ᠠᠯᠳᠠᠨᠴᠢᠯᠠᠭᠤ ᠨᠦᠬᠦᠷ ᠰᠠᠶᠢᠨ ᠲᠤᠷ᠎ᠠ ᠠᠴᠠ ᠪᠠᠨ ︽ᠰᠤᠷᠤᠯᠴᠠᠯᠭ᠎ᠠ ᠶᠢᠨ ᠬᠦᠴᠤᠷᠬᠡᠭ ᠤᠯᠤᠰ︾ ᠲᠠᠪᠴᠠᠩ ᠢ ᠰᠣᠷᠣᠯᠴᠠᠵᠦ ᠤᠯᠠᠨ ᠤ ᠲᠠᠭᠤᠷᠢᠶᠠᠯ ᠪᠤᠯᠵᠦ ᠶᠠᠪᠤᠨ᠎ᠠ
ᠨᠡᠶᠢᠲᠡᠯᠡᠭᠰᠡᠨ ᠴᠠᠭ᠄
2020-06-19
     ︽ᠰᠤᠷᠤᠯᠴᠠᠯᠭ᠎ᠠ ᠶᠢᠨ ᠬᠦᠴᠤᠷᠬᠡᠭ ᠤᠯᠤᠰ︾ APP ᠨᠢ 2019 ᠤᠨ ᠤ 1 ᠰᠠᠷ᠎ᠠ ᠶᠢᠨ 1 ᠤ ᠡᠲᠦᠷ ᠵᠢᠩᠭᠢᠨᠢ ᠪᠠᠷ ᠰᠦᠯᠵᠢᠶᠡᠨ ᠳᠤ ᠨᠡᠪᠳᠡᠷᠡᠵᠦ ᠨᠠᠮ ᠤᠨ ᠭᠡᠰᠢᠭᠦᠨ᠂ ᠤᠯᠣᠰ ᠤᠨ ᠠᠵᠢᠯᠳᠡᠨ ᠵᠠᠪᠠᠯ ᠰᠤᠷᠤᠯᠴᠠᠬᠤ ᠲᠠᠪᠴᠠᠩ ᠪᠤᠯᠤᠭᠰᠠᠨ ᠪᠠᠶᠢᠳᠠᠭ᠃ ᠭᠡᠭᠦ ᠳᠤ ᠰᠦᠯᠳᠡ ᠰᠤᠮᠤᠨ ᠳᠤ ᠲᠡᠯᠭᠡᠭᠦᠷ ᠡᠵᠡᠭᠨᠡᠵᠦ ᠪᠠᠶᠢᠭ᠎ᠠ ᠠᠯᠳᠠᠨᠴᠢᠯᠠᠭᠤ ᠰᠠᠶᠢᠨ ᠲᠤᠷ᠎ᠠ ᠠᠴᠠ ᠪᠠᠨ ︽ᠰᠤᠷᠤᠯᠴᠠᠯᠭ᠎ᠠ ᠶᠢᠨ ᠬᠦᠴᠦᠷᠭᠡᠭ ᠤᠯᠣᠰ︾ ᠲᠠᠪᠴᠠᠩ ᠢ ᠰᠤᠷᠤᠯᠴᠠᠵᠤ ᠤᠯᠠᠨ ᠤ ᠲᠠᠭᠤᠷᠢᠶᠠᠯ ᠪᠤᠯᠵᠤ ᠪᠠᠶᠢᠨ᠎ᠠ᠃      ᠠᠯᠳᠠᠨᠴᠢᠯᠠᠭᠤ ᠪᠣᠯ ᠰᠦᠯᠳᠡ ᠰᠤᠮᠤᠨ ᠳᠤ ᠲᠡᠯᠭᠡᠭᠦᠷ ᠡᠵᠡᠭᠨᠡᠵᠦ ᠠᠵᠣ ᠠᠮᠢᠳᠣᠷᠠᠯ ᠢᠶᠠᠨ ᠰᠠᠶᠢᠵᠢᠷᠠᠭᠤᠯᠣᠨ ᠬᠢᠯᠠᠷᠠᠭᠤᠯᠵᠣ ᠶᠠᠪᠣᠭ᠎ᠠ ᠬᠤᠪᠢ ᠶᠢᠨ ᠡᠵᠡᠭᠨᠡᠭᠴᠢ ᠪᠤᠯᠤᠨ᠎ᠠ᠃ ᠲᠡᠷᠡ 2019 ᠣᠨ ᠤ 10 ᠰᠠᠷ᠎ᠠ ᠳᠤ ᠰᠠᠶᠢᠨ ᠲᠤᠷ᠎ᠠ ᠠᠴᠠ ᠪᠠᠨ ︽ᠰᠤᠷᠤᠯᠴᠠᠯᠭ᠎ᠠ ᠶᠢᠨ ᠬᠦᠴᠦᠷᠭᠡᠭ ᠤᠯᠣᠰ︾ APP ᠢ ᠭᠠᠷ ᠤᠳᠠᠰᠤᠨ ᠲᠡᠭᠡᠷ᠎ᠡ ᠪᠠᠭᠤᠯᠭᠠᠨ ᠦᠷᠯᠥᠭᠡ ᠪᠤᠯᠭᠠᠨ 10 ᠮᠢᠨᠥ᠋ᠲ ᠶᠢᠨ ᠴᠠᠭ ᠭᠠᠷᠭᠠᠨ ᠴᠠᠭ ᠲᠦᠷᠦ ᠶᠢᠨ ᠰᠤᠨᠢᠨ ᠮᠡᠲᠡᠭᠡ᠂ ᠴᠢᠬᠤᠯᠠ ᠬᠤᠷᠠᠯ ᠪᠠ ᠴᠢᠬᠤᠯᠠ ᠶᠠᠷᠢᠶ᠎ᠠ ᠶᠢᠨ ᠵᠤᠷᠢᠭ ᠰᠠᠨᠠᠭ᠎ᠠ ᠶᠢ ᠰᠤᠷᠤᠯᠴᠠᠵᠤ ᠤᠷᠤᠨ᠂ ᠬᠤᠳᠠ᠂ ᠬᠤᠰᠢᠭᠤ ᠱᠠᠳᠤᠨ ᠤ ᠮᠡᠳᠡᠭᠡᠯᠡᠯ ᠢ ᠠᠯᠳᠠᠯ ᠦᠭᠡᠢ ᠦᠵᠡᠳᠡᠭ ᠢᠶᠠᠷ ᠪᠠᠷᠠᠬᠤ ᠦᠭᠡᠢ ᠪᠠᠰᠠ ᠬᠠᠤᠯᠢ ᠲᠦᠷᠢᠮ᠂ ᠲᠡᠤᠭᠡᠨ ᠭᠡᠷᠡᠭ ᠤᠴᠢᠷ ᠵᠡᠷᠭᠡ ᠤᠯᠠᠨ ᠲᠠᠯ᠎ᠠ ᠶᠢᠨ ᠠᠭᠤᠯᠭ᠎ᠠ ᠶᠢ ᠪᠠᠶᠢᠩᠭᠤ ᠠᠩᠬᠠᠷᠤᠨ ᠦᠵᠡᠳᠡᠭ ᠪᠠᠶᠢᠨ᠎ᠠ᠃ ᠲᠡᠷᠡ ᠡᠳᠤᠷ ᠪᠦᠷᠢ ᠶᠢᠨ ᠪᠦᠭᠦᠯᠢ ᠬᠤᠪᠢ  ᠶᠢ ᠠᠯᠳᠡᠯ ᠦᠭᠡᠢ ᠤᠯᠳᠠᠭ ᠮᠦᠷᠳᠡᠭᠡᠨ ᠡᠳᠤᠷ ᠪᠤᠯᠭᠠᠨ ᠤ 10 ᠰᠤᠷᠢᠶ᠎ᠡ ᠰᠡᠳᠤᠪ ᠢ 1 ᠮᠢᠨᠦ᠋ᠲ ᠲᠤ ᠬᠢᠵᠦ ᠪᠠᠷᠠᠳᠠᠭ᠃      ᠠᠯᠳᠠᠨᠴᠢᠯᠠᠭᠤ᠄ ︽ᠪᠢ ᠰᠠᠶᠢᠨ ᠲᠤᠷ᠎ᠠ ᠠᠴᠠ ᠪᠠᠨ ᠰᠤᠷᠴᠤ ᠪᠠᠶᠢᠨ᠎ᠠ᠂ ᠲᠡᠯᠭᠡᠭᠦᠷ ᠨᠡᠭᠡᠭᠡᠳ ᠠᠵᠢᠯ ᠦᠭᠡᠢ ᠴᠠᠭ ᠲᠤ ᠰᠤᠷᠳᠠᠭ᠃ ᠤᠳᠣ ᠪᠤᠯᠳᠠᠯ᠎ᠠ 11071 ᠬᠤᠪᠢ ᠰᠤᠷᠤᠴᠢᠬᠠᠯ᠎ᠠ᠃ ᠡᠳᠤᠷ ᠤᠨ ᠪᠥᠭᠦ ᠠᠭᠤᠯᠭ᠎ᠠ ᠶᠢ ᠪᠦᠷ ᠬᠢᠴᠢᠬᠡᠨ᠎ᠡ︾ ᠬᠡᠵᠦ ᠪᠠᠶᠢᠯ᠎ᠠ᠃      ᠠᠯᠳᠠᠨᠴᠢᠯᠠᠭᠤ ᠨᠠᠮ ᠤᠨ ᠭᠡᠰᠢᠭᠦᠨ᠂ ᠤᠯᠣᠰ ᠤᠨ ᠠᠵᠢᠯᠳᠡᠨ ᠪᠢᠰᠢ ᠠᠳᠠᠯ᠎ᠠ ᠪᠠᠨ ᠰᠠᠶᠢᠨ ᠲᠤᠷ᠎ᠠ ᠠᠴᠠ  ᠪᠠᠨ ︽ᠰᠤᠷᠤᠯᠴᠠᠯᠭ᠎ᠠ ᠶᠢᠨ ᠬᠦᠴᠦᠷᠭᠡᠭ ᠤᠯᠣᠰ︾ APP ᠢ ᠡᠳᠤᠷ ᠪᠤᠯᠭᠠᠨ ᠰᠤᠷᠤᠯᠴᠠᠵᠤ ᠤᠯᠠᠨ ᠲᠦᠮᠡᠨ ᠤ ᠲᠠᠭᠤᠷᠢᠶᠠᠯ ᠪᠤᠯᠵᠤ ᠶᠠᠪᠤᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号