ᠣᠶᠢᠷ᠎ᠠ ᠶᠢᠨ ᠡᠳᠦᠷ ᠠᠭᠠᠷ ᠤᠨ ᠳᠤᠯᠠᠭᠠᠨ ᠤ ᠳᠡᠭᠡᠭᠰᠢᠯᠡᠬᠦ ᠶᠢ ᠳᠠᠭᠠᠯᠳᠣᠨ ᠭᠠᠩ ᠬᠠᠭᠤᠷᠠᠢ ᠠᠭᠤᠷ | ᠠᠮᠢᠰᠬᠤᠯ ᠦᠷᠭᠦᠯᠵᠢᠯᠡᠭᠰᠡᠨ ᠠᠴᠠ ᠮᠠᠨ ᠤ ᠬᠤᠰᠢᠭᠤᠨ ᠤ ᠬᠡᠰᠡᠭ ᠭᠠᠵᠠᠷ ᠤᠨ ᠤᠢ ᠰᠢᠭᠤᠢ ᠪᠠ ᠨᠣᠳᠤᠭ | ᠪᠠᠯᠴᠢᠭᠡᠷ ᠬᠦᠨᠦᠭᠡᠯᠲᠦ ᠬᠤᠷᠤᠬᠠᠢ ᠶᠢᠨ ᠭᠠᠮᠰᠢᠭ ᠲᠤ ᠬᠦᠨᠳᠣ ᠨᠣᠴᠢᠳᠡᠢ ᠳᠠᠭᠠᠷᠢᠭᠳᠠᠯ᠎ᠠ᠃ ᠡᠨᠡᠬᠦ ᠪᠠᠶᠢᠳᠠᠯ ᠳᠤ | ᠴᠢᠭᠯᠡᠭᠦᠯᠦᠨ ᠮᠠᠨ ᠤ ᠬᠤᠰᠢᠭᠤᠨ ᠤ ᠣᠢ ᠰᠢᠭᠤᠢ ᠪᠠ ᠨᠣᠳᠤᠭ ᠪᠡᠯᠴᠢᠭᠡᠷ ᠤᠨ ᠳᠣᠪᠴᠢᠶᠠᠨ ᠤ ᠬᠢᠨ ᠴᠠᠭ ᠲᠤᠬᠠᠢ | ᠳᠤᠨᠢ ᠶᠡᠭᠡ ᠬᠡᠮᠵᠢᠶᠠᠨ ᠤ ᠪᠡᠯᠡ ᠮᠦᠡᠭᠬᠦ ᠵᠠᠷᠣᠴᠠᠭᠤᠯᠣᠨ ᠨᠢᠰᠭᠡᠯ ᠢᠶᠠᠷ ᠡᠮ ᠰᠦᠷᠴᠢᠨ ᠬᠦᠨᠦᠭᠡᠯᠲᠦ ᠬᠤᠷᠤᠬᠠᠢ ᠶᠢ | ᠣᠰᠠᠳᠬᠠᠨ ᠰᠡᠷᠭᠡᠶᠢᠯᠡᠵᠣ ᠪᠠᠶᠢᠨ᠎ᠠ᠃ | ᠡᠨ᠋ᠨ ᠵᠢᠯ ᠤᠨ ᠵᠣᠨ ᠤ ᠡᠬᠢ ᠠᠴᠠ ᠡᠬᠢᠯᠡᠨ ᠦᠣᠰᠢᠨᠵᠣᠣ ᠪᠠᠯᠭᠠᠰᠣᠨ ᠤ ᠴᠠᠭᠠᠨᠰᠦ᠋ᠮ᠎ᠡ ᠭᠠᠴᠠᠭᠠᠨ ᠤ | ᠮᠠᠯᠴᠢᠨ ᠨᠠᠷᠠᠰᠣ ᠶᠢᠨ ᠬᠢᠨ ᠤ ᠬᠤᠶᠠᠷ ᠮᠢᠩᠭ᠎ᠠ ᠭᠠᠷᠣᠢ ᠮᠣ᠋ ᠨᠣᠳᠤᠭ ᠪᠡᠯᠴᠢᠭᠡᠷ ᠪᠣᠯᠣᠨ ᠣᠶᠢᠷ᠎ᠠ ᠵᠡᠷᠭᠡᠯᠡᠳᠡᠭᠡ ᠠᠶᠢᠯ | ᠤᠨ ᠬᠡᠳᠣᠨ ᠮᠢᠩᠭᠠᠨ ᠮᠣ᠋ ᠨᠣᠳᠤᠭ ᠪᠡᠯᠴᠢᠭᠡᠷ ᠤᠨ ᠣᠳᠠ ᠮᠣᠲᠣ ᠪᠣᠯᠣᠨ ᠪᠣᠷᠭᠠᠰᠤᠨ ᠳᠤ ᠶᠡᠭᠡ ᠬᠡᠮᠵᠢᠶᠠᠨ ᠤ | ᠵᠢᠷᠬᠢᠷ᠎ᠡ ᠬᠤᠷᠣᠬᠠᠢ ᠪᠣᠯᠣᠨ ᠣᠳᠠ ᠮᠤᠳᠤᠨ ᠤ ᠨᠠᠪᠴᠢᠨ ᠳᠤ ᠴᠣᠬᠤ ᠬᠤᠷᠣᠬᠠᠢ ᠪᠠᠭᠤᠵᠣ ᠮᠤᠳᠤ ᠪᠤᠷᠭᠠᠰᠤᠨ ᠤ | ᠨᠠᠪᠴᠢ ᠨᠠᠮᠠᠭ᠎ᠠ ᠶᠢ ᠢᠳᠡᠵᠦ ᠪᠠᠷᠠᠬᠤ ᠰᠢᠬᠠᠭᠰᠠᠨ ᠪᠠᠶᠢᠯ᠎ᠠ᠃ ᠡᠶᠢᠮᠣᠷᠬᠦ ᠬᠦᠨᠳᠣ ᠨᠣᠴᠢᠳᠡᠢ ᠪᠡᠶᠢᠳᠡᠯ ᠳᠣᠣᠷ᠎ᠠ ᠮᠠᠨ | ᠤ ᠬᠤᠰᠢᠭᠤᠨ ᠤ ᠣᠢ ᠰᠢᠭᠤᠢ ᠪᠠ ᠨᠣᠳᠤᠭ ᠪᠡᠯᠴᠢᠭᠡᠷ ᠤᠨ ᠳᠣᠪᠴᠢᠶᠠᠨ ᠤ ᠣᠢ ᠮᠣᠳᠣᠨ ᠤ ᠡᠪᠡᠳᠴᠢᠨ᠂ | ᠬᠤᠷᠣᠬᠠᠢ ᠶᠢᠨ ᠬᠦᠨᠣᠭᠡᠯ ᠢ ᠰᠡᠷᠭᠡᠶᠢᠯᠡᠨ ᠬᠤᠷᠢᠭᠯᠠᠬᠤ ᠦᠷᠳᠡᠬᠡᠨ ᠤ ᠬᠢᠨ ᠳᠣᠰᠬᠠᠶᠢᠯᠠᠨ ᠲᠣᠮᠤ ᠬᠡᠯᠪᠡᠷᠢ ᠶᠢᠨ | ᠨᠢᠰᠭᠡᠯ ᠳᠣᠬᠢᠷᠠᠭᠤᠯᠣᠨ ᠣᠰᠠᠳᠬᠠᠨ ᠰᠡᠷᠭᠡᠶᠢᠯᠡᠬᠦ ᠡᠮ ᠰᠠᠴᠣᠵᠣ ᠥᠭᠭᠦᠯ᠎ᠡ᠃ | 4 ᠰᠠᠷ᠎ᠠ ᠶᠢᠨ ᠰᠡᠭᠦᠯᠴᠢ ᠠᠴᠠ 5 ᠰᠠᠷ᠎ᠠ ᠶᠢᠨ ᠰᠡᠭᠦᠯᠴᠢ ᠪᠤᠯᠲᠠᠯᠠᠬᠢ ᠬᠤᠭᠤᠴᠠᠭ᠎ᠠ ᠪᠣᠯ ᠮᠣᠳᠤ | ᠪᠣᠷᠭᠠᠰᠣᠨ ᠤ ᠵᠢᠷᠬᠢᠷ᠎ᠡ ᠬᠤᠷᠣᠬᠠᠢ ᠵᠡᠷᠭᠡ ᠶᠢᠨ ᠬᠦᠨᠣᠭᠡᠯᠲᠣ ᠬᠤᠷᠣᠬᠠᠢ ᠶᠢᠨ ᠬᠠᠮᠤᠭ ᠤᠨ ᠬᠦᠨᠣᠭᠡᠯ ᠶᠡᠭᠡᠳᠡᠢ | ᠬᠤᠭᠤᠴᠠᠭ᠎ᠠ ᠪᠠᠶᠢᠵᠣ ᠵᠢᠷᠬᠢᠷ᠎ᠡ ᠬᠤᠷᠣᠬᠠᠢ ᠤᠳᠠ ᠮᠣᠳᠤ᠂ ᠪᠣᠷᠭᠠᠰᠣ ᠵᠡᠷᠭᠡ ᠪᠣᠲᠠᠯᠢᠭ ᠣᠷᠭᠤᠮᠠᠯ ᠤᠨ ᠮᠣᠳᠣᠨ ᠤ | ᠰᠢᠮ᠎ᠡ ᠲᠠᠵᠢᠭᠡᠯ ᠪᠣᠯᠣᠨ ᠤᠰᠤ ᠶᠢ ᠰᠢᠮᠡᠵᠣ ᠠᠭᠠᠵᠢᠮ ᠠᠭᠠᠵᠢᠮ ᠢᠶᠠᠷ ᠬᠠᠳᠠᠨ ᠦᠬᠦᠬᠦᠯᠳᠡᠭ ᠪᠠᠶᠢᠨ᠎ᠠ᠃ ᠬᠡᠷᠪᠡ | ᠴᠠᠭ ᠲᠤᠬᠠᠢ ᠳᠤᠨᠢ ᠤᠰᠠᠳᠬᠠᠬᠤ ᠦᠭᠡᠢ ᠪᠣᠯ ᠮᠤᠳᠤ ᠪᠣᠷᠭᠠᠰᠣᠨ ᠤ ᠤᠷᠭᠤᠯᠲᠠ ᠶᠢ ᠶᠡᠭᠡ ᠪᠠᠷ ᠨᠦᠯᠦᠭᠡᠯᠡᠵᠦ ᠠᠮᠢ | ᠠᠬᠤᠢ ᠣᠷᠴᠢᠨ ᠳᠣᠭᠤᠷᠢᠨ ᠤ ᠬᠠᠮᠠᠭᠠᠯᠠᠯᠲᠠ ᠳᠤ ᠳᠣᠶᠢᠯ ᠤᠨ ᠶᠡᠭᠡ ᠬᠤᠬᠢᠷᠠᠯ ᠤᠴᠠᠷᠠᠭᠤᠯᠬᠤ ᠠᠶᠤᠯ ᠲᠠᠢ | ᠪᠠᠶᠢᠳᠠᠭ᠃ ᠡᠨᠡᠬᠦ ᠪᠣᠳᠠᠳᠡᠢ ᠪᠠᠶᠢᠳᠡᠯ ᠢ ᠮᠡᠳᠡᠭᠰᠡᠨ ᠤ ᠳᠡᠷᠠᠭ᠎ᠠ ᠮᠠᠨ ᠤ ᠬᠤᠰᠢᠭᠤᠨ ᠤ ᠣᠢ ᠰᠢᠭᠤᠢ ᠪᠠ ᠨᠣᠳᠤᠭ | ᠪᠡᠯᠴᠢᠭᠡᠷ ᠤᠨ ᠳᠣᠪᠴᠢᠶᠠᠨ ᠤ ᠬᠢᠨ ᠬᠠᠮᠢᠶ᠎ᠠ ᠪᠦᠬᠦᠢ ᠰᠠᠯᠠᠭ᠎ᠠ ᠮᠦᠴᠢᠷ ᠲᠠᠢ ᠬᠠᠮᠳᠣᠷᠠᠨ ᠴᠠᠭ ᠲᠤᠬᠠᠢ ᠳᠤᠨᠢ ᠵᠦᠢ | ᠵᠣᠬᠢᠰᠳᠡᠢ ᠠᠷᠭ᠎ᠠ ᠬᠡᠮᠵᠢᠶ᠎ᠡ ᠠᠪᠴᠣ ᠳᠤᠰᠬᠠᠢ ᠠᠵᠢᠯᠲᠠᠨ ᠲᠤᠮᠢᠯᠠᠨ ᠡᠮ ᠰᠦᠷᠴᠢᠵᠦ ᠬᠦᠨᠦᠭᠡᠯᠲᠦ ᠬᠤᠷᠤᠬᠠᠢ ᠶᠢ | ᠤᠰᠠᠳᠬᠠᠬᠤ ᠠᠵᠢᠯ ᠢ ᠦᠷᠨᠢᠭᠦᠯᠦᠭᠰᠡᠨ ᠪᠠᠶᠢᠨ᠎ᠠ᠃ | ᠤᠶᠢᠯᠠᠭᠠᠭᠰᠠᠨ ᠢᠶᠠᠷ᠂ ᠡᠨ᠋ᠨ ᠵᠢᠯ ᠮᠠᠨ ᠤ ᠬᠤᠰᠢᠭᠤᠨ ᠤ ᠵᠠᠰᠠᠭ ᠤᠨ ᠣᠷᠳᠣᠨ ᠠᠴᠠ 100 ᠭᠠᠷᠣᠢ | ᠳᠦᠮᠡᠨ ᠳᠦᠬᠦᠷᠢᠭ ᠤᠨ ᠪᠡᠯᠡ ᠮᠦᠡᠭᠬᠦ ᠭᠠᠷᠭᠠᠨ ᠣᠯᠠᠭᠠᠡᠬᠠᠳᠠ ᠬᠤᠲᠠ ᠶᠢᠨ ᠲᠢᠶᠡᠨ ᠢᠣᠢ ᠠᠭᠠᠷ ᠨᠡᠪᠲᠡᠷᠯᠡᠭᠡ ᠶᠢᠨ | ᠺᠣᠮᠫᠡᠨᠢ ᠲᠠᠢ ᠬᠠᠮᠳᠣᠷᠠᠯᠴᠠᠨ ᠦᠣᠰᠢᠨᠵᠣᠣ ᠪᠠᠯᠭᠠᠰᠣᠨ ᠤ ᠪᠦᠷᠢᠲᠣ᠂ ᠦᠣᠰᠢᠨᠵᠣᠣ᠂ ᠴᠠᠭᠠᠨᠰᠦ᠋ᠮ᠎ᠡ᠂ | ᠪᠠᠶᠠᠨᠳᠣᠯᠣᠭᠠᠢ᠂ ᠬᠤᠯᠪᠣᠭᠠᠯᠵᠢ ᠵᠡᠷᠭᠡ ᠲᠠᠪᠣᠨ ᠭᠠᠴᠠᠭ᠎ᠠ ᠳᠤᠰᠬᠤᠨ ᠤ 26 ᠲᠦᠮᠡ ᠭᠠᠷᠣᠢ ᠮᠦ ᠶᠢᠨ ᠣᠢ ᠮᠣᠳᠣ᠂ | ᠨᠣᠳᠤᠭ ᠪᠡᠯᠴᠢᠭᠡᠷ ᠲᠤ ᠬᠦᠨᠦᠭᠡᠯᠲᠦ ᠬᠤᠷᠤᠬᠠᠢ ᠶᠢ ᠣᠰᠠᠳᠬᠠᠨ ᠰᠡᠷᠭᠡᠶᠢᠯᠡᠬᠦ ᠡᠮ ᠰᠠᠴᠣᠵᠣ ᠠᠮᠢ ᠠᠬᠤᠢ ᠨᠣᠳᠤᠭ | ᠪᠡᠯᠴᠢᠬᠡᠷ ᠤᠨ ᠴᠢᠨᠡᠷ ᠰᠠᠶᠢᠳᠡᠢ ᠭᠦᠭᠵᠢᠯᠳᠡ ᠶᠢ ᠪᠠᠲᠤᠯᠠᠭᠰᠠᠨ ᠪᠠᠶᠢᠨ᠎ᠠ᠃ | |