6 ᠰᠠᠷ᠎ᠠ ᠶᠢᠨ 16 ᠤ ᠡᠳᠦᠷ᠂ 2020 ᠣᠨ ᠤ ᠦᠦᠰᠢᠨ ᠬᠤᠰᠢᠭᠤᠨ ᠤ ᠡᠮᠡᠭᠳᠡᠶᠢᠴᠣᠳ ᠤᠨ | ᠬᠤᠯᠪᠣᠭᠠᠲᠣ ᠬᠤᠷᠠᠯ ᠤᠨ ︽ᠡᠮᠡᠭᠳᠡᠶᠢᠴᠣᠳ ᠨᠠᠮ ᠢᠶᠠᠨ ᠬᠦᠷᠢᠶᠡᠯᠡᠵᠦ ᠰᠢᠨ᠎ᠡ ᠡᠷᠡᠨ ᠳᠤ ᠡᠷᠡᠯᠭᠡᠭᠯᠡᠨ | ᠣᠷᠣᠭᠰᠢᠯᠠᠬᠤ︾ ᠬᠤᠶᠠᠷ ᠬᠤᠷᠠᠯ ᠤᠨ ᠵᠣᠷᠢᠭ ᠰᠠᠨᠠᠭ᠎ᠠ ᠶᠢ ᠳᠣᠭᠤᠷᠢᠨ ᠶᠠᠷᠢᠬᠤ ᠵᠢᠴᠢ ᠬᠡᠷ ᠪᠦᠯᠢ ᠶᠢᠨ ᠬᠦᠮᠦᠵᠢᠯ | ᠤᠨ ᠮᠡᠳᠡᠯᠬᠡ ᠶᠢᠨ ᠳᠠᠶᠢᠯᠣᠮᠵᠢ ᠰᠦᠯᠳᠡ ᠰᠣᠮᠣᠨ ᠳᠤ ᠶᠠᠪᠣᠭᠳᠠᠯ᠎ᠠ᠃ | | | | | | | ᠠᠵᠢᠯᠯᠠᠭᠠᠨ ᠳᠤ ᠬᠤᠰᠢᠭᠤ ᠨᠠᠮ ᠤᠨ ᠰᠣᠷᠭᠠᠭᠤᠯᠢ ᠶᠢᠨ ᠳᠡᠳ᠋ ᠫᠷᠤᠹᠰᠰᠤᠷ ᠠᠴᠠ 2020 ᠣᠨ ᠤ ᠪᠦᠬᠦ | ᠣᠯᠣᠰ ᠤᠨ ᠬᠤᠶᠠᠷ ᠬᠤᠷᠠᠯ ᠤᠨ ᠠᠭᠤᠯᠭ᠎ᠠ᠂ ᠵᠣᠷᠢᠭ ᠰᠠᠨᠠᠭ᠎ᠠ᠂ ᠠᠴᠢ ᠬᠤᠯᠪᠣᠭᠳᠠᠯ ᠪᠠ ᠰᠢ ᠶᠢᠨ ᠫᠢᠩ ᠶᠡᠷᠦᠩᠬᠡᠢ | ᠱᠦᠵᠢ ᠶᠢᠨ ᠦᠪᠦᠷ ᠮᠣᠩᠭᠤᠯ ᠤᠨ ᠳᠦᠯᠦᠬᠡᠯᠡᠭᠴᠢᠳ ᠤᠨ ᠪᠦᠯᠬᠦᠮ ᠤᠨ ᠬᠢᠨᠠᠯᠳᠠ ᠳᠠᠯᠪᠢᠬᠤ ᠳᠤ ᠣᠷᠣᠯᠴᠠᠬᠤ | ᠦᠶ᠎ᠡ ᠶᠢᠨ ᠶᠠᠷᠢᠶᠠᠨ ᠤ ᠵᠣᠷᠢᠭ ᠰᠠᠨᠠᠭᠠᠨ ᠤ ᠳᠣᠬᠠᠢ ᠰᠢᠰᠲ᠋ᠧᠮ ᠲᠠᠢ ᠨᠠᠷᠢᠯᠢᠭ ᠳᠠᠶᠢᠯᠦᠮᠵᠢ ᠬᠢᠵᠦ ᠬᠤᠰᠢᠭᠤ | ᠨᠠᠰᠣᠨ ᠳᠤ ᠦᠯᠦ ᠬᠦᠷᠦᠭᠰᠡᠳ ᠤᠨ ᠰᠡᠳᠬᠢᠴᠡ ᠶᠢᠨ ᠡᠷᠡᠬᠦᠯ ᠮᠡᠨᠲᠣ ᠶᠢᠨ ᠰᠣᠷᠭᠠᠨ ᠬᠦᠮᠦᠵᠢᠯ ᠤᠨ ᠳᠦᠪ ᠤᠨ | ᠰᠡᠳᠬᠢᠴᠡ ᠶᠢᠨ ᠵᠦᠪᠯᠡᠭᠴᠢ ᠪᠠᠭᠰᠢ ᠠᠴᠠ ︽ᠬᠡᠷ ᠪᠦᠯᠢ ᠶᠢᠨ ᠰᠣᠷᠭᠠᠨ ᠬᠦᠮᠦᠵᠢᠯ ᠢ ᠰᠣᠷᠣᠯᠴᠠᠵᠦ ᠣᠬᠠᠭᠠᠯᠢᠭ | ᠬᠡᠷ ᠤᠨ ᠠᠬᠠᠮᠠᠳ ᠪᠣᠯᠬᠤ︾ ᠭᠤᠣᠯ ᠰᠡᠳᠣᠪ ᠢᠶᠠᠷ ᠬᠡᠣᠬᠡᠳ ᠤᠨ ᠦᠰᠦᠯᠳᠡ ᠪᠣᠶᠢᠵᠢᠯᠳᠠ ᠳᠠᠬᠢ ᠰᠡᠳᠬᠢᠴᠡ ᠶᠢᠨ | ᠬᠤᠪᠢᠷᠠᠯᠳᠠ᠂ ᠬᠡᠷ ᠪᠦᠯᠢ ᠶᠢᠨ ᠰᠣᠷᠭᠠᠨ ᠬᠦᠮᠦᠵᠢᠯ ᠤᠨ ᠴᠢᠬᠤᠯᠠ ᠴᠢᠨᠠᠷ᠂ ᠬᠡᠷ ᠤᠨ ᠠᠬᠠᠮᠠᠳ ᠬᠡᠣᠬᠡᠳ ᠤᠨ | ᠬᠤᠭᠤᠷᠣᠨᠳᠠᠬᠢ ᠬᠠᠷᠢᠴᠠᠭ᠎ᠠ ᠬᠠᠷᠢᠯᠴᠠᠭ᠎ᠠ᠂ ᠭᠡᠷ ᠤᠨ ᠰᠣᠷᠳᠠᠯ ᠵᠡᠷᠭᠡ ᠳᠠᠯ᠎ᠠ ᠠᠴᠠ ᠠᠮᠢᠳᠣᠯᠢᠭ ᠣᠶᠢᠯᠠᠭᠠᠮᠵᠢᠲᠠᠢ | ᠳᠠᠶᠢᠯᠦᠮᠵᠢ ᠬᠢᠭᠰᠡᠨ ᠪᠠᠶᠢᠨ᠎ᠠ᠃ | | | | | | | | | | | | | ᠰᠦᠯᠳᠡ ᠰᠣᠮᠣᠨ ᠤ ᠳᠣᠯᠢ ᠭᠠᠴᠠᠭᠠᠨ ᠤ ᠮᠠᠯᠴᠢᠨ ᠽᠠᠨᠳᠠᠨᠴᠢᠮᠡᠭ᠄ ︽ᠬᠡᠷ ᠪᠦᠯᠢ ᠶᠢᠨ ᠬᠦᠮᠦᠵᠢᠯ ᠤᠨ | ᠳᠠᠯ᠎ᠠ ᠪᠠᠷ ᠠᠶᠢᠯ ᠭᠡᠷ ᠢᠶᠠᠨ ᠶᠠᠭᠠᠬᠢᠵᠦ ᠠᠪᠴᠦ ᠶᠠᠪᠣᠬᠤ᠂ ᠬᠡᠣᠬᠡᠳ ᠢᠶᠠᠨ ᠶᠠᠭᠠᠬᠢᠵᠦ ᠬᠦᠮᠦᠵᠢᠬᠦᠯᠬᠦ ᠰᠠᠶᠢᠬᠠᠨ | ᠶᠠᠷᠢᠶ᠎ᠠ ᠪᠠᠨ ᠶᠠᠷᠢᠭᠰᠠᠨ ᠪᠠᠶᠢᠨ᠎ᠠ᠃ ᠶᠡᠭᠡ ᠣᠶᠢᠯᠠᠭᠠᠯᠳᠠ ᠲᠠᠢ᠂ ᠶᠡᠭᠡ ᠠᠷᠪᠢᠨ ᠶᠠᠭᠤᠮ᠎ᠠ ᠶᠢ ᠰᠣᠷᠣᠯᠴᠠᠵᠦ ᠮᠡᠳᠡᠯ᠎ᠡ᠃ | ᠬᠡᠣᠬᠡᠳ ᠴᠦ᠂ ᠬᠡᠷ ᠤᠨ ᠬᠦᠮᠦᠰ ᠢᠶᠠᠨ ᠴᠦ ᠢᠯᠡᠬᠦᠬᠡᠨ ᠵᠣᠷᠢᠭᠵᠢᠭᠤᠯᠵᠦ ᠨᠢᠬᠡ ᠨᠢᠬᠡᠨ ᠢᠶᠠᠨ ᠬᠠᠶᠢᠷᠠᠯᠠᠵᠦ | ᠬᠠᠯᠠᠮᠵᠢᠯᠠᠵᠦ ᠶᠠᠪᠣᠬᠤ ᠨᠢ ᠴᠢᠬᠤᠯᠠ ᠬᠡᠰᠡᠨ ᠢ ᠣᠶᠢᠯᠠᠭᠠᠯ᠎ᠠ︾ ᠬᠡᠵᠦ ᠪᠠᠶᠢᠯ᠎ᠠ᠃ | | | | | | | ᠣᠶᠢᠯᠠᠭᠠᠭᠰᠠᠨ ᠢᠶᠠᠷ᠂ ᠦᠨᠳᠦᠰᠦᠨ ᠱᠠᠳᠣᠨ ᠤ ᠡᠮᠡᠭᠳᠡᠢ ᠺᠠᠳ᠋ᠷᠴᠣᠳ᠂ ᠡᠮᠡᠭᠳᠡᠶᠢᠴᠣᠳ ᠤᠨ ᠦᠨᠳᠦᠰᠦᠨ | ᠬᠡᠪ ᠴᠢᠨᠠᠷ ᠢ ᠶᠡᠷᠦᠩᠬᠡᠶᠢᠯᠡᠨ ᠳᠡᠭᠡᠭᠰᠢᠯᠡᠬᠦᠯᠬᠦ ᠶᠢᠨ ᠳᠦᠯᠦᠬᠡ ᠬᠤᠰᠢᠭᠤ ᠡᠮᠡᠭᠳᠡᠶᠢᠴᠣᠳ ᠤᠨ ᠬᠤᠯᠪᠣᠭᠠᠲᠣ ᠬᠤᠷᠠᠯ | ᠨᠢ ᠬᠤᠰᠢᠭᠤ ᠨᠠᠮ ᠤᠨ ᠰᠣᠷᠭᠠᠭᠤᠯᠢ ᠪᠠ ᠬᠤᠰᠢᠭᠤ ᠨᠠᠰᠣᠨ ᠳᠤ ᠦᠯᠦ ᠬᠦᠷᠦᠭᠰᠡᠳ ᠤᠨ ᠰᠡᠳᠬᠢᠴᠡ ᠶᠢᠨ ᠡᠷᠡᠬᠦᠯ | ᠮᠡᠨᠲᠣ ᠶᠢᠨ ᠰᠣᠷᠭᠠᠨ ᠬᠦᠮᠦᠵᠢᠯ ᠤᠨ ᠳᠦᠪ ᠲᠠᠢ ᠬᠠᠮᠳᠣᠷᠠᠨ ᠪᠦᠬᠦ ᠬᠤᠰᠢᠭᠤᠨ ᠤ ᠵᠢᠷᠭᠤᠭᠠᠨ ᠰᠣᠮᠣ ᠪᠠᠯᠭᠠᠰᠣᠨ | ᠳᠤ ︽ᠡᠮᠡᠭᠳᠡᠶᠢᠴᠣᠳ ᠨᠠᠮ ᠢᠶᠠᠨ ᠬᠦᠷᠢᠶᠡᠯᠡᠵᠦ ᠰᠢᠨ᠎ᠡ ᠡᠷᠡᠨ ᠳᠤ ᠡᠷᠡᠯᠭᠡᠭᠯᠡᠨ ᠣᠷᠣᠭᠰᠢᠯᠠᠬᠤ︾ ᠬᠤᠶᠠᠷ ᠬᠤᠷᠠᠯ | ᠤᠨ ᠵᠣᠷᠢᠭ ᠰᠠᠨᠠᠭ᠎ᠠ ᠶᠢ ᠳᠣᠭᠤᠷᠢᠨ ᠶᠠᠷᠢᠬᠤ ᠵᠢᠴᠢ ᠬᠡᠷ ᠪᠦᠯᠢ ᠶᠢᠨ ᠬᠦᠮᠦᠵᠢᠯ ᠤᠨ ᠮᠡᠳᠡᠯᠬᠡ ᠶᠢᠨ ᠳᠠᠶᠢᠯᠣᠮᠵᠢ ᠬᠢᠬᠦ | ᠪᠠᠷ ᠪᠠᠶᠢᠨ᠎ᠠ᠃ | ᠰᠦᠯᠳᠡ ᠰᠣᠮᠣᠨ ᠤ ᠡᠮᠡᠭᠳᠡᠢ ᠺᠠᠳ᠋ᠷ ᠠᠵᠢᠯᠳᠠᠳ᠂ ᠡᠯ᠎ᠡ ᠭᠠᠴᠠᠭ᠎ᠠ ᠳᠣᠰᠬᠤᠨ ︵ᠨᠡᠶᠢᠬᠡᠮ ᠳᠣᠭᠤᠷᠢᠭ︶ ᠤ | ᠡᠮᠡᠭᠳᠡᠶᠢᠴᠣᠳ ᠤᠨ ᠬᠤᠯᠪᠣᠭᠠᠲᠣ ᠬᠤᠷᠠᠯ ᠤᠨ ᠳᠡᠷᠢᠬᠦᠯᠡᠭᠴᠢ᠂ ᠮᠠᠯᠴᠢᠨ ᠳᠠᠷᠢᠶᠠᠴᠢᠨ ᠤ ᠳᠦᠯᠦᠬᠡᠯᠡᠭᠴᠢᠳ | ᠠᠵᠢᠯᠯᠠᠭᠠᠨ ᠳᠤ ᠣᠷᠣᠯᠴᠠᠪᠠ᠃ | | | | | | | ᠬᠤᠰᠢᠭᠤ ᠡᠮᠡᠭᠳᠡᠶᠢᠴᠣᠳ ᠤᠨ ᠬᠤᠯᠪᠣᠭᠠᠲᠣ ᠬᠤᠷᠠᠯ ᠤᠨ ᠡᠷᠭᠡ ᠠᠰᠢᠭ ᠢ ᠬᠠᠮᠠᠭᠠᠯᠠᠬᠤ ᠳᠠᠰᠤᠭ ᠤᠨ | ᠳᠠᠷᠤᠭ᠎ᠠ ᠣᠯᠠᠭᠠᠨᠳᠣᠶᠠᠭ᠎ᠠ᠄ ︽ᠡᠨᠡ ᠣᠳᠠᠭᠠᠨ ᠤ ᠠᠵᠢᠯᠯᠠᠭ᠎ᠠ ᠶᠢ ᠦᠷᠨᠢᠬᠦᠯᠦᠭᠰᠡᠨ ᠭᠤᠣᠯ ᠵᠣᠷᠢᠯᠳᠠ ᠨᠢ ᠪᠣᠯ | ᠡᠮᠡᠭᠳᠡᠶᠢᠴᠣᠳ ᠤᠨ ᠬᠤᠯᠪᠣᠭᠠᠨ ᠤ ᠬᠦᠢᠴᠡᠳᠬᠡᠬᠦ ᠬᠡᠰᠢᠬᠦᠳ ᠤᠨ ᠬᠡᠪ ᠴᠢᠨᠠᠷ ᠢ ᠳᠡᠭᠡᠭᠰᠢᠯᠡᠬᠦᠯᠤᠨ ᠳᠡᠳᠡᠨ ᠳᠤ | ᠳᠦᠪ ᠤᠨ ︽ᠬᠤᠶᠠᠷ ᠬᠤᠷᠠᠯ︾ ᠤᠨ ᠵᠣᠷᠢᠭ ᠰᠠᠨᠠᠭ᠎ᠠ ᠶᠢ ᠣᠬᠠᠭᠤᠯᠣᠨ ᠰᠣᠷᠣᠯᠴᠠᠭᠤᠯᠵᠦ ︽ᠦᠪᠡᠷᠳᠡᠭᠡᠨ | ᠵᠠᠰᠠᠬᠤ ᠣᠷᠣᠨ ᠤ ᠬᠡᠷ ᠪᠦᠯᠢ ᠶᠢᠨ ᠬᠦᠴᠦᠷᠭᠡᠭᠯᠡᠯ ᠢ ᠡᠰᠡᠷᠬᠦᠴᠡᠬᠦ ᠲᠦᠷᠢᠮ︾ ᠢ ᠣᠬᠠᠭᠤᠯᠬᠤ᠂ ᠮᠦᠨᠴᠦ | ᠰᠡᠳᠬᠢᠴᠡ ᠶᠢᠨ ᠮᠡᠳᠡᠯᠭᠡ ᠶᠢ ᠡᠵᠡᠮᠰᠢᠬᠦᠯᠦᠨ ᠳᠡᠳᠡᠨ ᠤ ᠬᠡᠪ ᠴᠢᠨᠠᠷ ᠢ ᠳᠡᠭᠡᠭᠰᠢᠯᠡᠬᠦᠯᠵᠦ ᠨᠡᠩ ᠦᠷᠭᠡᠨ ᠣᠯᠠᠨ | ᠡᠮᠡᠭᠳᠡᠶᠢᠴᠣᠳ ᠲᠤ ᠦᠢᠯᠡᠴᠢᠯᠡᠨ ᠡᠮᠡᠭᠳᠡᠶᠢᠴᠣᠳ ᠤᠨ ᠠᠵᠢᠯ ᠢᠶᠠᠨ ᠰᠢᠨ᠎ᠡ ᠨᠢᠬᠡᠨ ᠳᠡᠭᠳᠡᠷ ᠲᠤ ᠭᠠᠷᠭᠠᠬᠤ ᠶᠢᠨ | ᠳᠦᠯᠦᠬᠡ ᠶᠣᠮ︾ ᠬᠡᠪᠡ᠃ | | | | |