠲᠠᠢ ᠨᠡᠶᠢᠭᠡᠮ ᠢ ᠪᠠᠶᠢᠭᠤᠯᠵᠤ ᠪᠠᠶᠢᠨ᠎ᠠ᠃ ᠲᠡᠷᠡ ᠴᠢᠨᠢ ᠮᠤᠩᠭᠤᠯ ᠰᠤᠶᠤᠯ ᠤᠨ ᠤᠬᠢ ᠰᠤᠳᠤ᠃ ᠮᠤᠩᠭᠤᠯᠴᠤᠳ ᠶᠡᠷᠤ ᠠᠴᠠ ᠪᠠᠨ ᠠᠮᠢ ᠠᠬᠤᠢ ᠶᠢ ᠶᠡᠭᠡ ᠴᠢᠬᠤᠯᠠᠴᠢᠯᠠᠳᠠᠭ᠂ ᠮᠤᠩᠭᠤᠯᠴᠤᠳ ᠭᠠᠳᠠᠨ᠎ᠠ ᠶᠠᠪᠤᠵᠤ ᠪᠠᠶᠢᠭᠠᠳ ᠰᠢᠷᠭᠤᠯᠵᠢ ᠶᠢ ᠬᠦᠷᠳᠡᠯ᠎ᠡ ᠬᠢᠰᠬᠢᠵᠤ ᠠᠯᠠᠴᠢᠬᠠᠬᠤ ᠠᠴᠠ ᠬᠢᠴᠢᠶᠡᠳᠡᠭ᠂ ᠤᠢ ᠲᠤᠳᠤᠷ᠎ᠠ ᠶᠠᠪᠤᠵᠤ ᠪᠠᠶᠢᠭᠠᠳ ᠤᠨᠳᠠᠵᠤ ᠪᠠᠶᠢᠭ᠎ᠠ ᠪᠤᠯᠵᠤᠮᠤᠷ ᠢ ᠰᠤᠴᠢᠭᠠᠴᠢᠬᠠᠬᠤ ᠠᠴᠠ ᠪᠤᠯᠭᠤᠮᠵᠢᠯᠠᠳᠠᠭ᠃ ᠪᠠᠶᠢᠭᠠᠯᠢ ᠲᠠᠢ ᠪᠠᠨ ᠡᠶᠢᠮᠤ ᠰᠠᠶᠢᠬᠠᠨ ᠵᠤᠬᠢᠴᠠᠳᠠᠭ᠃ ᠡᠶᠢᠮᠤ ᠰᠠᠶᠢᠬᠠᠨ ᠵᠤᠬᠢᠴᠠᠬᠰᠠᠨ ᠤᠴᠢᠷ ᠠᠴᠠ ᠮᠤᠩᠭᠤᠯᠴᠤᠳ ᠤᠨ ᠨᠡᠶᠢᠭᠡᠮ ᠤᠨ ᠬᠦᠭᠵᠢᠯ᠂ ᠰᠤᠶᠤᠯ ᠤᠨ ᠬᠦᠭᠵᠢᠯ ᠤᠳᠤ ᠪᠤᠯᠳᠠᠯ᠎ᠠ ᠬᠦᠮᠤᠨ ᠲᠦᠷᠤᠯᠬᠢᠳᠡᠨ ᠤ ᠨᠡᠶᠢᠭᠡᠮ ᠤᠨ ᠬᠦᠭᠵᠢᠯᠳᠡ ᠳᠤ ᠠᠭᠤᠤ ᠶᠡᠭᠡ ᠦᠢᠯᠡᠳᠤᠯ ᠦᠵᠡᠬᠦᠯᠦᠭᠰᠡᠭᠡᠷ ᠢᠷᠡᠵᠡᠢ᠃ ᠲᠡᠭᠡᠬᠦᠯᠡᠷ ᠮᠤᠩᠭᠤᠯ ᠰᠤᠶᠤᠯ ᠢ ᠰᠤᠳᠤᠯᠵᠤ ᠪᠠᠶᠢᠭ᠎ᠠ ᠬᠦᠮᠤᠰ ︽ᠮᠤᠩᠭᠤᠯᠴᠤᠳ ᠬᠦᠮᠤᠨ ᠲᠦᠷᠦᠯᠬᠢᠳᠡᠨ ᠤ ᠨᠡᠶᠢᠭᠡᠮ ᠢ ᠰᠢᠨ᠎ᠡ ᠨᠢᠭᠡ ᠱᠠᠳᠤ ᠦᠶ᠎ᠡ ᠳᠤ ᠠᠬᠢᠭᠤᠯᠤᠬᠰᠠᠨ︾ ᠭᠡᠵᠤ ᠭᠡᠯᠡᠵᠤ ᠪᠠᠶᠢᠨ᠎ᠠ᠃
    ᠰᠤᠷᠪᠤᠯᠵᠢᠯᠠᠬᠴᠢ᠄ ᠨᠢᠳᠤᠨᠤᠨ ᠰᠢ ᠶᠢᠨ ᠫᠢᠡᠭ ᠶᠡᠷᠤᠩᠭᠡᠢ ᠱᠦᠵᠢ ᠦᠪᠤᠷ ᠮᠤᠩᠭᠤᠯ ᠳᠤ ᠰᠢᠨᠵᠢᠯᠡᠨ ᠪᠠᠶᠢᠴᠠᠭᠠᠬᠤ ᠳᠠᠭᠠᠨ ᠴᠦᠭᠡᠨ ᠲᠤᠭᠠᠳᠤ ᠦᠨᠳᠤᠰᠤᠳᠠᠨ ᠤ ᠰᠤᠶᠤᠯ ᠤᠨ ᠬᠠᠮᠠᠭᠠᠯᠠᠯᠳᠠ ᠪᠠ ᠤᠯᠠᠮᠵᠢᠯᠠᠯ ᠢ ᠴᠢᠬᠤᠯᠠᠴᠢᠯᠠᠵᠤ᠂ ︽ᠭᠡᠰᠡᠷ︾ ᠮᠡᠳᠤ ᠶᠢᠨ ᠪᠤᠳᠠᠰ ᠤᠨ ᠪᠤᠰᠤ ᠰᠤᠶᠤᠯ ᠤᠨ ᠦᠪ ᠢ ᠲᠡᠮᠵᠢᠨ ᠲᠡᠳᠬᠦᠵᠤ᠂ ᠤᠯᠠᠮᠵᠢᠯᠠᠬᠴᠢ ᠶᠢ ᠰᠠᠶᠢᠳᠤᠷ ᠬᠦᠮᠤᠵᠢᠬᠦᠯᠵᠤ᠂ ᠦᠶ᠎ᠠ ᠶᠢᠨ ᠦᠶ᠎ᠠ ᠳᠤ ᠤᠯᠠᠮᠵᠢᠯᠠᠬᠤ ᠭᠡᠷᠡᠭᠳᠡᠢ ᠭᠡᠵᠤ ᠵᠢᠭᠠᠨ ᠭᠠᠷᠭᠠᠪᠠ᠃ ᠦᠤᠰᠢᠨ ᠬᠤᠰᠢᠭᠤ ᠪᠤᠳᠠᠰ ᠤᠨ ᠪᠤᠰᠤ ᠰᠤᠶᠤᠯ ᠤᠨ ᠦᠪ ᠢ ᠬᠠᠮᠠᠭᠠᠯᠠᠬᠤ ᠠᠵᠢᠯ ᠢ ᠬᠢᠷᠢ ᠵᠡᠷᠭᠡ ᠬᠢᠵᠤ ᠪᠠᠶᠢᠭ᠎ᠠ ᠪᠤᠢ︖     ᠴᠡᠴᠡᠭ᠄ ᠮᠠᠨ ᠤ ᠬᠤᠰᠢᠭᠤᠨ ᠤ ᠪᠤᠳᠠᠰ ᠤᠨ ᠪᠤᠰᠤ ᠰᠤᠶᠤᠯ ᠤᠨ ᠦᠪ ᠢ ᠬᠠᠮᠠᠭᠠᠯᠠᠬᠤ ᠠᠵᠢᠯ 2006 ᠤᠨ ᠠᠴᠠ ᠡᠬᠢᠯᠡᠵᠠᠢ᠃ ᠪᠢᠳᠡ ᠰᠤᠶᠤᠯ ᠤᠨ ᠭᠡᠷ ᠲᠠᠢ ᠬᠠᠮᠳᠤᠷᠠᠨ ᠠᠩᠬ᠎ᠠ ᠤᠳᠠᠭ᠎ᠠ ᠶᠢᠨ ᠭᠡᠭᠡᠷ᠎ᠡ ᠶᠢᠨ ᠪᠠᠶᠢᠴᠠᠭᠠᠯᠳᠠ ᠬᠢᠭᠡᠳ ᠪᠠᠷᠤᠭ 300 ᠰᠢᠬᠠᠮ ᠡᠬᠢ ᠰᠤᠷᠪᠤᠯᠵᠢ ᠶᠢ ᠢᠯᠡᠷᠡᠬᠦᠯᠵᠤ᠂ ᠨᠢᠭᠡ ᠪᠦᠯᠦᠭ ᠨᠢ ᠪᠤᠳᠠᠰ ᠤᠨ ᠪᠤᠰᠤ ᠰᠤᠶᠤᠯ ᠤᠨ ᠦᠪ ᠢᠶᠠᠷ ᠨᠡᠶᠢᠳᠡᠯᠡᠭᠳᠡᠭᠰᠡᠨ ᠪᠠᠶᠢᠨ᠎ᠠ᠃ ᠡᠬᠦᠨ ᠳᠤ᠂ ᠤᠯᠤᠰ ᠤᠨ ᠲᠡᠰ ᠤᠨ 1᠂ ᠤᠷᠤᠨ ᠤ ᠲᠡᠰ ᠤᠨ 19᠂ ᠬᠤᠳᠠ ᠶᠢᠨ ᠲᠡᠰ ᠤᠨ 42᠂ ᠬᠤᠰᠢᠭᠤ ᠲᠡᠰ ᠤᠨ 67 ᠵᠦᠢᠯ ᠪᠠᠶᠢᠨ᠎ᠠ᠃ 2011 ᠤᠨ ᠳᠤ ᠮᠠᠨ ᠤ ᠬᠤᠰᠢᠭᠤ ᠪᠦᠬᠦ ᠤᠷᠤᠨ ᠤ ᠬᠤᠰᠢᠭᠤ ᠰᠢᠶᠠᠨ ᠤ ᠲᠡᠰ ᠤᠨ ᠠᠩᠬᠠᠳᠠᠬᠴᠢ ᠪᠤᠳᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳᠠ ᠶᠢᠨ ᠲᠦᠪ ᠢ ᠪᠠᠶᠢᠭᠤᠯᠪᠠ᠃ ᠬᠠᠮᠠᠭᠠᠯᠠᠯᠳᠠ ᠶᠢᠨ ᠲᠦᠪ ᠢ ᠪᠠᠶᠢᠭᠤᠯᠤᠬᠰᠠᠨ ᠠᠴᠠ ᠡᠨᠡ ᠲᠠᠯ᠎ᠠ ᠶᠢᠨ ᠠᠵᠢᠯ ᠢ ᠬᠢᠬᠦ ᠳᠤ ᠨᠡᠩ ᠤᠷᠤᠬᠰᠢᠳᠠᠢ ᠪᠤᠯᠵᠠᠢ᠃ 2016 ᠤᠨ ᠠᠴᠠ ᠮᠠᠨ ᠤ ᠬᠤᠰᠢᠭᠤ ᠲᠦᠯᠦᠭᠡᠯᠡᠬᠦ ᠴᠢᠨᠠᠷᠳᠠᠢ ᠦᠪᠯᠡᠨ ᠤᠯᠠᠮᠵᠢᠯᠠᠬᠴᠢ ᠳᠤ ᠨᠢᠭᠡ ᠵᠢᠯ 5000 ᠲᠦᠬᠦᠷᠢᠭ ᠤᠨ ᠨᠦᠬᠦᠪᠤᠷᠢ ᠤᠯᠭᠤᠪᠠ᠃ ᠡᠨᠡ ᠨᠢ ᠦᠪᠯᠡᠨ ᠤᠯᠠᠮᠵᠢᠯᠠᠬᠴᠢᠳ ᠲᠤ ᠶᠡᠭᠡᠭᠡᠨ ᠵᠤᠷᠢᠬᠵᠢᠭᠤᠯᠤᠯ ᠪᠤᠯᠤᠬᠰᠠᠨ ᠮᠦᠷᠳᠡᠭᠡᠨ ᠠᠵᠤ ᠠᠬᠤᠢ ᠶᠢᠨ ᠲᠠᠯ᠎ᠠ ᠪᠠᠷ ᠲᠡᠮᠵᠢᠯᠭᠡ ᠦᠵᠡᠬᠦᠯᠦᠭᠰᠡᠨ ᠪᠠᠶᠢᠨ᠎ᠠ᠃ ᠪᠦᠬᠦ ᠬᠤᠰᠢᠭᠤᠨ ᠳᠤ ᠤᠯᠤᠰ ᠤᠨ ᠲᠡᠰ ᠤᠨ ᠦᠪᠯᠡᠭᠴᠢ 2᠂ ᠤᠷᠤᠨ ᠤ ᠲᠡᠰ ᠤᠨ ᠦᠪᠯᠡᠭᠴᠢ 34᠂ ᠬᠤᠳᠠ ᠶᠢᠨ ᠲᠡᠰ ᠤᠨ ᠦᠪᠯᠡᠭᠴᠢ 66᠂ ᠬᠤᠰᠢᠭᠤ ᠲᠡᠰ ᠤᠨ ᠦᠪᠯᠡᠭᠴᠢ 166 ᠪᠠᠶᠢᠨ᠎ᠠ᠃ ᠪᠢᠳᠡ ᠪᠠᠰᠠ ᠬᠠᠮᠢᠶᠠᠷᠤᠯᠳᠠ ᠶᠢᠨ ᠲᠦᠷᠢᠮ ᠢ ᠲᠤᠬᠳᠠᠭᠠᠵᠤ᠂ ᠦᠪᠯᠡᠨ ᠤᠯᠠᠮᠵᠢᠯᠠᠬᠴᠢᠳ ᠤᠨ ᠡᠬᠦᠷᠭᠡ ᠬᠠᠷᠢᠭᠤᠴᠠᠯᠭ᠎ᠠ ᠶᠢ ᠲᠤᠳᠤᠷᠬᠠᠢᠢᠯᠠᠬᠰᠠᠨ ᠪᠠᠶᠢᠨ᠎ᠠ᠃     ᠤᠢᠢᠷ᠎ᠠ ᠶᠢᠨ ᠵᠢᠯ ᠠᠴᠠ ᠮᠠᠨ ᠤ ᠬᠤᠰᠢᠭᠤ ᠡᠷᠳᠡᠮ ᠰᠢᠨᠵᠢᠯᠡᠭᠡᠨ ᠤ ᠬᠤᠷᠠᠯ ᠢ ᠤᠯᠠᠨ ᠵᠤᠬᠢᠶᠠᠨ ᠪᠠᠶᠢᠭᠤᠯᠤᠨ ᠬᠤᠷᠠᠯᠳᠤᠭᠤᠯᠪᠠ᠃ ᠵᠢᠱᠢᠶᠠᠯᠠᠪᠠᠯ᠂ ᠠᠳᠤᠭᠤᠨ ᠰᠤᠶᠤᠯ ᠤᠨ ᠲᠤᠬᠠᠢ ᠡᠷᠳᠡᠮ ᠰᠢᠨᠵᠢᠯᠡᠭᠡᠨ ᠤ ᠬᠤᠷᠠᠯ᠂ ᠴᠠᠭᠠᠨ ᠰᠦᠯᠳᠡ ᠶᠢᠨ ᠲᠠᠬᠢᠯᠭ᠎ᠠ ᠶᠢᠨ ᠲᠤᠬᠠᠢ ᠡᠷᠳᠡᠮ ᠰᠢᠨᠵᠢᠯᠡᠭᠡᠨ ᠤ ᠬᠤᠷᠠᠯ᠂ ᠤᠷᠳᠤᠰ ᠠᠷᠠᠳ ᠤᠨ ᠲᠠᠭᠤᠤ ᠶᠢᠨ ᠡᠷᠳᠡᠮ ᠰᠢᠨᠵᠢᠯᠡᠭᠡᠨ ᠤ ᠬᠤᠷᠠᠯ ᠵᠡᠷᠭᠡ᠃ ᠡᠬᠦᠨ ᠤ ᠵᠤᠷᠢᠯᠭ᠎ᠠ ᠨᠢ ᠪᠤᠳᠠᠰ ᠤᠨ ᠪᠤᠰᠤ ᠰᠤᠶᠤᠯ ᠤᠨ ᠦᠪ ᠤᠨ ᠲᠠᠯᠳᠠ ᠤᠳᠬ᠎ᠠ ᠠᠭᠤᠯᠭ᠎ᠠ᠂ ᠤᠷ᠎ᠠ ᠮᠡᠷᠭᠡᠵᠢᠯ ᠢ ᠠᠭᠤᠳᠠᠯᠬᠤ ᠶᠢᠨ ᠲᠦᠯᠦᠭᠡ ᠶᠤᠮ᠃ ᠡᠨᠡ ᠵᠢᠯ ᠬᠠᠭᠤᠷᠤᠬᠰᠠᠨ ᠠᠮᠤ ᠶᠢᠨ ᠲᠤᠬᠠᠢ ᠡᠷᠳᠡᠮ ᠰᠢᠨᠵᠢᠯᠡᠭᠡᠨ ᠤ ᠬᠤᠷᠠᠯ ᠢ ᠬᠢᠬᠦ ᠪᠠᠷ ᠪᠠᠶᠢᠨ᠎ᠠ᠃     ᠰᠤᠷᠪᠤᠯᠵᠢᠯᠠᠬᠴᠢ᠄ ᠪᠤᠳᠠᠰ ᠤᠨ ᠪᠤᠰᠤ ᠰᠤᠶᠤᠯ ᠤᠨ ᠦᠪ ᠢᠶᠠᠷ ᠶᠠᠳᠠᠭᠤ ᠶᠢ ᠲᠡᠳᠬᠦᠬᠦ ᠠᠵᠢᠯ ᠢ ᠭᠡᠷᠬᠢᠨ ᠬᠢᠵᠤ ᠪᠠᠶᠢᠭ᠎ᠠ ᠪᠤᠢ︖     ᠴᠡᠴᠡᠭ᠄ ᠮᠠᠨ ᠤ ᠬᠤᠰᠢᠭᠤᠨ ᠤ ᠰᠤᠶᠤᠯ ᠪᠠ ᠵᠤᠭᠠᠴᠠᠯ ᠤᠨ ᠲᠤᠪᠴᠢᠶᠠᠨ ᠤ ᠬᠢᠨ ᠦᠤᠰᠢᠨᠵᠤᠤ ᠪᠠᠯᠭᠠᠰᠤᠨ ᠤ ᠪᠠᠶᠠᠨᠳᠤᠯᠤᠭᠠᠢ ᠭᠠᠴᠠᠭ᠎ᠠ ᠶᠢ ᠲᠠᠭᠠᠭᠠᠴᠢᠯᠠᠵᠤ ᠶᠠᠳᠠᠭᠤ ᠶᠢ ᠲᠡᠳᠬᠦᠵᠤ ᠪᠠᠶᠢᠭ᠎ᠠ ᠶᠤᠮ᠃ ᠲᠡᠭᠡᠭᠡᠳ ᠤᠷᠴᠢᠮ ᠤᠨ ᠵᠢᠯ ᠠᠴᠠ ᠪᠠᠶᠠᠨᠳᠤᠯᠤᠭᠠᠢ ᠭᠠᠴᠠᠭ᠎ᠠ ᠳᠤ ᠴᠠᠭᠠᠨ ᠢᠳᠡᠭᠡ ᠪᠤᠯᠪᠠᠰᠤᠷᠠᠭᠤᠯᠬᠤ ᠬᠤᠷᠰᠢᠶᠠᠵᠢᠯ ᠪᠠᠶᠢᠭᠤᠯᠤᠭᠠᠳ ᠮᠠᠯᠴᠢᠳ ᠤᠨ ᠬᠢᠭᠰᠡᠨ ᠴᠠᠭᠠᠨ ᠢᠳᠡᠭᠡᠨ ᠢ ᠨᠢᠭᠡᠳᠤᠯᠳᠡᠢ ᠪᠤᠷᠤᠯᠠᠭᠤᠯᠵᠤ᠂ ᠮᠠᠯᠴᠢᠳ ᠤᠨ ᠤᠷᠤᠯᠭ᠎ᠠ ᠶᠢ ᠨᠡᠮᠡᠭᠳᠡᠬᠦᠯᠵᠤ ᠪᠠᠶᠢᠨ᠎ᠠ᠃ ᠲᠡᠭᠡᠬᠦ ᠳᠡᠭᠡᠨ ᠪᠢᠳᠡ ᠪᠤᠬᠢᠷᠳᠤᠯ ᠦᠭᠡᠢ᠂ ᠪᠠᠶᠢᠭᠠᠯᠢᠯᠢᠭ ᠪᠠᠶᠢᠬᠤ ᠶᠢ ᠴᠢᠩᠭ᠎ᠠ ᠱᠠᠭᠠᠷᠳᠠᠵᠠᠢ᠃ ᠪᠠᠰᠠ ᠪᠤᠬᠢᠷᠳᠤᠯ ᠦᠭᠡᠢ᠂ ᠪᠠᠶᠢᠭᠠᠯᠢᠯᠢᠭ ᠤᠯᠠᠭᠠᠨ ᠢᠳᠡᠭᠡᠨ ᠤ ᠰᠠᠭᠤᠷᠢᠨ ᠪᠠᠶᠢᠭᠤᠯᠵᠤ᠂ ᠲᠠᠸᠠᠷ ᠤᠨ ᠲᠡᠮᠳᠡᠭ ᠲᠠᠩᠰᠠᠯᠠᠭᠤᠯᠬᠤ ᠪᠠᠷ ᠲᠦᠯᠦᠪᠯᠡᠵᠤ ᠪᠠᠶᠢᠨ᠎ᠠ᠃ ᠨᠢᠳᠤᠨᠤᠨ ᠮᠠᠨ ᠤ ᠤᠯᠠᠮᠵᠢᠯᠠᠯᠳᠤ ᠭᠠᠷ ᠤᠷᠠᠯᠠᠯ ᠤᠨ ᠠᠵᠢᠯᠯᠠᠬᠤ ᠦᠷᠳᠡᠭᠡ ᠨᠢ ᠤᠷᠤᠨ ᠤ ᠲᠡᠰ ᠤᠨ ᠤᠯᠠᠮᠵᠢᠯᠠᠯᠳᠤ ᠭᠠᠷ ᠤᠷᠠᠯᠠᠯ ᠤᠨ ᠠᠵᠢᠯᠯᠠᠬᠤ ᠦᠷᠳᠡᠭᠡ ᠪᠠᠷ ᠦᠨᠡᠯᠡᠭᠳᠡᠪᠡ᠃ ᠡᠨᠡ ᠵᠢᠯ ᠪᠢᠳᠡ ᠴᠠᠭᠠᠨ ᠰᠦᠯᠳᠡ ᠵᠢᠭᠤᠯᠴᠢᠯᠠᠯ ᠤᠨ ᠭᠠᠵᠠᠷ ᠲᠤ ᠨᠢᠭᠡ ᠦᠵᠡᠬᠦᠯᠭᠡ ᠶᠢᠨ ᠦᠷᠤᠭᠡ ᠭᠠᠷᠭᠠᠵᠤ᠂ ᠬᠤᠰᠢᠭᠤᠨ ᠤ ᠰᠤᠶᠤᠯ ᠤᠨ ᠠᠵᠤ ᠦᠢᠯᠡᠰ ᠤᠨ ᠬᠦᠷᠢᠶᠠᠯᠡᠩ ᠳᠤ ᠨᠢᠭᠡ ᠦᠵᠡᠬᠦᠯᠭᠡ ᠶᠢᠨ ᠦᠷᠤᠭᠡ ᠭᠠᠷᠭᠠᠪᠠ᠃ ᠡᠬᠦᠨ ᠢᠶᠠᠷ ᠲᠡᠮᠵᠢᠭᠤᠯᠤᠨ ᠤᠯᠠᠮᠵᠢᠯᠠᠯᠳᠤ ᠭᠠᠷ ᠤᠷᠠᠯᠠᠯ ᠬᠢᠵᠤ ᠪᠠᠶᠢᠭ᠎ᠠ ᠬᠦᠮᠤᠰ ᠲᠤ ᠨᠡᠷᠡᠳᠤ ᠲᠡᠮᠳᠡᠭ ᠢ ᠶᠠᠭᠠᠬᠢᠵᠤ ᠡᠬᠦᠳᠬᠦ᠂ ᠲᠦᠰᠦᠪᠯᠡᠬᠦ᠂ ᠪᠦᠳᠤᠭᠡᠭᠳᠡᠬᠦᠨ ᠤ ᠪᠠᠨ ᠴᠢᠨᠠᠷ ᠢ ᠶᠠᠭᠠᠬᠢᠵᠤ ᠲᠡᠭᠡᠭᠰᠢᠯᠡᠬᠦᠯᠬᠦ ᠲᠠᠯ᠎ᠠ ᠪᠠᠷ ᠨᠢᠭᠡᠳᠤᠯᠳᠡᠢ ᠪᠤᠯᠪᠠᠰᠤᠷᠠᠯ ᠬᠦᠷᠳᠡᠭᠡᠵᠤ᠂ ᠭᠠᠷ ᠤᠷᠠᠯᠠᠯ ᠤᠨ ᠪᠦᠳᠤᠭᠡᠭᠳᠡᠬᠦᠨ ᠤ ᠴᠢᠨᠠᠷ ᠢ ᠲᠡᠭᠡᠭᠰᠢᠯᠡᠬᠦᠯᠤᠨ ᠤᠷᠤᠯᠭ᠎ᠠ ᠶᠢ ᠨᠡᠮᠡᠭᠳᠡᠬᠦᠯᠬᠦ ᠪᠠᠷ ᠪᠠᠶᠢᠨ᠎ᠠ᠃     ᠰᠤᠷᠪᠤᠯᠵᠢᠯᠠᠬᠴᠢ᠄ ᠪᠤᠳᠠᠰ ᠤᠨ ᠪᠤᠰᠤ ᠰᠤᠶᠤᠯ ᠤᠨ ᠦᠪ ᠢ ᠬᠠᠮᠠᠭᠠᠯᠠᠨ ᠤᠯᠠᠮᠵᠢᠯᠠᠬᠤ ᠳᠤ ᠦᠪᠯᠡᠨ ᠤᠯᠠᠮᠵᠢᠯᠠᠬᠴᠢ ᠪᠤᠯ ᠬᠠᠮᠤᠭ ᠤᠨ ᠬᠠᠢᠷᠠᠯᠠᠯᠳᠠᠢ᠂ ᠬᠠᠮᠤᠭ ᠤᠨ ᠬᠦᠨᠳᠤᠳᠭᠡᠬᠦᠰᠢᠳᠡᠢ ᠬᠦᠮᠤᠰ ᠪᠠᠶᠢᠭ᠎ᠠ᠃ ᠦᠪᠯᠡᠭᠴᠢᠳ ᠮᠠᠨᠢ ᠤᠷ᠎ᠠ ᠮᠡᠷᠭᠡᠵᠢᠯ ᠢᠶᠠᠨ ᠶᠠᠭᠠᠬᠢᠵᠤ ᠤᠯᠠᠮᠵᠢᠯᠠᠵᠤ ᠪᠠᠶᠢᠭ᠎ᠠ ᠪᠤᠯ︖     ᠦᠷᠡᠶᠢᠨᠴᠡᠴᠡᠭ᠄ ᠪᠢ ᠪᠤᠯ ᠤᠷᠳᠤᠰ ᠮᠤᠩᠭᠤᠯᠴᠤᠳ ᠤᠨ ᠤᠯᠠᠮᠵᠢᠯᠠᠯᠳᠤ ᠬᠠᠳᠬᠤᠮᠠᠯ ᠤᠷᠠᠯᠠᠯ ᠤᠨ ᠤᠷᠤᠨ ᠤ ᠲᠡᠰ ᠤᠨ ᠲᠦᠯᠦᠭᠡᠯᠡᠬᠦ ᠴᠢᠨᠠᠷᠳᠠᠢ ᠦᠪᠯᠡᠨ ᠤᠯᠠᠮᠵᠢᠯᠠᠬᠴᠢ᠂ ᠦᠤᠰᠢᠨ ︽ᠤᠷᠠᠨ ᠪᠦᠰᠡᠬᠦᠢ︾ ᠬᠠᠳᠬᠤᠮᠠᠯᠴᠢᠳ ᠤᠨ ᠡ᠊ᠡᠭᠨᠡᠭᠡ ᠶᠢ ᠡᠬᠦᠰᠭᠡᠨ ᠪᠠᠶᠢᠭᠤᠯᠤᠬᠴᠢ ᠮᠦᠨ᠃ ᠪᠢ ᠨᠢᠭᠡᠨ ᠦᠪᠯᠡᠨ ᠤᠯᠠᠮᠵᠢᠯᠠᠬᠴᠢ ᠪᠤᠯᠤᠬᠰᠠᠨ ᠤ ᠬᠤᠪᠢ ᠳᠤ ᠦᠪᠡᠷ ᠤᠨ ᠡᠵᠡᠮᠰᠢᠵᠤ ᠪᠠᠶᠢᠭ᠎ᠠ᠂ ᠲᠡᠭᠡᠳᠤᠰ ᠠᠴᠠ ᠤᠯᠠᠮᠵᠢᠯᠠᠵᠤ ᠢᠷᠡᠭᠰᠡᠨ ᠤᠷᠳᠤᠰ ᠬᠠᠳᠬᠤᠮᠠᠯ ᠤᠨ ᠤᠷ᠎ᠠ ᠮᠡᠷᠭᠡᠵᠢᠯ ᠵᠢᠴᠢ ᠤᠴᠢᠷ ᠶᠤᠰᠤ᠂ ᠰᠤᠶᠤᠯ ᠲᠡᠤᠭᠡ ᠶᠢᠨ ᠲᠤᠬᠠᠢ ᠮᠡᠳᠡᠭᠰᠡᠨ ᠴᠢᠳᠠᠬᠰᠠᠨ ᠢᠶᠠᠨ ᠬᠠᠳᠬᠤᠮᠠᠯ ᠤᠷᠠᠯᠠᠯ ᠳᠤ ᠪᠠᠭ᠋ᠠᠳᠠᠢ ᠰᠤᠨᠢᠷᠬᠠᠯ ᠲᠠᠢ ᠬᠦᠮᠤᠰ ᠲᠤ ᠵᠢᠭᠠᠵᠤ᠂ ᠴᠢᠨᠠᠬᠰᠢᠳᠠ ᠲᠡᠯᠭᠡᠷᠡᠬᠦᠯᠤᠨ ᠤᠬᠠᠭᠤᠯᠵᠤ ᠶᠠᠪᠤᠬᠤ ᠶᠢ ᠴᠢᠬᠤᠯᠠᠴᠢᠯᠠᠨ ᠦᠵᠡᠵᠤ᠂ ᠦᠷᠬᠦᠯᠵᠢ ᠪᠤᠯᠪᠠᠰᠤᠷᠠᠯ ᠰᠤᠷᠤᠯᠴᠠᠯᠭ᠎ᠠ᠂ ᠦᠵᠡᠬᠦᠯᠭᠡ᠂ ᠤᠷᠤᠯᠳᠤᠭᠠᠨ ᠡᠷᠬᠢᠯᠡᠬᠦ ᠶᠢᠨ ᠬᠠᠮᠳᠤ ᠭᠠᠳᠠᠬᠰᠢ ᠲᠤᠳᠤᠬᠰᠢ ᠶᠠᠪᠤᠵᠤ ᠤᠬᠠᠭᠤᠯᠭ᠎ᠠ ᠰᠤᠷᠳᠠᠯᠴᠢᠯᠠᠭ᠎ᠠ ᠦᠷᠨᠢᠬᠦᠯᠳᠡᠭ᠃     ᠪᠤᠳᠠᠰ ᠤᠨ ᠪᠤᠰᠤ ᠰᠤᠶᠤᠯ ᠤᠨ ᠦᠪ ᠠᠮᠢᠳᠤᠷᠠᠯ ᠠᠴᠠ ᠰᠠᠯᠪᠠᠯ ᠪᠤᠳᠠᠰ ᠤᠨ ᠪᠤᠰᠤ ᠰᠤᠶᠤᠯ ᠤᠨ ᠦᠪ ᠪᠢᠰᠢ ᠪᠤᠯᠴᠢᠬᠠᠨ᠎ᠠ᠃ ᠢᠡᠭᠬᠢᠭᠦᠯᠡᠷ ᠪᠢ ᠤᠯᠠᠮᠵᠢᠯᠠᠬᠴᠢ ᠪᠠᠭᠰᠢ ᠨᠠᠷ ᠲᠠᠢ ᠪᠠᠨ ᠬᠠᠮᠳᠤ ᠬᠠᠳᠬᠤᠮᠠᠯ ᠤᠷᠠᠯᠠᠯ ᠢ ᠬᠠᠮᠤᠭ ᠤᠨ ᠦᠨᠳᠤᠰᠤᠨ ᠱᠠᠳᠤ᠂ ᠬᠦᠳᠡᠭᠡ ᠲᠤᠰᠬᠤᠨ᠂ ᠪᠠᠭ᠎ᠠ ᠰᠤᠷᠭᠠᠭᠤᠯᠢ ᠠᠴᠠ ᠡᠬᠢᠯᠠᠨ ᠵᠢᠭᠠᠵᠤ ᠪᠠᠶᠢᠨ᠎ᠠ᠃ ᠬᠠᠮᠤᠭ ᠤᠨ ᠠᠩᠬ᠎ᠠ ᠲᠤᠭ ᠪᠠᠯᠭᠠᠰᠤᠨ ᠳᠤ ᠪᠤᠯᠪᠠᠰᠤᠷᠠᠯ ᠬᠢᠵᠠᠢ᠃ ᠨᠢᠭᠡ ᠰᠠᠷ᠎ᠠ ᠳᠤ ᠬᠤᠶᠠᠷ ᠡᠳᠤᠷ ᠬᠢᠴᠢᠶᠠᠯ ᠤᠷᠤᠵᠤ᠂ ᠨᠢᠭᠡ ᠵᠢᠯ ᠪᠤᠯᠤᠬᠰᠠᠨ ᠤ ᠲᠠᠷᠠᠭ᠎ᠠ ᠨᠢᠭᠡ ᠤᠷᠤᠯᠳᠤᠭᠠᠨ ᠬᠢᠳᠡᠭ᠃ ᠢᠡᠭᠬᠢᠭᠡᠳ ᠤᠷᠠᠨ ᠬᠠᠳᠬᠤᠮᠠᠯᠴᠢᠳ ᠤᠨ ᠤᠷᠤᠯᠳᠤᠭᠠᠨ ᠢ ᠲᠤᠯᠤᠭᠠᠨ ᠵᠢᠯ ᠡᠷᠬᠢᠯᠡᠵᠤ᠂ ᠡᠨᠡ ᠵᠢᠯ ᠨᠠᠢᠮᠠᠳᠤᠭᠠᠷ ᠬᠤᠭᠤᠴᠠᠭᠠᠨ ᠤ ᠬᠢ ᠪᠠᠨ ᠡᠷᠬᠢᠯᠡᠬᠦ ᠪᠠᠷ ᠪᠠᠶᠢᠨ᠎ᠠ᠃     ᠮᠠᠨ ᠤ ︽ᠤᠷᠠᠨ ᠪᠦᠰᠡᠬᠦᠢ︾ ᠬᠠᠳᠬᠤᠮᠠᠯ ᠤᠨ ᠠᠵᠢᠯᠯᠠᠬᠤ ᠦᠷᠤᠭᠡ ᠶᠢᠨ ᠭᠤᠤᠯ ᠵᠤᠷᠢᠯᠭ᠎ᠠ ᠪᠤᠯ ᠤᠷᠠᠴᠤᠳ ᠤᠨ ᠢᠶᠠᠨ ᠰᠡᠯᠡᠬᠦᠤ ᠴᠠᠭ ᠢ ᠠᠰᠢᠬᠯᠠᠨ᠂ ᠬᠠᠳᠬᠤᠮᠠᠯ ᠤᠨ ᠦᠪ ᠢᠶᠠᠨ ᠤᠯᠠᠮᠵᠢᠯᠠᠵᠤ ᠬᠦᠮᠤᠨ ᠪᠤᠯᠭᠠᠨ ᠳᠤ ᠮᠡᠳᠡᠬᠦᠯᠤᠨ᠎ᠠ᠃ ᠮᠠᠨ ᠤ ᠬᠢᠨ 14 ᠪᠤᠯᠪᠠᠰᠤᠷᠠᠯ ᠤᠨ ᠠᠩᠭᠢ ᠲᠠᠢ᠃ ᠬᠦᠮᠤᠰ ᠬᠠᠳᠬᠤᠬᠤ ᠮᠡᠷᠭᠡᠵᠢᠯ ᠢ ᠰᠤᠷᠴᠢᠬᠠᠪᠠᠯ ᠭᠡᠷ ᠲᠡᠭᠡᠨ ᠠᠪᠠᠴᠢᠭᠠᠳ ᠴᠢᠯᠦᠭᠡᠳᠡᠢ ᠬᠠᠳᠬᠤᠨ᠎ᠠ᠂ ᠨᠢᠭᠡ ᠭᠡᠳᠡᠪᠴᠢ ᠤᠶᠤᠭᠠᠳ ᠠᠪᠤᠪᠠᠯ ᠬᠠᠮᠤᠭ ᠤᠨ ᠪᠠᠭ᠎ᠠ ᠳᠠᠭᠠᠨ 300 ᠲᠦᠬᠦᠷᠢᠭ ᠠᠴᠠ ᠲᠡᠭᠡᠭᠰᠢ ᠬᠤᠳᠠᠯᠳᠤᠵᠤ᠂ ᠬᠦᠬᠦᠤᠷ ᠲᠠᠯᠢᠩ ᠪᠤᠯ ᠮᠢᠩᠭᠠᠨ ᠲᠦᠬᠦᠷᠢᠭ ᠬᠦ᠋ᠷᠴᠤ ᠪᠤᠢ᠃ ᠰᠠᠭᠤᠷᠢ ᠶᠢ ᠨᠢ ᠲᠠᠯᠪᠢᠭᠠᠳ ᠦᠭᠴᠢᠭᠡᠪᠡᠯ ᠠᠪᠤᠭᠠᠳ ᠪᠠᠷᠠᠰᠢ ᠦᠭᠡᠢ ᠶᠠᠭᠤᠮ᠎ᠠ ᠪᠠᠶᠢᠨ᠎ᠠ     2007 ᠤᠨ ᠤ ᠦᠶ᠎ᠡ ᠳᠤ ᠭᠡᠳᠤᠭᠡᠨ ᠬᠦᠮᠤᠨ ᠬᠠᠳᠬᠤᠮᠠᠯ ᠬᠠᠳᠬᠤᠵᠤ ᠪᠠᠶᠢᠬᠰᠠᠨ᠂ ᠤᠳᠤ ︽ᠤᠷᠠᠨ ᠪᠦᠰᠡᠬᠦᠢ︾ ᠬᠠᠳᠬᠤᠮᠠᠯᠴᠢᠳ ᠤᠨ ᠤᠷᠤᠯᠳᠤᠭᠠᠨ ᠳᠤ 100 ᠭᠠᠷᠤᠢ ᠬᠦᠮᠤᠨ ᠤᠷᠤᠯᠴᠠᠵᠤ ᠪᠠᠶᠢᠨ᠎ᠠ᠃ ᠤᠷᠴᠢᠮ ᠤᠨ ᠵᠢᠯ ᠬᠠᠳᠬᠤᠮᠠᠯ ᠢ ᠬᠤᠪᠴᠠᠰᠤᠨ ᠲᠡᠭᠡᠷ᠎ᠡ ᠬᠠᠳᠬᠤᠵᠤ᠂ 2016 ᠤᠨ ᠠᠴᠠ ᠵᠢᠯ ᠲᠠᠷᠠᠭᠠᠯᠠᠨ ᠬᠤᠪᠴᠠᠰᠤ ᠵᠠᠰᠠᠯ ᠤᠨ ᠦᠵᠡᠬᠦᠯᠭᠡ ᠳᠤ ᠤᠷᠤᠯᠴᠠᠵᠤ᠂ ᠨᠢᠳᠤᠨᠤᠨ ᠠᠯᠳᠠᠨ ᠮᠧᠲᠠᠯ ᠬᠦᠷᠳᠡᠭᠰᠡᠨ᠃ ᠲᠤᠮᠳᠠᠳᠤ ᠤᠯᠤᠰ ᠤᠨ ᠲᠡᠯᠡᠭᠡᠢ ᠶᠢᠨ ᠬᠤᠪᠴᠠᠰᠤ ᠵᠠᠰᠠᠯ ᠤᠨ ᠭᠠᠷᠠᠭ ᠤᠨ ᠠᠵᠢᠯᠯᠠᠭ᠎ᠠ ᠳᠤ ᠮᠢᠨᠤ ᠬᠠᠳᠬᠤᠵᠤ ᠤᠶᠤᠭᠰᠠᠨ ᠭᠤᠷᠪᠠᠨ ᠬᠤᠪᠴᠠᠰᠤ ᠤᠷᠤᠯᠴᠠᠪᠠ᠃ ︽ᠤᠷᠳᠤᠰ ᠬᠤᠳᠠ ᠶᠢᠨ ᠬᠢ ᠠᠩᠬ᠎ᠠ ᠤᠳᠠᠭ᠎ᠠ ᠤᠷᠤᠵᠠᠢ︾ ᠭᠡᠵᠤ ᠭᠡᠯᠡᠵᠤ ᠪᠠᠶᠢᠬᠰᠠᠨ᠃     ᠪᠢᠳᠡ ᠬᠦᠮᠪᠤᠮ ᠤᠨ ᠤᠳᠠᠰᠤ ᠪᠠᠷ ᠬᠤᠸᠠᠷ ᠢᠶᠠᠨ ᠬᠠᠳᠬᠤᠳᠠᠭ᠃ ᠤᠯᠠᠮᠵᠢᠯᠠᠵᠤ ᠢᠷᠡᠭᠰᠡᠨ ᠦᠡᠭᠭᠡ ᠪᠤᠳᠤᠭ᠂ ᠮᠠᠲ᠋ᠧᠷᠢᠶᠠᠯ ᠢ ᠭᠡᠷᠡᠭᠯᠡᠪᠡᠯ᠂ ᠵᠢᠩᠬᠢᠨᠢ ᠦᠪᠯᠡᠵᠤ ᠠᠪᠤᠯ᠎ᠠ ᠭᠡᠵᠤ ᠪᠢ ᠦᠵᠡᠳᠡᠭ ᠶᠤᠮ᠃     ᠰᠤᠷᠪᠤᠯᠵᠢᠯᠠᠬᠴᠢ᠄ ᠵᠠᠯᠭᠠᠮᠵᠢᠯᠠᠬᠴᠢ ᠶᠢᠨ ᠲᠤᠳᠤᠷ᠎ᠠ ᠬᠠᠳᠬᠤᠮᠠᠯ ᠤᠷᠠᠯᠠᠯ ᠢᠶᠠᠷ ᠤᠷᠤᠯᠭ᠎ᠠ ᠡᠬᠦᠳᠴᠤ ᠪᠠᠶᠢᠭ᠎ᠠ ᠬᠦᠮᠤᠨ ᠪᠠᠶᠢᠨ᠎ᠠ ᠤᠤ︖     ᠦᠷᠠᠶᠢᠨᠴᠡᠴᠡᠭ᠄ ᠬᠠᠳᠬᠤᠮᠠᠯ ᠢᠶᠠᠷ ᠤᠷᠤᠯᠭ᠎ᠠ ᠤᠯᠵᠤ ᠪᠠᠶᠢᠭ᠎ᠠ ᠬᠦᠮᠤᠰ ᠨᠡᠯᠢᠶᠡᠳ ᠪᠠᠶᠢᠨ᠎ᠠ᠃ ᠨᠢᠳᠤᠨᠤᠨ ᠦᠭᠡᠯᠵᠢᠨ ᠰᠠᠷ᠎ᠠ ᠪᠢ ᠠᠷᠪᠠᠨ ᠭᠡᠳᠤᠨ ᠬᠦᠮᠤᠨ ᠤ ᠬᠢ ᠶᠢ ᠪᠦᠷᠢᠳᠭᠡᠵᠤ ᠦᠵᠡᠭᠰᠡᠨ ᠳᠤ ᠬᠤᠷᠢᠭᠠᠳ ᠲᠦᠮᠡᠨ ᠲᠦᠬᠦᠷᠢᠭ ᠤᠨ ᠤᠷᠤᠯᠭ᠎ᠠ ᠤᠯᠤᠬᠰᠠᠨ ᠪᠠᠶᠢᠨ᠎ᠠ᠃ ᠲᠤᠮᠳᠠᠴᠢ ᠪᠠᠷ ᠬᠦᠮᠤᠨ ᠪᠦᠷᠢ ᠪᠠᠷᠤᠭ ᠲᠦᠮᠡᠨ ᠲᠦᠬᠦᠷᠢᠭ ᠤᠨ ᠤᠷᠤᠯᠭ᠎ᠠ ᠤᠯᠵᠠᠢ᠃ ᠠᠯᠳᠠᠩᠭᠤᠸ᠎ᠠ ᠪᠠᠭᠰᠢ ᠨᠢᠭᠡ ᠵᠢᠯ ᠳᠤ ᠪᠠᠷᠤᠭ ᠬᠤᠷᠢᠭᠠᠳ ᠬᠠᠨᠵᠢᠶᠠᠷ ᠤᠶᠤᠵᠤ ᠪᠠᠶᠢᠨ᠎ᠠ᠂ ᠨᠢᠭᠡ ᠬᠠᠨᠵᠢᠶᠠᠷ 3000᠎ ᠠᠴᠠ 4000 ᠲᠦᠬᠦᠷᠢᠭ ᠬᠦᠷᠳᠡᠭ᠃     ᠵᠠᠷᠢᠮ ᠬᠦᠮᠤᠰ ᠵᠠᠬ᠎ᠠ ᠲᠡᠯᠭᠡᠬᠦᠷ ᠲᠤ ᠢᠯᠡᠬᠦᠭᠡᠨ ᠭᠠᠷᠭᠠᠬᠤ ᠭᠡᠵᠤ ᠮᠠᠰᠢᠨ ᠢᠶᠠᠷ ᠬᠤᠸᠠᠷ ᠬᠠᠳᠬᠤᠵᠤ ᠪᠠᠶᠢᠨ᠎ᠠ ᠃ ᠪᠤᠳᠠᠰ ᠤᠨ ᠪᠤᠰᠤ ᠰᠤᠶᠤᠯ ᠤᠨ ᠦᠪ ᠪᠤᠯ ᠭᠠᠷ ᠤᠷᠠᠯᠠᠯ ᠠᠴᠠ ᠪᠠᠨ ᠰᠠᠯᠵᠤ ᠪᠤᠯᠬᠤ ᠦᠭᠡᠢ᠃ ᠮᠠᠰᠢᠨ ᠢᠶᠠᠷ ᠬᠠᠳᠬᠤᠪᠠᠯ ᠪᠤᠳᠠᠰ ᠤᠨ ᠪᠤᠰᠤ ᠰᠤᠶᠤᠯ ᠤᠨ ᠦᠪ ᠪᠢᠰᠢ ᠪᠤᠯᠴᠢᠬᠠᠨ᠎ᠠ᠃ ᠪᠤᠳᠠᠰ ᠤᠨ ᠪᠤᠰᠤ ᠰᠤᠶᠤᠯ ᠪᠤᠯ ᠬᠦᠮᠤᠨ ᠤ ᠤᠬᠠᠭᠠᠨ ᠢᠶᠠᠷ ᠲᠡᠮᠵᠢᠵᠤ ᠭᠠᠷᠴᠤ ᠢᠷᠡᠭᠰᠡᠨ ᠪᠠᠶᠢᠳᠠᠭ᠃     ᠰᠤᠷᠪᠤᠯᠵᠢᠯᠠᠬᠴᠢ᠄ ᠤ ᠪᠠᠭᠰᠢ ᠭᠡᠵᠢᠶ᠎ᠠ ᠠᠴᠠ ᠬᠠᠳᠬᠤᠮᠠᠯ ᠤᠨ ᠮᠡᠷᠭᠡᠵᠢᠯ ᠰᠤᠷᠤᠬᠰᠠᠨ ᠪᠤᠢ︖     ᠤᠳᠤᠩᠭᠤᠸ᠎ᠠ ᠪᠠᠭᠰᠢ᠄ ᠪᠢ ᠪᠠᠭ᠎ᠠ ᠠᠴᠠ ᠪᠠᠨ ᠤᠷᠤᠯᠳᠤᠵᠤ ᠪᠠᠶᠢᠬᠰᠠᠨ᠃ ᠠᠵᠢᠯ ᠠᠴᠠ ᠪᠠᠨ ᠲᠠᠷᠬᠠᠯᠠᠬᠳᠠᠬᠰᠠᠨ ᠤ ᠲᠠᠷᠠᠭ᠎ᠠ ᠴᠢᠳᠠᠬᠤ ᠶᠢᠨ ᠬᠢᠷᠢ ᠪᠠᠷ ᠰᠤᠷᠬᠤ ᠶᠢ ᠨᠢ ᠰᠤᠷᠴᠤ᠂ ᠵᠢᠭᠠᠬᠤ ᠶᠢ ᠨᠢ ᠵᠢᠭᠠᠵᠤ ᠪᠠᠶᠢᠨ᠎ᠠ ᠃ ᠰᠤᠷᠭᠠᠭᠤᠯᠢ ᠶᠢᠨ ᠰᠤᠷᠤᠬᠴᠢ ᠳᠤ ᠬᠢᠴᠢᠶᠠᠯ ᠤᠷᠤᠭᠠᠳ ᠬᠤᠶᠠᠷ ᠵᠢᠯ ᠪᠤᠯᠵᠤ ᠪᠠᠶᠢᠨ᠎ᠠ᠃ ᠮᠠᠨ ᠤ ᠦᠰᠪᠤᠷᠢ ᠶᠢᠨ ᠦᠶᠡᠰ ᠬᠠᠳᠬᠤᠮᠠᠯ ᠬᠠᠳᠬᠤᠳᠠᠭ ᠬᠦᠮᠤᠨ ᠮᠠᠰᠢ ᠴᠦᠭᠡᠨ᠂ ᠤᠷᠠᠨ ᠬᠦᠮᠤᠨ ᠪᠠᠶᠢᠪᠠᠯ ᠲᠡᠷᠡ ᠠᠶᠢᠯ ᠤᠨ ᠭᠡᠤᠭᠡᠨ ᠤᠷᠠᠨ ᠭᠡᠵᠤ ᠨᠡᠷ᠎ᠡ ᠭᠠᠷᠳᠠᠭ ᠪᠠᠶᠢᠬᠰᠠᠨ᠃ ᠲᠡᠷᠡ ᠦᠶᠡᠰ ᠬᠦᠮᠤᠨ ᠪᠤᠯᠭᠠᠨ ᠬᠦᠬᠦᠤᠷ ᠲᠠᠯᠢᠩ ᠲᠠᠢ ᠪᠠᠶᠢᠬᠰᠠᠨ ᠪᠢᠰᠢ᠂ ᠬᠠᠳᠬᠤᠮᠠᠯ ᠪᠤᠯ ᠤᠵᠠᠭᠤᠷ ᠠᠴᠠ ᠪᠠᠨ ᠤᠷᠳᠤᠨ ᠤ ᠰᠤᠶᠤᠯ ᠰᠢᠭ᠋ ᠪᠠᠶᠢᠬᠰᠠᠨ ᠶᠤᠮ᠃     ᠰᠤᠷᠪᠤᠯᠵᠢᠯᠠᠬᠴᠢ᠄ ᠠᠵᠤ ᠠᠬᠤᠢ᠂ ᠨᠡᠶᠢᠭᠡᠮ ᠤᠨ ᠬᠦᠭᠵᠢᠯᠳᠡ ᠶᠢ ᠲᠠᠭᠠᠯᠳᠤᠨ ᠬᠦᠮᠤᠰ ᠦᠨᠳᠤᠰᠤᠳᠠᠨ᠂ ᠭᠠᠵᠠᠷ ᠤᠷᠤᠨ ᠤ ᠤᠨᠴᠠᠯᠢᠭ ᠲᠠᠢ ᠰᠤᠶᠤᠯ ᠢᠶᠠᠨ ᠠᠵᠤ ᠦᠢᠯᠡᠰᠵᠢᠬᠦᠯᠤᠨ ᠲᠠᠸᠠᠷᠵᠢᠭᠤᠯᠵᠤ ᠪᠠᠶᠢᠨ᠎ᠠ᠃ ᠪᠤᠳᠠᠰ ᠤᠨ ᠪᠤᠰᠤ ᠰᠤᠶᠤᠯ ᠤᠨ ᠦᠪ ᠢ ᠠᠵᠤ ᠦᠢᠯᠡᠰᠵᠢᠬᠦᠯᠬᠦ ᠳᠤ ᠴᠤᠬᠤᠮ ᠶᠠᠭᠤ ᠶᠢ ᠠᠩᠬᠠᠷᠬᠤ ᠴᠢᠬᠤᠯᠠᠳᠠᠢ ᠪᠤᠢ︖     ᠮᠠᠩᠯᠠᠢ᠄ ᠮᠠᠨ ᠤ ᠨᠤᠳᠤᠭ ᠲᠤ ᠬᠠᠭᠤᠷᠤᠬᠰᠠᠨ ᠠᠮᠤ᠂ ᠴᠢᠪᠠᠭ᠎ᠠ ᠲᠠᠢ ᠪᠤᠭᠤᠷᠰᠤᠭ ᠬᠢᠵᠤ ᠪᠠᠶᠢᠨ᠎ᠠ᠃ ᠡᠬᠦᠨ ᠤ ᠲᠤᠳᠤᠷ᠎ᠠ ᠴᠤᠯ ᠪᠠᠶᠢᠭᠠᠯᠢᠯᠢᠭ ᠭᠡᠳᠡᠭ ᠢ ᠵᠠᠪᠠᠯ ᠤᠷᠤᠭᠤᠯᠬᠤ ᠭᠡᠷᠡᠭᠳᠡᠢ᠃ ᠦᠡᠭᠭᠡᠷᠡᠭᠰᠡᠨ ᠳᠤ ᠮᠠᠨ ᠤ ᠮᠠᠯᠴᠢᠳ ᠲᠤ ᠡᠶᠢᠮᠤ ᠦᠵᠡᠯᠳᠡ ᠪᠠᠶᠢᠬᠰᠠᠨ᠂ ᠤᠳᠤ ᠤᠯᠠᠮ ᠠᠴᠠ ᠤᠯᠠᠮ ᠪᠠᠭ᠎ᠠ ᠪᠤᠯᠵᠤ ᠪᠠᠶᠢᠨ᠎ᠠ᠃ ᠢᠳᠡᠬᠦ ᠬᠤᠨᠢ ᠪᠠᠨ ᠪᠡᠯᠴᠢᠭᠡᠷ ᠲᠡᠭᠡᠨ ᠲᠠᠯᠪᠢᠵᠤ᠂ ᠬᠤᠳᠠᠯᠳᠤᠬᠤ ᠮᠠᠯ ᠢᠶᠠᠨ ᠬᠢᠮᠢ ᠶᠢᠨ ᠨᠡᠮᠡᠯᠳᠡ ᠡᠳ᠋ ᠲᠠᠢ ᠪᠤᠷᠳᠤᠭᠤᠷ ᠢᠶᠠᠷ ᠲᠡᠵᠢᠭᠡᠵᠤ ᠬᠤᠳᠠᠯᠳᠤᠪᠠᠯ᠂ ᠲᠡᠷᠡ ᠴᠢᠨᠢ ᠰᠤᠶᠤᠯ ᠢ ᠲᠠᠸᠠᠷᠵᠢᠭᠤᠯᠵᠤ ᠪᠠᠶᠢᠭ᠎ᠠ ᠶᠠᠪᠤᠳᠠᠯ ᠪᠢᠰᠢ᠃ ᠮᠠᠯᠴᠢᠨ ᠴᠦ ᠠᠳᠠᠯᠢ᠂ ᠲᠠᠷᠢᠶᠠᠴᠢᠨ ᠴᠦ ᠠᠳᠠᠯᠢ᠂ ᠪᠠᠶᠢᠭᠠᠯᠢ ᠠᠴᠠ ᠰᠠᠯᠭᠠᠵᠤ ᠪᠤᠯᠬᠤ ᠦᠭᠡᠢ᠃ ᠰᠤᠶᠤᠯ ᠭᠡᠳᠡᠭ ᠶᠠᠭᠤᠮ᠎ᠠ ᠪᠠᠶᠢᠭᠠᠯᠢ ᠲᠠᠢ ᠵᠡᠷᠭᠡᠴᠡᠮᠡᠨᠵᠢᠨ ᠰᠠᠶ᠋ᠢ ᠨᠢᠭᠡ ᠤᠬᠠᠬᠳᠠᠬᠤᠨ ᠭᠠᠷᠴᠤ ᠢᠷᠡᠨ᠎ᠠ᠃     ᠤᠳᠤ ᠬᠦᠮᠤᠰ ᠴᠡᠪᠡᠷ ᠪᠠᠶᠢᠭᠠᠯᠢᠯᠢᠭ ᠶᠠᠭᠤᠮ᠎ᠠ ᠶᠢ ᠡᠳ᠋ᠯᠡᠵᠤ᠂ ᠨᠢᠭᠡ ᠵᠢᠩ ᠭᠤᠯᠢᠷ ᠨᠠᠶᠠᠨ ᠲᠠᠪᠤᠨ ᠲᠦᠬᠦᠷᠢᠭ ᠂ ᠨᠢᠭᠡ ᠵᠢᠩ ᠲᠤᠳᠤᠷᠭ᠎ᠠ ᠨᠠᠶᠠᠨ ᠭᠡᠳᠤᠨ ᠲᠦᠬᠦᠷᠢᠭ ᠤᠨ ᠬᠢ ᠶᠢ ᠢᠳᠡᠵᠤ ᠪᠠᠶᠢᠨ᠎ᠠ᠃ ᠵᠤᠭᠤᠰ ᠲᠠᠢ ᠬᠦᠮᠤᠰ ᠬᠦᠳᠡᠭᠡ ᠳᠤ ᠭᠠᠵᠠᠷ ᠠᠪᠴᠤ ᠭᠡᠷ ᠪᠠᠷᠢᠵᠤ ᠪᠠᠶᠢᠨ᠎ᠠ᠃ ᠡᠨᠡ ᠤᠬᠠᠮᠰᠠᠷ ᠮᠤᠩᠭᠤᠯᠴᠤᠳ ᠲᠤ ᠤᠷᠤᠵᠤ ᠲᠡᠶᠢᠯᠦᠭᠡ ᠦᠭᠡᠢ ᠪᠠᠶᠢᠨ᠎ᠠ᠃ ᠬᠠᠭᠤᠷᠮᠠᠭ ᠶᠠᠭᠤᠮ᠎ᠠ ᠬᠢᠭᠡᠳ ᠭᠠᠷᠬᠤ ᠵᠠᠮ ᠪᠠᠶᠢᠨ᠎ᠠ ᠤᠤ ᠳ᠋ᠠ᠂ ᠬᠦᠮᠤᠨ ᠪᠦᠷ ᠠᠮᠢ ᠪᠠᠨ ᠬᠠᠶᠢᠷᠠᠯᠠᠨ᠎ᠠ᠃     ᠶᠠᠫᠤᠨ ᠵᠡᠷᠭᠡ ᠬᠦᠭᠵᠢᠭᠰᠡᠨ ᠤᠯᠤᠰ ᠤᠨ ᠪᠠᠶᠢᠭᠠᠯᠢᠯᠢᠭ ᠭᠠᠷ ᠤᠷᠠᠯᠠᠯ ᠤᠨ ᠰᠢᠨᠵᠢ ᠲᠠᠢ ᠶᠠᠭᠤᠮ᠎ᠠ ᠪᠤᠯ ᠮᠠᠰᠢᠨ ᠢᠶᠠᠷ ᠬᠢᠭᠰᠡᠨ ᠠᠴᠠ ᠨᠠᠭᠠᠳᠤ ᠵᠠᠬ᠎ᠠ ᠳᠠᠭᠠᠨ ᠠᠷᠪᠠᠨ ᠭᠤᠷᠪᠠᠨ ᠲᠠᠬᠢᠨ ᠦᠨ᠎ᠡ ᠲᠠᠢ ᠪᠠᠶᠢᠨ᠎ᠠ᠃ ᠬᠠᠳᠠᠭ ᠤᠨ ᠤᠴᠢᠷ ᠢ ᠪᠢ ᠴᠢᠩᠬᠢᠰ ᠬᠠᠭᠠᠨ ᠤ ᠤᠡᠭᠭᠤᠨ ᠤ ᠬᠠᠳᠠᠭ ᠤᠨ ᠦᠢᠯᠡᠳᠪᠤᠷᠢ ᠳᠤ ᠭᠡᠯᠡᠵᠤ ᠦᠡᠭᠭᠡᠷᠡᠭᠰᠡᠨ᠃ ᠬᠠᠳᠠᠭ ᠢ ᠮᠤᠩᠭᠤᠯᠴᠤᠳ ᠤᠨ ᠨᠢᠭᠡ ᠶᠡᠭᠡ ᠰᠤᠶᠤᠯ ᠪᠠᠶᠢᠬᠤ ᠪᠠᠷ ᠪᠤᠳᠤᠶ᠎ᠠ᠂ ᠮᠢᠨᠤ ᠨᠢᠭᠡ ᠬᠠᠳᠠᠭ 500 ᠲᠦᠬᠦᠷᠢᠭ᠂ ᠡᠰᠡᠬᠦᠯ᠎ᠡ 80 ᠲᠦᠬᠦᠷᠢᠭ᠂ ᠲᠡᠶᠢᠮᠤ ᠠᠷᠪᠢᠨ ᠦᠢᠯᠡᠳᠪᠤᠷᠢᠯᠡᠬᠦ ᠦᠭᠡᠢ᠂ ᠭᠡᠮᠵᠢᠶ᠎ᠠ ᠲᠠᠢ ᠦᠢᠯᠡᠳᠪᠤᠷᠢᠯᠡᠨ᠎ᠠ᠃ ᠲᠡᠭᠡᠪᠡᠯ ᠬᠠᠳᠠᠭ ᠢ ᠴᠢᠨᠢ ᠬᠦᠮᠤᠨ ᠬᠦᠯ ᠲᠡᠭᠡᠷ᠎ᠠ ᠪᠠᠨ ᠤᠶᠠᠭᠠᠳ ᠨᠠᠭᠠᠳᠤᠨ᠎ᠠ ᠤᠤ⁈ ᠰᠤᠶᠤᠯ ᠢ ᠲᠠᠸᠠᠷᠵᠢᠭᠤᠯᠬᠤ ᠳᠤ ᠵᠠᠪᠠᠯ ᠰᠤᠶᠤᠯ ᠤᠨ ᠦᠷᠳᠡᠭ ᠢ ᠨᠢ ᠤᠷᠤᠭᠤᠯᠵᠤ ᠪᠠᠶᠢᠭᠠᠯᠢᠯᠢᠭ ᠪᠠᠶᠢᠯᠭᠠᠬᠤ ᠭᠡᠷᠡᠭᠳᠡᠢ᠃ ᠰᠤᠶᠤᠯ ᠤᠨ ᠦᠷᠳᠡᠭ ᠪᠤᠯ ᠭᠡᠮᠵᠢᠶ᠎ᠡ ᠦᠭᠡᠢ᠂ ᠭᠡᠪᠡᠴᠤ ᠲᠠᠸᠠᠷ ᠤᠨ ᠦᠷᠳᠡᠭ ᠪᠤᠯ ᠭᠡᠮᠵᠢᠶ᠎ᠠ ᠲᠠᠢ ᠶᠠᠭᠤᠮ᠎ᠠ᠃     ᠪᠢᠳᠡ ᠪᠡᠶᠡᠳᠤ ᠪᠤᠰᠤ ᠰᠤᠶᠤᠯ ᠤᠨ ᠦᠪ ᠢ ᠨᠡᠶᠢᠭᠡᠮ ᠨᠡᠶᠢᠳᠡ ᠳᠤ ᠭᠡᠷᠬᠢᠨ ᠮᠡᠳᠡᠷᠡᠬᠦᠯᠬᠦ ᠪᠤᠢ︖ ᠲᠠᠸᠠᠷ ᠤᠨ ᠲᠡᠮᠳᠡᠭ ᠪᠠᠶᠢᠬᠤ ᠭᠡᠷᠡᠭᠳᠡᠢ᠃ ᠬᠦᠮᠤᠨ ᠲᠦᠷᠤᠯᠬᠢᠳᠠᠨ ᠤ ᠨᠡᠶᠢᠭᠡᠮ ᠲᠠᠸᠠᠷ ᠤᠨ ᠨᠡᠶᠢᠭᠡᠮ ᠳᠤ ᠤᠷᠤᠬᠰᠠᠨ ᠤ ᠬᠤᠶᠢᠨ᠎ᠠ ᠲᠠᠸᠠᠷ ᠤᠨ ᠲᠡᠮᠳᠡᠭ ᠪᠤᠯ ᠲᠦᠢᠯ ᠤᠨ ᠴᠢᠬᠤᠯᠠ ᠶᠠᠭᠤᠮ᠎ᠠ᠃ ᠤᠪᠤᠭ ᠲᠠᠢ ᠠᠳᠠᠯᠢᠬᠠᠨ᠃ ᠤᠯᠠᠮᠵᠢᠯᠠᠯᠳᠤ ᠰᠤᠶᠤᠯ ᠤᠨ ᠦᠪᠯᠡᠭᠴᠢᠳ ᠲᠡᠭᠡᠳᠤ ᠠᠴᠠ ᠤᠯᠠᠮᠵᠢᠯᠠᠬᠰᠠᠨ ᠤᠷ᠎ᠠ ᠮᠡᠷᠭᠡᠵᠢᠯ ᠢᠶᠠᠨ ᠠᠰᠢᠬᠯᠠᠨ ᠠᠷᠪᠢᠨ ᠶᠠᠭᠤᠮ᠎ᠠ ᠬᠢᠵᠤ ᠪᠠᠶᠢᠨ᠎ᠠ᠂ ᠭᠡᠪᠡᠴᠤ ᠡᠨᠡ ᠲᠤᠳᠤᠷ᠎ᠠ ᠲᠠᠸᠠᠷ ᠤᠨ ᠲᠡᠮᠳᠡᠭ ᠡᠬᠦᠳᠤᠶ᠎ᠡ ᠭᠡᠰᠡᠨ ᠤᠬᠠᠮᠰᠠᠷ ᠲᠤᠳᠠᠵᠤ ᠪᠠᠶᠢᠨ᠎ᠠ᠃ ᠨᠡᠩ ᠢᠯᠠᠩᠭᠤᠶ᠎ᠠ ᠮᠤᠩᠭᠤᠯᠴᠤᠳ ᠲᠠᠸᠠᠷ ᠤᠨ ᠲᠡᠮᠳᠡᠭ ᠶᠠᠮᠠᠷ ᠭᠡᠷᠡᠭᠴᠡᠭᠡ ᠲᠠᠢ ᠭᠡᠰᠡᠨ ᠢ ᠤᠠᠬᠮᠰᠠᠷᠴᠤ ᠦᠭᠡᠢ᠃ ᠲᠠᠸᠠᠷ ᠤᠨ ᠲᠡᠮᠳᠡᠭ ᠶᠠᠮᠠᠷ ᠭᠡᠷᠡᠭᠴᠡᠭᠡ ᠲᠠᠢ ᠪᠤᠢ︖ ᠨᠢᠭᠡ ᠳᠤ᠂ ᠬᠠᠤᠯᠢ ᠶᠢᠨ ᠡᠷᠭᠡ ᠲᠠᠢ ᠪᠤᠯᠴᠢᠬᠠᠨ᠎ᠠ᠃ ᠲᠠᠸᠠᠷ ᠤᠨ ᠲᠡᠮᠳᠡᠭ ᠲᠠᠢ ᠪᠤᠯᠴᠢᠬᠠᠪᠠᠯ ᠭᠡᠨ ᠴᠤ ᠭᠡᠳ ᠴᠢᠨᠤ ᠶᠠᠭᠤᠮ᠎ᠠ ᠶᠢ ᠲᠠᠭᠤᠷᠢᠶᠠᠵᠤ ᠬᠢᠵᠤ ᠪᠤᠯᠬᠤ ᠦᠭᠡᠢ᠃ ᠬᠤᠶᠠᠷ ᠲᠤ᠂ ᠲᠠᠸᠠᠷ ᠤᠨ ᠲᠡᠮᠳᠡᠭ ᠪᠤᠯ ᠤᠯᠠᠮᠵᠢᠯᠠᠬᠤ ᠦᠮᠴᠢᠯᠡᠯ ᠮᠦᠨ᠃ ᠲᠠᠩᠰᠠᠯᠠᠭᠤᠯᠤᠬᠰᠠᠨ ᠲᠠᠸᠠᠷ ᠤᠨ ᠲᠡᠮᠳᠡᠭ ᠢᠶᠠᠨ ᠬᠤᠶᠢᠴᠢ ᠦᠶ᠎ᠠ ᠳᠡᠭᠡᠨ ᠤᠯᠠᠮᠵᠢᠯᠠᠵᠤ ᠪᠤᠯᠤᠨ᠎ᠠ᠃ ᠬᠦᠷᠤᠩᠭᠡᠳᠤ ᠨᠡᠶᠢᠭᠡᠮ ᠳᠤ ᠲᠠᠸᠠᠷ ᠤᠨ ᠲᠡᠮᠳᠡᠭ ᠪᠤᠯ ᠴᠢᠬᠤᠯᠠ ᠨᠢᠭᠡ ᠵᠦᠢᠯ᠃ ᠬᠦᠷᠤᠩᠭᠡᠳᠤ ᠨᠡᠶᠢᠭᠡᠮ ᠤᠨ ᠤᠯᠤᠰ ᠤᠳ ᠤᠨ ᠪᠦᠬᠦ ᠲᠠᠯᠠᠭᠡᠢ ᠶᠢ ᠡᠵᠡᠮᠳᠡᠵᠤ ᠪᠠᠶᠢᠭ᠎ᠠ ᠴᠢᠬᠤᠯᠠ ᠨᠢᠭᠡ ᠠᠷᠭ᠎ᠠ ᠪᠤᠯ ᠲᠠᠸᠠᠷ ᠤᠨ ᠲᠡᠮᠳᠡᠭ ᠪᠤᠯᠤᠨ᠎ᠠ᠃     ᠤᠷᠳᠤᠰ ᠤᠨ ᠨᠠᠷᠢᠨ ᠨᠤᠤᠰᠤᠳᠤ ᠬᠤᠨᠢ ᠡᠬᠦᠯᠳᠡᠷᠵᠢᠬᠦᠯᠦᠭᠰᠡᠨ ᠠᠴᠠ ᠨᠠᠭᠠᠰᠢ ᠵᠢᠷᠠᠨ ᠭᠡᠳᠤᠨ ᠵᠢᠯ ᠪᠤᠯᠵᠤ᠂ ᠬᠢᠳᠠᠳ ᠮᠤᠩᠭᠤᠯ ᠦᠭᠡᠢ ᠤᠷᠳᠤᠰ ᠤᠨ ᠨᠠᠷᠢᠨ ᠨᠤᠤᠰᠤᠳᠤ ᠬᠤᠨᠢᠨ ᠤ ᠮᠢᠬ᠎ᠠ ᠶᠢ ᠢᠳᠡᠬᠦ ᠲᠤᠷ᠎ᠠ ᠲᠠᠢ ᠪᠤᠯᠴᠢᠬᠠᠯ᠎ᠠ᠃ ᠡᠨᠡ ᠴᠢᠨᠢ ᠨᠢᠭᠡᠨᠳᠡ ᠲᠠᠸᠠᠷ ᠤᠨ ᠲᠡᠮᠳᠡᠭ ᠪᠤᠯᠴᠢᠬᠠᠬᠰᠠᠨ᠃ ᠭᠡᠳᠡᠯ᠎ᠠ ᠤᠷᠴᠢᠮ ᠤᠨ ᠵᠢᠯ ᠠᠴᠠ ᠮᠠᠯᠴᠢᠳ ᠨᠠᠷᠢᠨ ᠨᠤᠤᠰᠤᠳᠤ ᠬᠤᠨᠢ ᠪᠠᠨ ᠴᠦᠭᠡᠳᠭᠡᠭᠡᠳ ᠳ᠋ᠦ᠋ ᠪᠦᠸᠧ ᠬᠤᠨᠢ ᠲᠡᠵᠢᠭᠡᠵᠤ ᠪᠠᠶᠢᠨ᠎ᠠ᠃ ᠢᠡᠭᠬᠢᠵᠤ ᠰᠤᠯᠢᠭᠠᠳ ᠪᠠᠶᠢᠪᠠᠯ ᠭᠡᠵᠢᠶ᠎ᠠ ᠴᠤ ᠭᠡᠰᠡᠨ ᠨᠡᠷᠡᠳᠤ ᠲᠡᠮᠳᠡᠭ ᠪᠤᠯᠵᠤ ᠲᠡᠶᠢᠯᠬᠦ ᠦᠭᠡᠢ᠃        ᠮᠢᠨᠤ ᠪᠤᠳᠤᠬᠤ ᠪᠠᠷ᠂ ᠲᠠᠸᠠᠷ ᠤᠨ ᠲᠡᠮᠳᠡᠭ ᠵᠠᠪᠠᠯ ᠨᠢᠭᠡ ᠬᠦᠮᠤᠨ ᠤ ᠪᠡᠶ᠎ᠡ ᠲᠡᠭᠡᠷ᠎ᠡ ᠪᠡᠶᠡᠯᠡᠭᠳᠡᠬᠦ ᠶᠠᠭᠤᠮ᠎ᠠ ᠪᠢᠰᠢ᠂ ᠲᠡᠶᠢᠮᠤ ᠪᠤᠯᠤᠯᠴᠠᠭ᠎ᠠ ᠲᠤᠩ ᠪᠠᠭ᠎ᠠ᠃ ᠦᠶ᠎ᠡ ᠦᠶ᠎ᠡ ᠶᠢᠨ ᠬᠦᠮᠤᠰ ᠤᠨ ᠴᠢᠷᠮᠠᠶᠢᠯᠭ᠎ᠠ ᠪᠠᠷ ᠪᠦᠳᠤᠨ᠎ᠠ᠃     ᠁ ᠁ ᠁     ᠪᠤᠳᠠᠰ ᠤᠨ ᠪᠤᠰᠤ ᠰᠤᠶᠤᠯ ᠤᠨ ᠦᠪ ᠤᠨ ᠲᠤᠬᠠᠢ ᠤᠢᠢᠯᠠᠭᠠᠬᠳᠠᠬᠤᠨ ᠪᠤᠯ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠰᠤᠷᠭᠠᠨ ᠬᠦᠮᠤᠵᠢᠯ ᠰᠢᠨᠵᠢᠯᠡᠬᠦ ᠤᠬᠠᠭᠠᠨ ᠰᠤᠶᠤᠯ ᠤᠨ ᠵᠤᠬᠢᠶᠠᠨ ᠪᠠᠶᠢᠭᠤᠯᠤᠯᠳᠠ ᠶᠢᠨ ᠬᠤᠷᠢᠨ ᠲᠠᠪᠤᠳᠤᠭᠠᠷ ᠬᠤᠭᠤᠴᠠᠭᠠᠨ ᠤ ᠶᠡᠭᠡ ᠬᠤᠷᠠᠯ ᠢᠶᠠᠷ ᠪᠠᠳᠤᠯᠠᠬᠰᠠᠨ ︽ᠠᠷᠠᠳ ᠤᠨ ᠡᠬᠦᠳᠤᠨ ᠪᠦᠳᠤᠭᠡᠯᠳᠡ ᠶᠢ ᠬᠠᠮᠠᠭᠠᠯᠠᠬᠤ︾ ᠰᠠᠨᠠᠭᠤᠯᠭ᠎ᠠ ᠶᠢᠨ ᠲᠦᠰᠦᠯ ᠠᠴᠠ ᠢᠷᠡᠯᠳᠡ ᠲᠠᠢ᠃ 2005 ᠤᠨ ᠤ 12 ᠰᠠᠷ᠎ᠠ ᠳᠤ᠂ ᠲᠦᠷᠦ ᠶᠢᠨ ᠶᠠᠪᠤᠳᠠᠯ ᠤᠨ ᠬᠤᠷᠢᠶ᠎ᠠ 2006 ᠤᠨ ᠠᠴᠠ ᠵᠢᠯ ᠪᠤᠯᠭᠠᠨ ᠤ 6 ᠰᠠᠷ᠎ᠠ ᠶᠢᠨ ᠬᠤᠶᠠᠳᠤᠭᠠᠷ ᠭᠠᠷᠠᠭ ᠤᠨ ᠵᠢᠷᠭᠤᠭᠠᠨ ᠢ ᠲᠤᠮᠳᠠᠳᠤ ᠤᠯᠤᠰ ᠤᠨ ︽ᠰᠤᠶᠤᠯ ᠤᠨ ᠦᠪ ᠤᠨ ᠡᠳᠤᠷ︾ ᠪᠤᠯᠭᠠᠬᠤ ᠪᠠᠷ ᠲᠤᠬᠳᠠᠭᠠᠨ᠂ ᠰᠤᠶᠤᠯ ᠤᠨ ᠦᠪ ᠤᠨ ᠲᠡᠮᠳᠡᠭ ᠢ ᠵᠤᠬᠢᠶᠠᠪᠠ᠃ 2011 ᠤᠨ ᠠᠴᠠ ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠪᠤᠳᠠᠰ ᠤᠨ ᠪᠤᠰᠤ ᠰᠤᠶᠤᠯ ᠤᠨ ᠦᠪ ᠤᠨ ᠬᠠᠤᠯᠢ︾᠎ ᠶᠢ ᠲᠤᠬᠳᠠᠭᠠᠨ ᠭᠡᠷᠡᠭᠵᠢᠬᠦᠯᠪᠡ᠃ 2017 ᠤᠨ ᠠᠴᠠ ︽ᠰᠤᠶᠤᠯ ᠤᠨ ᠦᠪ ᠤᠨ ᠡᠳᠤᠷ︾᠎ ᠢ ︽ᠰᠤᠶᠤᠯ ᠪᠠ ᠪᠠᠶᠢᠭᠠᠯᠢ ᠶᠢᠨ ᠦᠪ ᠤᠨ ᠡᠳᠤᠷ︾ ᠭᠡᠵᠤ ᠲᠤᠬᠢᠷᠠᠭᠤᠯᠪᠠ᠃     2005 ᠤᠨ ᠳᠤ᠂ ᠮᠠᠨ ᠤ ᠬᠤᠳᠠ ︽ᠤᠷᠳᠤᠰ ᠬᠤᠳᠠ ᠶᠢᠨ ᠪᠤᠳᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳᠠ ᠶᠢᠨ ᠢᠨᠵᠧᠨᠧᠷᠢᠩ ᠢ ᠭᠡᠷᠡᠭᠵᠢᠬᠦᠯᠬᠦ ᠲᠦᠰᠤᠯ︾᠎ ᠢ ᠲᠤᠬᠳᠠᠭᠠᠵᠤ᠂ 2007 ᠤᠨ ᠳᠤ ︽ᠪᠤᠳᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳᠠ ᠶᠢᠨ ᠢᠨᠵᠧᠨᠧᠷᠢᠩ︾᠎ ᠢ ᠤᠷᠳᠤᠰ ᠬᠤᠳᠠ ᠶᠢᠨ ︽ᠠᠷᠪᠠᠨ ᠲᠤᠮᠤ ᠰᠤᠶᠤᠯ ᠤᠨ ᠢᠨᠵᠧᠨᠧᠷᠢᠩ︾᠎ ᠳᠤ ᠤᠷᠤᠭᠤᠯᠤᠨ᠂ ᠪᠤᠳᠠᠰ ᠤᠨ ᠪᠤᠰᠤ ᠰᠤᠶᠤᠯ ᠤᠨ ᠦᠪ ᠢ ᠬᠠᠮᠠᠭᠠᠯᠠᠬᠤ᠂ ᠠᠭᠤᠳᠠᠯᠬᠤ᠂ ᠡᠮᠬᠢᠳᠭᠡᠬᠦ ᠠᠵᠢᠯ ᠢ ᠴᠢᠷᠮᠠᠶᠢᠨ ᠬᠢᠵᠤ᠂ ᠨᠢᠭᠡ ᠪᠦᠯᠦᠭ ᠪᠤᠳᠠᠰ ᠤᠨ ᠪᠤᠰᠤ ᠰᠤᠶᠤᠯ ᠤᠨ ᠦᠪ ᠢ ᠤᠯᠤᠰ ᠪᠠ ᠤᠷᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠨᠡᠷᠡᠰ ᠲᠤ ᠤᠷᠤᠭᠤᠯᠤᠬᠰᠠᠨ ᠪᠠᠶᠢᠨ᠎ᠠ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号