ᠰᠢᠨᠬᠤᠸᠠ ᠬᠤᠷᠢᠶᠠᠨ ᠤ ᠪᠡᠭᠡᠵᠢᠩ ᠤᠨ 6 ᠰᠠᠷ᠎ᠠ ᠶᠢᠨ 22 ᠤᠨ ᠴᠠᠬᠢᠯᠭᠠᠨ ᠮᠡᠳᠡᠭᠡ ᠲᠦᠷᠦ ᠶᠢᠨ | ᠶᠠᠪᠤᠳᠠᠯ ᠤᠨ ᠬᠤᠷᠢᠶᠠᠨ ᠤ ᠶᠡᠷᠦᠩᠭᠡᠢ ᠰᠠᠶᠢᠳ ᠯᠢ ᠺᠧ ᠴᠢᠶᠠᠩ 22 ᠤᠨ ᠦᠳᠡ ᠶᠢᠨ ᠬᠤᠶᠢᠨ᠎ᠠ ᠠᠷᠠᠳ ᠤᠨ ᠶᠡᠭᠡ | ᠬᠤᠷᠠᠯ ᠤᠨ ᠲᠠᠩᠬᠢᠮ ᠳᠤ ᠧᠦ᠋ᠷᠦᠫᠠ ᠲᠢᠪ ᠤᠨ ᠬᠡᠷᠡᠭ ᠡᠷᠬᠢᠯᠡᠭᠴᠢᠳ ᠤᠨ ᠬᠤᠷᠠᠯ ᠤᠨ ᠲᠡᠷᠢᠭᠦᠯᠡᠭᠴᠢ ᠮᠢᠰᠢᠶᠧᠷ | ᠧᠦ᠋ᠷᠦᠫᠠ ᠲᠢᠪ ᠤᠨ ᠤᠯᠤᠰᠤᠳ ᠤᠨ ᠬᠤᠯᠪᠤᠭᠠᠨ ᠤ ᠵᠦᠪᠯᠡᠯ ᠤᠨ ᠲᠡᠷᠢᠭᠦᠯᠡᠭᠴᠢ ᠹᠧᠩᠳᠧᠯᠠᠶᠢ᠊ ᠊ ᠧᠨ ᠲᠠᠢ ᠬᠠᠮᠳᠦ | ᠬᠤᠷᠢᠨ ᠬᠤᠶᠠᠳᠤᠭᠠᠷ ᠤᠳᠠᠭ᠎ᠠ ᠶᠢᠨ ᠳᠤᠮᠳᠠᠳᠤ ᠤᠯᠤᠰ — ᠧᠦ᠋ᠷᠦᠫᠠ ᠲᠢᠪ ᠤᠨ ᠤᠯᠤᠰ ᠤᠳ ᠤᠨ | ᠬᠤᠯᠪᠤᠭᠠᠨ ᠤ ᠤᠳᠤᠷᠢᠳᠬᠤ ᠬᠦᠮᠦᠰ ᠤᠨ ᠠᠭᠤᠯᠵᠠᠯᠳᠠ ᠶᠢ ᠡᠷᠬᠢᠯᠡᠪᠡ᠃ ᠠᠭᠤᠯᠵᠠᠯᠳᠠ ᠨᠢ ᠸᠢᠳᠢᠣ᠋ ᠭᠡᠯᠪᠡᠷᠢ ᠪᠠᠷ | ᠶᠠᠪᠤᠬᠳᠠᠵᠠᠢ᠃ | ᠯᠢ ᠺᠧ ᠴᠢᠶᠠᠩ᠂ ᠳᠤᠮᠳᠠᠳᠤ ᠤᠯᠤᠰ ᠪᠠ ᠡᠸᠦ᠋ᠷᠦᠫᠠ ᠲᠢᠪ ᠤᠨ ᠤᠯᠤᠰ ᠤᠳ ᠤᠨ ᠬᠤᠯᠪᠤᠭ᠎ᠠ ᠨᠢ | ᠬᠠᠷᠢᠯᠴᠠᠨ ᠪᠦᠬᠦ ᠲᠠᠯ᠎ᠠ ᠶᠢᠨ ᠪᠠᠶᠢᠯᠳᠤᠬᠤ ᠪᠤᠳᠤᠯᠭ᠎ᠠ ᠶᠢᠨ ᠬᠠᠨᠢᠳᠠᠨ ᠮᠦᠨ᠂ ᠬᠤᠶᠠᠷ ᠲᠠᠯ᠎ᠠ ᠶᠢᠨ | ᠬᠠᠮᠳᠤᠷᠠᠯᠴᠠᠭ᠎ᠠ ᠨᠢ ᠦᠷᠢᠰᠦᠯᠳᠦᠭᠡᠨ ᠠᠴᠠ ᠬᠤᠯᠠ ᠶᠡᠭᠡ᠂ ᠬᠠᠮᠳᠦ ᠶᠢᠨ ᠲᠠᠨᠢᠯᠳᠠ ᠨᠢ ᠵᠦᠷᠢᠴᠡᠯ ᠠᠴᠠ ᠬᠤᠯᠠ | ᠠᠷᠪᠢᠨ ᠪᠠᠶᠢᠨ᠎ᠠ᠃ ᠳᠤᠮᠳᠠᠳᠤ ᠤᠯᠤᠰ ᠡᠸᠦ᠋ᠷᠦᠫᠠ ᠯᠦᠭᠡ ᠶᠢᠨ ᠬᠠᠷᠢᠯᠴᠠᠭ᠎ᠠ ᠶᠢ ᠳᠡᠭᠡᠳᠦ ᠭᠡᠮᠵᠢᠶ᠎ᠠ ᠪᠠᠷ | ᠴᠢᠬᠤᠯᠠᠴᠢᠯᠠᠵᠦ᠂ ᠲᠡᠷᠢᠬᠦᠯᠡᠭᠴᠢ ᠰᠢ ᠶᠢᠨ ᠫᠢᠩ ᠲᠠᠨᠠᠷ ᠲᠠᠢ ᠬᠠᠮᠳᠦ ᠸᠢᠳᠢᠣ᠋ ᠪᠠᠷ ᠠᠭᠤᠯᠵᠠᠯᠳᠠ ᠬᠢᠨ᠎ᠠ᠃ | ᠬᠠᠷᠢᠯᠴᠠᠭ᠎ᠠ ᠪᠠᠶᠢᠭᠤᠯᠤᠭᠰᠠᠨ 45 ᠵᠢᠯ ᠤᠨ ᠲᠤᠷᠰᠢ᠂ ᠳᠤᠮᠳᠠᠳᠤ ᠤᠯᠤᠰ ᠪᠤᠯᠤᠨ ᠡᠸᠦ᠋ᠷᠦᠫᠠ ᠲᠢᠪ ᠤᠨ | ᠤᠯᠤᠰ ᠤᠳ ᠤᠨ ᠬᠤᠯᠪᠤᠭ᠎ᠠ ᠶᠢᠨ ᠬᠠᠷᠢᠯᠴᠠᠭ᠎ᠠ ᠨᠢ ᠬᠠᠮᠳᠤᠷᠠᠯᠴᠠᠭ᠎ᠠ ᠶᠢᠨ ᠭᠤᠤᠯ ᠬᠦᠭ ᠠᠶᠠᠰ ᠢ ᠪᠠᠳᠤᠯᠠᠵᠦ᠂ | ᠬᠤᠶᠠᠷ ᠲᠠᠯ᠎ᠠ ᠶᠢᠨ ᠠᠷᠠᠳ ᠲᠦᠮᠡᠨ ᠤ ᠠᠵᠠ ᠵᠢᠷᠭᠠᠯ ᠢ ᠨᠡᠮᠡᠭᠳᠡᠬᠦᠯᠦᠭᠰᠡᠨ ᠪᠦᠭᠡᠳ ᠪᠠᠰᠠ ᠨᠠᠷᠢᠨ ᠪᠤᠳᠤᠯᠢᠶᠠᠨᠳᠠᠢ | ᠬᠤᠪᠢᠷᠠᠯᠳᠠ ᠶᠡᠭᠡᠳᠠᠢ ᠳᠡᠯᠡᠭᠡᠢ ᠶᠢᠷᠳᠢᠨᠴᠦ ᠳᠤ ᠨᠡᠩ ᠤᠯᠠᠨ ᠲᠤᠭᠳᠠᠪᠤᠷᠢᠳᠤ ᠴᠢᠨᠠᠷ ᠢ ᠨᠡᠮᠡᠷᠢᠯᠡᠵᠡᠢ᠃ ᠳᠤᠮᠳᠠᠳᠤ | ᠤᠯᠤᠰ ᠢᠮᠠᠬᠳᠠ ᠡᠸᠦ᠋ᠷᠦᠫᠠ ᠲᠢᠪ ᠤᠨ ᠨᠢᠭᠡ ᠴᠤᠬᠴᠠᠵᠢᠯᠳᠠ ᠶᠢᠨ ᠠᠬᠢᠴᠠ ᠶᠢ ᠳᠡᠮᠵᠢᠨ᠎ᠠ᠂ ᠪᠦᠯᠬᠦᠮᠳᠡᠯ ᠲᠠᠢ᠂ | ᠴᠡᠴᠡᠭᠯᠡᠨ ᠬᠦᠭᠵᠢᠭᠰᠡᠨ ᠡᠸᠦ᠋ᠷᠦᠫᠠ ᠲᠢᠪ ᠢ ᠤᠯᠵᠦ ᠬᠠᠷᠠᠬᠤ ᠶᠢ ᠬᠦᠰᠡᠵᠦ ᠪᠠᠶᠢᠨ᠎ᠠ᠃ ᠬᠤᠶᠠᠷ ᠲᠠᠯ᠎ᠠ ᠪᠠᠷ ᠢᠶᠠᠨ | ᠤᠷᠳᠤ ᠤᠳᠠᠭᠠᠨ ᠤ ᠵᠤᠬᠰᠤᠴᠠ ᠠᠴᠠ᠂ ᠨᠡᠩ ᠦᠷᠭᠡᠨ ᠬᠠᠷᠠᠭᠠᠰᠤ ᠠᠴᠠ ᠳᠤᠮᠳᠠᠳᠤ ᠡᠸᠦ᠋ᠷᠦᠫᠠ ᠶᠢᠨ | ᠬᠠᠷᠢᠯᠴᠠᠭ᠎ᠠ ᠳᠤ ᠬᠠᠨᠳᠤᠵᠦ᠂ ᠳᠤᠮᠳᠠᠳᠤ ᠡᠸᠦ᠋ᠷᠦᠫᠠ ᠶᠢᠨ ᠪᠦᠬᠦ ᠲᠠᠯ᠎ᠠ ᠶᠢᠨ ᠪᠠᠶᠢᠯᠳᠤᠬᠤ ᠪᠤᠳᠤᠯᠭ᠎ᠠ ᠶᠢᠨ | ᠬᠠᠨᠢᠳᠠᠨ ᠤ ᠪᠠᠶᠢᠷᠢ ᠲᠤᠭᠳᠠᠭᠠᠯᠳᠠ ᠶᠢ ᠪᠠᠷᠢᠮᠳᠠᠯᠠᠨ᠂ ᠶᠠᠷᠢᠯᠴᠠᠭ᠎ᠠ ᠪᠠᠷ ᠳᠠᠮᠵᠢᠭᠤᠯᠤᠨ ᠤᠢᠢᠯᠠᠭᠠᠯᠴᠠᠭ᠎ᠠ ᠪᠠᠨ | ᠨᠡᠮᠡᠭᠳᠡᠬᠦᠯᠵᠦ᠂ ᠬᠠᠮᠳᠤᠷᠠᠯᠴᠠᠭ᠎ᠠ ᠪᠠᠨ ᠬᠦᠨᠵᠡᠭᠡᠶᠢᠷᠡᠬᠦᠯᠬᠦ ᠪᠠᠷ ᠳᠠᠮᠵᠢᠭᠤᠯᠤᠨ ᠬᠠᠷᠢᠯᠴᠠᠠ ᠬᠠᠷᠠᠭᠠᠯᠵᠠᠵᠦ ᠬᠠᠮᠳᠤ ᠪᠠᠷ | ᠠᠰᠢᠬ ᠬᠦᠷᠳᠡᠬᠦ ᠶᠢ ᠪᠡᠶᠡᠯᠡᠬᠦᠯᠵᠦ᠂ ᠳᠡᠯᠡᠭᠡᠢ ᠶᠢᠨ ᠡᠩᠭᠡ ᠲᠠᠶᠢᠪᠤᠩ ᠲᠤᠭᠳᠠᠭᠤᠨ ᠪᠠᠶᠢᠳᠠᠯ ᠪᠠ ᠬᠦᠭᠵᠢᠯ | ᠴᠡᠴᠡᠭᠯᠡᠯ ᠢ ᠬᠠᠮᠳᠤ ᠪᠠᠷ ᠬᠠᠮᠠᠭᠠᠯᠠᠬᠤ ᠳᠤ ᠬᠤᠪᠢ ᠨᠡᠮᠡᠷᠢ ᠦᠵᠡᠬᠦᠯᠦᠶᠠ ᠭᠡᠵᠦ ᠢᠯᠡᠳᠭᠡᠪᠡ᠃ | ᠯᠢ ᠺᠧ ᠴᠢᠶᠠᠩ᠂ ᠳᠤᠮᠳᠠᠳᠤ ᠡᠸᠦ᠋ᠷᠦᠫᠠ ᠨᠢ ᠴᠦᠮ ᠳᠡᠯᠡᠭᠡᠢ ᠶᠢᠨ ᠭᠤᠤᠯ ᠪᠤᠯᠬᠤ ᠠᠵᠤ ᠠᠬᠤᠢ ᠶᠢᠨ | ᠴᠤᠬᠴᠠ ᠪᠤᠯᠤᠨ᠎ᠠ᠃ ᠰᠢᠨ᠎ᠠ ᠳᠢᠳᠢᠮᠯᠢᠭ ᠠᠭᠤᠰᠬᠢᠨ ᠦᠷᠪᠢᠰᠤᠯ ᠤᠨ ᠬᠢᠵᠢᠭ ᠤᠨ ᠪᠠᠶᠢᠳᠠᠯ ᠠᠴᠠ ᠪᠤᠯᠤᠭᠰᠠᠨ | ᠯᠤᠳᠤ ᠶᠡᠭᠡ ᠳᠠᠭᠠᠷᠢᠯᠳᠠᠶᠢᠨ ᠡᠮᠦᠨ᠎ᠠ᠂ ᠬᠤᠶᠠᠷ ᠲᠠᠯ᠎ᠠ ᠪᠠᠷ ᠢᠶᠠᠨ ᠬᠤᠷᠸ᠎ᠠ ᠠᠵᠤ ᠠᠬᠤᠢ ᠶᠢᠨ ᠲᠦᠷᠦ ᠶᠢᠨ | ᠪᠤᠳᠤᠯᠭ᠎ᠠ ᠶᠢᠨ ᠵᠤᠬᠢᠴᠠᠭᠤᠯᠭ᠎ᠠ ᠪᠠᠨ ᠴᠢᠩᠭᠠᠳᠬᠠᠵᠦ᠂ ᠳᠤᠮᠳᠠᠳᠤ ᠡᠸᠦ᠋ᠷᠦᠫᠠ ᠪᠠ ᠪᠦᠬᠦ ᠪᠦᠮᠪᠦᠷᠴᠡᠭ ᠤᠨ ᠠᠵᠤ | ᠦᠢᠯᠡᠰ ᠤᠨ ᠭᠡᠯᠬᠢᠶ᠎ᠠ ᠬᠠᠩᠭᠠᠯᠭ᠎ᠠ ᠶᠢᠨ ᠭᠡᠯᠬᠢᠶ᠎ᠠ ᠶᠢᠨ ᠲᠤᠭᠳᠠᠭᠤᠨ ᠢ ᠬᠠᠮᠳᠤ ᠪᠠᠷ ᠬᠠᠮᠠᠭᠠᠯᠠᠵᠦ᠂ ᠳᠡᠯᠡᠭᠡᠢ ᠶᠢᠨ | ᠠᠵᠤ ᠠᠬᠤᠢ ᠶᠢᠨ ᠰᠡᠷᠬᠦᠯᠳᠠ ᠳᠤ ᠬᠦᠳᠡᠯᠭᠡᠬᠦ ᠬᠦᠴᠦᠨ ᠬᠠᠩᠭᠠᠶ᠎ᠠ᠃ ᠵᠢᠯ ᠤᠨ ᠳᠤᠳᠤᠷ᠎ᠠ ᠳᠤᠮᠳᠠᠳᠤ | ᠡᠸᠦ᠋ᠷᠦᠫᠠ ᠶᠢᠨ ᠪᠡᠯᠡ ᠤᠷᠤᠭᠤᠯᠤᠯᠳᠠ ᠶᠢᠨ ᠵᠦᠪᠯᠡᠯᠴᠡᠭᠡᠷ ᠤᠨ ᠭᠡᠯᠡᠯᠴᠡᠭᠡ ᠶᠢ ᠪᠡᠶᠡᠯᠡᠬᠦᠯᠵᠦ᠂ ᠪᠦᠬᠦ ᠲᠠᠯ᠎ᠠ ᠶᠢᠨ᠂ | ᠲᠠᠩᠴᠡᠬᠦᠷᠢᠳᠠᠢ᠂ ᠦᠨᠳᠦᠷ ᠲᠦᠪᠰᠢᠨ ᠲᠠᠢ ᠪᠡᠯᠡ ᠤᠷᠤᠭᠤᠯᠤᠯᠳᠠ ᠵᠦᠪᠯᠡᠯᠴᠡᠭᠡᠷ ᠲᠤᠭᠳᠠᠶᠠ᠃ ᠳᠤᠮᠳᠠᠳᠤ | ᠡᠸᠦ᠋ᠷᠦᠫᠠ ᠶᠢᠨ ᠭᠠᠵᠠᠷ ᠵᠦᠢ ᠶᠢᠨ ᠢᠯᠡᠷᠭᠡᠶᠢᠯᠡᠯᠳᠦ ᠵᠦᠪᠯᠡᠯᠴᠡᠭᠡᠷ ᠢ ᠡᠷᠳᠡ ᠡᠳᠦᠷ ᠲᠤᠭᠳᠠᠶᠠ᠃ ᠳᠤᠮᠳᠠᠳᠤ | ᠤᠯᠤᠰ ᠡᠩᠭᠡ ᠲᠠᠶᠢᠪᠤᠩ ᠬᠦᠭᠵᠢᠯᠳᠠ ᠶᠢᠨ ᠵᠠᠮ ᠢᠶᠠᠷ ᠡᠷᠡᠰ ᠭᠤᠶᠢᠪᠢᠰᠢ ᠦᠭᠡᠢ ᠵᠠᠮᠨᠠᠵᠦ᠂ ᠡᠷᠡᠰ ᠭᠤᠶᠢᠪᠢᠰᠢ | ᠦᠭᠡᠢ ᠪᠠᠷ ᠨᠡᠭᠡᠭᠡᠯᠳᠠ ᠪᠠᠨ ᠦᠷᠭᠡᠳᠭᠡᠵᠦ᠂ ᠡᠯ᠎ᠠ ᠤᠯᠤᠰ ᠤᠨ ᠠᠵᠤ ᠠᠬᠤᠢᠢᠯᠠᠯ ᠳᠤ ᠵᠠᠬ᠎ᠠ ᠳᠡᠯᠭᠡᠬᠦᠷᠴᠢᠯᠡᠭᠰᠡᠨ | ᠬᠠᠤᠯᠢᠵᠢᠬᠰᠠᠨ ᠤᠯᠠᠨ ᠤᠯᠤᠰᠴᠢᠯᠠᠬᠰᠠᠨ ᠬᠤᠳᠠᠯᠳᠤᠭ᠎ᠠ ᠡᠵᠡᠩᠨᠡᠬᠦ ᠤᠷᠴᠢᠨ ᠨᠦᠬᠦᠴᠡᠯ ᠬᠠᠩᠭᠠᠬᠤ ᠪᠠᠷ | ᠬᠦᠴᠦᠯᠡᠨ᠎ᠠ᠂ ᠡᠸᠦ᠋ᠷᠦᠫᠠ ᠲᠢᠪ ᠤᠨ ᠠᠵᠤ ᠠᠬᠤᠢᠢᠯᠠᠯ ᠨᠢᠭᠡᠨᠳᠠ ᠡᠬᠦᠨ ᠠᠴᠠ ᠠᠰᠢᠬ ᠬᠦᠷᠳᠡᠵᠡᠢ᠃ | ᠡᠸᠦ᠋ᠷᠦᠫᠠ ᠶᠢᠨ ᠲᠠᠯ᠎ᠠ ᠶᠢᠨ ᠬᠢᠨ ᠡᠬᠦᠨ ᠲᠠᠢ ᠠᠳᠠᠯᠢᠬᠠᠨ ᠢᠶᠠᠷ ᠠᠷᠠᠯᠵᠢᠶ᠎ᠠ ᠪᠠ ᠪᠡᠯᠡ ᠤᠷᠤᠭᠤᠯᠤᠯᠳᠠ ᠶᠢᠨ ᠵᠠᠬ᠎ᠠ | ᠳᠡᠯᠭᠡᠬᠦᠷ ᠢᠶᠠᠨ ᠨᠡᠭᠡᠭᠡᠵᠦ᠂ ᠳᠤᠮᠳᠠᠳᠤ ᠳᠠᠬᠢ ᠭᠠᠳᠠᠭᠠᠳᠦ ᠭᠠᠷᠭᠠᠯᠳᠠ ᠶᠢᠨ ᠬᠢᠵᠠᠭᠠᠷᠯᠠᠯ ᠢᠶᠠᠨ ᠴᠢᠯᠦᠭᠡᠳᠠᠢ ᠪᠤᠯᠭᠠᠵᠦ᠂ | ᠬᠤᠶᠠᠷ ᠲᠠᠯ᠎ᠠ ᠶᠢᠨ ᠳᠡᠭᠡᠳᠦ ᠮᠡᠷᠭᠡᠵᠢᠯ ᠤᠨ ᠠᠷᠠᠯᠵᠢᠶ᠎ᠠ ᠳᠤ ᠲᠦᠬᠦᠮ ᠦᠵᠡᠬᠦᠯᠬᠦ ᠶᠢ ᠬᠦᠰᠡᠵᠦ ᠪᠠᠶᠢᠨ᠎ᠠ᠃ | ᠳᠤᠮᠳᠠᠳᠤ ᠡᠸᠦ᠋ᠷᠦᠫᠠ ᠨᠢ ᠡᠷᠭᠡ ᠲᠡᠭᠰᠢ ᠬᠠᠷᠢᠯᠴᠠᠨ ᠬᠠᠷᠠᠭᠠᠯᠵᠠᠬᠤ ᠪᠠ ᠬᠠᠷᠢᠯᠴᠠᠨ ᠬᠦᠨᠳᠦᠳᠭᠡᠬᠦ ᠰᠠᠭᠤᠷᠢᠨ | ᠳᠡᠭᠡᠷ᠎ᠠ ᠬᠤᠤᠰ ᠴᠢᠭᠯᠡᠯ ᠤᠨ ᠨᠡᠭᠡᠭᠡᠯᠳᠠ ᠪᠠᠨ ᠦᠷᠭᠡᠳᠭᠡᠬᠦ ᠨᠢ ᠬᠠᠷᠢᠯᠴᠠᠨ ᠠᠰᠢᠬ ᠲᠠᠢ ᠬᠠᠮᠳᠤ ᠪᠠᠷ ᠠᠰᠢᠬ | ᠬᠦᠷᠳᠡᠬᠦ ᠶᠢ ᠨᠡᠩ ᠰᠠᠶᠢᠳᠤᠷ ᠪᠡᠶᠡᠯᠡᠬᠦᠯᠵᠦ ᠪᠤᠯᠤᠨ᠎ᠠ ᠭᠡᠵᠦ ᠵᠢᠭᠠᠵᠦ ᠭᠠᠷᠭᠠᠪᠠ᠃ | ᠯᠢ ᠺᠧ ᠴᠢᠶᠠᠩ᠂ ᠲᠤᠮᠳᠠᠳᠤ ᠡᠸᠦ᠋ᠷᠦᠫᠠ ᠪᠦᠷ ᠤᠯᠠᠨ ᠲᠠᠯᠠᠳᠤ ᠦᠵᠡᠯ ᠪᠤᠯᠤᠨ ᠴᠢᠯᠥᠬᠡᠳᠤ ᠠᠷᠠᠯᠵᠢᠶ᠎ᠠ ᠶᠢ | ᠲᠡᠮᠵᠢᠨ᠎ᠡ᠃ ᠪᠢᠳᠡ ᠲᠤᠷᠠᠳᠠᠶ᠎ᠠ ᠡᠸᠦ᠋ᠷᠦᠫᠠ ᠶᠢᠨ ᠬᠢᠨ ᠲᠠᠢ ᠲᠡᠯᠡᠬᠡᠢ ᠶᠢᠨ ᠠᠷᠠᠯᠵᠢᠶᠠᠨ ᠤ ᠵᠤᠬᠢᠶᠠᠨ | ᠪᠠᠶᠢᠭᠤᠯᠤᠯᠳᠠ ᠶᠢᠨ ᠦᠬᠡᠷᠡᠴᠢᠯᠡᠯᠳᠡ ᠵᠡᠷᠬᠡ ᠠᠰᠠᠭᠤᠳᠠᠯ ᠤᠨ ᠲᠠᠯ᠎ᠠ ᠪᠠᠷ ᠬᠢ ᠤᠯᠤᠯᠴᠠᠭ᠎ᠠ ᠪᠠᠨ ᠪᠠᠳᠤᠯᠠᠵᠥ᠂ | ᠲᠦᠷᠢᠮ ᠢᠶᠠᠷ ᠰᠠᠭᠤᠷᠢ ᠪᠤᠯᠭᠠᠭᠰᠠᠠ ᠤᠯᠠᠨ ᠲᠠᠯ᠎ᠠ ᠶᠢᠨ ᠠᠷᠠᠯᠵᠢᠶᠠᠨ ᠤ ᠪᠠᠶᠢᠭᠤᠯᠤᠮᠵᠢ ᠶᠢ ᠬᠠᠮᠳᠤ ᠪᠠᠷ ᠬᠠᠮᠠᠭᠠᠯᠠᠵᠥ᠂ | ᠠᠭᠤᠷ ᠠᠮᠢᠰᠬᠤᠯ ᠤᠨ ᠬᠤᠪᠢᠷᠡᠯᠳᠡ ᠶᠢ ᠠᠷᠭᠠᠴᠠᠭᠠᠬᠤ ᠤᠯᠠᠨ ᠲᠠᠯ᠎ᠠ ᠶᠢᠨ ᠠᠬᠢᠴᠠ ᠳᠤ ᠪᠦᠳᠦᠬᠡᠯᠴᠢ ᠪᠠᠷ | ᠤᠷᠤᠯᠴᠠᠵᠥ᠂ ᠲᠤᠮᠳᠠᠳᠤ ᠡᠸᠦ᠋ᠷᠦᠫᠠ ᠶᠢᠨ ᠪᠦᠬᠦ ᠲᠡᠯᠡᠶᠢᠨ ᠪᠠᠶᠢᠯᠳᠤᠬᠤ ᠪᠤᠳᠤᠯᠭ᠎ᠠ ᠶᠢᠨ ᠬᠠᠨᠢᠳᠠᠨ ᠤ | ᠬᠠᠷᠢᠯᠴᠠᠭ᠎ᠠ ᠶᠢᠨ ᠠᠭᠤᠯᠤᠬᠳᠠᠬᠤᠨ ᠢ ᠲᠠᠰᠤᠷᠠᠯᠳᠡ ᠦᠭᠡᠢ ᠲᠡᠬᠦᠯᠳᠡᠷᠵᠢᠬᠦᠯᠤᠨ᠎ᠡ᠃ ᠲᠡᠯᠡᠬᠡᠢ ᠶᠢᠨ ᠡᠷᠡᠬᠦᠯ | ᠬᠠᠮᠠᠭᠠᠯᠠᠯ ᠤᠨ ᠵᠤᠬᠢᠶᠠᠨ ᠪᠠᠶᠢᠭᠤᠯᠤᠯᠳᠠ ᠶᠢᠨ ᠪᠦᠬᠦ ᠪᠦᠮᠪᠦᠷᠴᠡᠭ ᠤᠨ ᠬᠢᠵᠢᠭ ᠲᠠᠢ ᠲᠡᠮᠡᠴᠡᠬᠦ ᠬᠠᠮᠳᠤᠷᠠᠯᠴᠠᠭ᠎ᠠ ᠳᠤ | ᠵᠢᠯᠤᠭᠤᠳᠬᠤ ᠦᠢᠯᠡᠳᠦᠯ ᠦᠵᠡᠬᠦᠯᠬᠦ ᠶᠢ ᠦᠷᠬᠦᠯᠵᠢᠯᠡᠨ ᠲᠡᠮᠵᠢᠵᠥ᠂ ᠸᠠᠺᠼᠢᠨ ᠪᠤᠯᠤᠨ ᠡᠮ ᠲᠠᠩ ᠰᠤᠳᠤᠯᠤᠨ | ᠨᠡᠬᠡᠬᠡᠬᠦ ᠵᠡᠷᠬᠡ ᠬᠠᠮᠳᠤᠷᠠᠯᠴᠠᠭ᠎ᠠ ᠪᠠᠨ ᠬᠦᠨᠵᠡᠬᠡᠶᠢᠷᠡᠬᠦᠯᠵᠥ᠂ ᠬᠢᠵᠢᠭ ᠤᠨ ᠪᠠᠶᠢᠳᠠᠯ ᠢ ᠡᠷᠳᠡᠬᠡᠨ ᠢᠯᠠᠨ ᠲᠠᠪᠠᠭ᠋ᠤ ᠪᠠᠷ | ᠬᠠᠮᠳᠤ ᠪᠠᠷ ᠴᠢᠷᠮᠡᠶᠢᠨ᠎ᠡ ᠬᠡᠵᠥ ᠢᠯᠡᠳᠬᠡᠪᠡ᠃ | ᠮᠢᠰᠢᠶᠧᠷ ᠪᠤᠯᠤᠨ ᠹᠧᠩᠳᠧᠯᠠᠶᠢ᠊ ᠊ ᠡᠸ᠋ᠨ᠂ ᠡᠨᠡ ᠵᠢᠯ ᠪᠤᠯ ᠡᠸᠦ᠋ᠷᠦᠫᠠ ᠳᠤᠮᠳᠠᠳᠤ ᠶᠢᠨ ᠬᠠᠷᠢᠯᠴᠠᠭ᠎ᠠ | ᠪᠠᠶᠢᠭᠤᠯᠤᠭᠰᠠᠨ 45 ᠵᠢᠯ ᠤᠨ ᠤᠢ ᠪᠤᠯᠤᠨ᠎ᠠ᠃ ᠤᠳᠤᠬᠠᠨ ᠤ ᠳᠡᠯᠡᠭᠡᠢ ᠶᠢᠷᠳᠢᠨᠴᠦ ᠮᠠᠰᠢ ᠤᠯᠠᠨ | ᠦᠷᠢᠰᠦᠯᠳᠦᠭᠡᠨ ᠳᠤ ᠲᠤᠯᠭᠠᠷᠠᠵᠦ ᠪᠠᠶᠢᠭ᠎ᠠ ᠪᠠᠶᠢᠳᠠᠯ ᠳᠤᠤᠷ᠎ᠠ᠂ ᠡᠸᠦ᠋ᠷᠦᠫᠠ ᠳᠤᠮᠳᠠᠳᠤ ᠶᠢᠨ ᠬᠢᠨ ᠨᠢᠬᠳᠠ | ᠤᠯᠤᠯᠴᠠᠨ ᠶᠠᠪᠤᠯᠴᠠᠬᠤ ᠪᠠᠨ ᠪᠠᠳᠤᠯᠠᠵᠦ᠂ ᠬᠢᠵᠢᠭ ᠤᠨ ᠪᠠᠶᠢᠳᠠᠯ ᠲᠠᠢ ᠲᠡᠮᠡᠴᠡᠬᠦ ᠶᠠᠪᠤᠴᠠ ᠳᠤᠮᠳᠠ ᠬᠤᠶᠠᠷ | ᠲᠠᠯ᠎ᠠ ᠪᠠᠷ ᠬᠠᠷᠢᠯᠴᠠᠨ ᠳᠡᠮᠵᠢᠯᠴᠡᠵᠦ᠂ ᠪᠦᠯᠬᠦᠮᠳᠡᠵᠡᠭᠡᠨ ᠬᠢᠵᠢᠭ ᠲᠠᠢ ᠲᠡᠮᠡᠴᠡᠯ ᠬᠢᠪᠡ᠃ ᠬᠢᠵᠢᠭ ᠤᠨ ᠪᠠᠶᠢᠳᠠᠯ ᠨᠢ | ᠡᠯ᠎ᠠ ᠤᠯᠤᠰ ᠲᠤ ᠳᠠᠭᠠᠷᠢᠯᠳᠠ ᠦᠵᠡᠬᠦᠯᠦᠭᠰᠡᠨ ᠪᠤᠯᠪᠠᠴᠦ᠂ ᠡᠸᠦ᠋ᠷᠦᠫᠠ ᠳᠤᠮᠳᠠᠳᠤ ᠶᠢᠨ ᠬᠠᠮᠳᠤᠷᠠᠯᠴᠠᠭᠠᠨ ᠤ | ᠬᠦᠰᠡᠯ ᠡᠷᠡᠮᠡᠯᠵᠡᠯ ᠪᠠᠭᠤᠷᠠᠭᠰᠠᠨ ᠦᠭᠡᠢ᠃ ᠡᠸᠦ᠋ᠷᠦᠫᠠ ᠶᠢᠨ ᠬᠢᠨ ᠡᠸᠦ᠋ᠷᠦᠫᠠ ᠶᠢᠨ ᠲᠠᠯ᠎ᠠ ᠠᠴᠠ ᠰᠠᠨᠠᠭᠠᠴᠢᠯᠠᠬᠰᠠᠨ | ᠬᠤᠯᠪᠤᠭᠳᠠᠯ ᠪᠦᠬᠦᠢ ᠤᠯᠠᠨ ᠤᠯᠤᠰ ᠤᠨ ᠬᠢᠵᠢᠭ ᠲᠠᠢ ᠲᠡᠮᠡᠴᠡᠬᠦ ᠬᠠᠮᠳᠤᠷᠠᠯᠴᠠᠭᠠᠨ ᠤ ᠰᠠᠨᠠᠭᠠᠴᠢᠯᠠᠭ᠎ᠠ ᠳᠤ ᠳᠤᠮᠳᠠᠳᠤ | ᠤᠯᠤᠰ ᠢᠳᠡᠪᠬᠢᠳᠠᠢ ᠤᠷᠤᠯᠴᠠᠬᠰᠠᠨ ᠢ ᠮᠠᠬᠳᠠᠨ ᠰᠠᠶᠢᠰᠢᠶᠠᠵᠦ᠂ ᠳᠤᠷᠠᠳᠠᠶ᠎ᠠ ᠳᠤᠮᠳᠠᠳᠤ ᠤᠯᠤᠰ ᠯᠤᠭ᠎ᠠ ᠠᠵᠤ | ᠠᠬᠤᠢ ᠶᠢ ᠰᠡᠷᠬᠦᠭᠡᠬᠦ ᠬᠠᠮᠳᠤᠷᠠᠯᠴᠠᠭ᠎ᠠ ᠪᠠᠨ ᠴᠢᠩᠭᠠᠳᠬᠠᠵᠦ᠂ ᠠᠵᠤ ᠦᠢᠯᠡᠰ ᠤᠨ ᠭᠡᠯᠬᠢᠶ᠎ᠠ ᠬᠠᠩᠭᠠᠯᠭ᠎ᠠ ᠶᠢᠨ | ᠬᠡᠯᠬᠢᠶ᠎ᠠ ᠶᠢᠨ ᠠᠮᠤᠷ ᠲᠦᠪᠰᠢᠨ ᠢ ᠬᠠᠮᠳᠤ ᠪᠠᠷ ᠬᠠᠮᠠᠭᠠᠯᠠᠨ᠎ᠠ᠃ ᠬᠤᠶᠠᠷ ᠲᠠᠯ᠎ᠠ ᠪᠠᠷ ᠢᠶᠠᠨ ᠵᠠᠬ᠎ᠠ ᠳᠡᠯᠭᠡᠬᠦᠷ ᠤᠨ | ᠨᠡᠭᠡᠭᠡᠯᠳᠠ ᠬᠢᠬᠦ ᠬᠡᠪᠴᠢᠶ᠎ᠠ ᠪᠠᠨ ᠤᠯᠠᠮ ᠴᠢᠨᠠᠬᠰᠢᠳᠠ ᠦᠷᠭᠡᠳᠭᠡᠵᠦ᠂ ᠬᠤᠯᠪᠤᠯᠳᠤᠨ ᠨᠡᠪᠳᠡᠷᠡᠯᠴᠡᠬᠦ ᠪᠠᠨ | ᠴᠢᠩᠭᠠᠳᠬᠠᠨ᠂ ᠠᠷᠠᠯᠵᠢᠶ᠎ᠠ᠂ ᠪᠡᠯᠡ ᠤᠷᠤᠭᠤᠯᠤᠯᠳᠠ᠂ ᠲᠤᠭᠠᠴᠢᠯᠠᠬᠰᠠᠨ ᠠᠵᠤ ᠠᠬᠤᠢ ᠵᠡᠷᠭᠡ ᠬᠦᠷᠢᠶᠡᠨ ᠳᠠᠬᠢ | ᠬᠠᠮᠳᠤᠷᠠᠯᠴᠠᠭ᠎ᠠ ᠪᠠᠨ ᠬᠦᠨᠵᠡᠭᠡᠶᠢᠷᠡᠬᠦᠯᠵᠦ᠂ ᠵᠢᠯ ᠤᠨ ᠳᠤᠳᠤᠷ᠎ᠠ ᠡᠸᠦ᠋ᠷᠦᠫᠠ ᠳᠤᠮᠳᠠᠳᠤ ᠶᠢᠨ ᠪᠡᠯᠡ | ᠤᠷᠤᠭᠤᠯᠤᠯᠳᠠ ᠶᠢᠨ ᠵᠦᠪᠯᠡᠯᠴᠡᠭᠡᠷ ᠲᠤᠭᠳᠠᠬᠤ ᠬᠠᠷᠠᠯᠳᠠ ᠪᠠᠨ ᠨᠠᠶᠢᠳᠠᠪᠤᠷᠢᠵᠢᠭᠤᠯᠬᠤ ᠶᠢ ᠬᠦᠰᠡᠵᠦ ᠪᠠᠶᠢᠨ᠎ᠠ᠃ | ᠡᠸᠦ᠋ᠷᠦᠫᠠ ᠶᠢᠨ ᠬᠢᠨ ᠳᠤᠷᠠᠳᠠᠶ᠎ᠠ ᠡᠸᠦ᠋ᠷᠦᠫᠠ ᠳᠤᠮᠳᠠᠳᠤ ᠶᠢᠨ ᠭᠠᠵᠠᠷ ᠵᠦᠢ ᠶᠢᠨ ᠢᠯᠡᠷᠭᠡᠶᠢᠯᠡᠯᠳᠦ ᠵᠦᠪᠯᠡᠯᠴᠡᠭᠡᠷ ᠤᠨ | ᠡᠸᠦ᠋ᠷᠦᠫᠠ ᠶᠢᠨ ᠲᠠᠯ᠎ᠠ ᠶᠢᠨ ᠳᠤᠳᠤᠭᠠᠳᠤ ᠬᠢ ᠲᠡᠰ ᠳᠠᠷᠠᠭᠠᠯᠠᠯ ᠢ ᠡᠷᠳᠡ ᠡᠳᠦᠷ ᠪᠡᠶᠡᠯᠡᠬᠦᠯᠵᠦ᠂ ᠳᠤᠷᠠᠳᠠᠶ᠎ᠠ | ᠳᠤᠮᠳᠠᠳᠤ ᠤᠯᠤᠰ ᠯᠤᠭ᠎ᠠ ᠳᠡᠯᠡᠭᠡᠢ ᠶᠢᠨ ᠠᠷᠠᠯᠵᠢᠶᠠᠨ ᠤ ᠵᠤᠬᠢᠶᠠᠨ ᠪᠠᠶᠢᠭᠤᠯᠤᠯᠳᠠ ᠶᠢᠨ ᠦᠭᠡᠷᠡᠴᠢᠯᠡᠯᠳᠠ ᠶᠢᠨ | ᠠᠰᠠᠭᠤᠳᠠᠯ ᠤᠨ ᠲᠠᠯ᠎ᠠ ᠪᠠᠷ ᠤᠯᠤᠯᠴᠠᠭ᠎ᠠ ᠵᠤᠬᠢᠴᠠᠭᠤᠯᠭ᠎ᠠ ᠪᠠᠨ ᠬᠦᠨᠵᠡᠭᠡᠶᠢᠷᠡᠬᠦᠯᠦᠨ᠂ ᠠᠭᠤᠷ ᠠᠮᠢᠰᠬᠤᠯ ᠤᠨ | ᠬᠤᠪᠢᠷᠠᠯᠳᠠ ᠶᠢ ᠠᠷᠭᠠᠴᠠᠭᠠᠬᠤ ᠠᠰᠠᠭᠤᠳᠠᠯ ᠤᠨ ᠲᠠᠯ᠎ᠠ ᠪᠠᠷ ᠬᠢ ᠬᠠᠮᠳᠤᠷᠠᠯᠴᠠᠭ᠎ᠠ ᠪᠠᠨ ᠴᠢᠩᠭᠠᠳᠬᠠᠵᠦ᠂ ᠤᠯᠠᠨ | ᠲᠠᠯᠠᠳᠦ ᠦᠵᠡᠯ ᠪᠠ ᠴᠢᠯᠦᠭᠡᠳᠦ ᠠᠷᠠᠯᠵᠢᠶ᠎ᠠ ᠶᠢ ᠬᠠᠮᠳᠤ ᠪᠠᠷ ᠬᠠᠮᠠᠭᠠᠯᠠᠨ᠂ ᠨᠡᠩ ᠢᠯᠡᠬᠦᠦ ᠦᠷᠬᠦᠯᠵᠢᠯᠡᠬᠦ᠂ ᠨᠡᠩ | ᠠᠮᠤᠷ ᠲᠦᠪᠰᠢᠨ ᠳᠡᠯᠡᠭᠡᠢ ᠳ᠋ᠠᠬᠢᠨ ᠢ ᠴᠤᠬᠴᠠᠯᠠᠬᠤ ᠪᠠᠷ ᠴᠢᠷᠮᠠᠶᠢᠨ᠎ᠠ ᠭᠡᠵᠦ ᠢᠯᠡᠳᠭᠡᠵᠡᠢ᠃ | ᠬᠤᠶᠠᠷ ᠲᠠᠯ᠎ᠠ ᠪᠠᠷ ᠢᠶᠠᠨ ᠪᠠᠰᠠ ᠬᠠᠮᠳᠤ ᠪᠠᠷ ᠠᠩᠬᠠᠷᠴᠦ ᠪᠠᠶᠢᠭ᠎ᠠ ᠳᠡᠯᠡᠬᠡᠢ ᠶᠢᠨ ᠪᠠ ᠭᠠᠵᠠᠷ ᠤᠷᠤᠨ ᠤ | ᠠᠰᠠᠭᠤᠳᠠᠯ ᠤᠨ ᠲᠤᠬᠠᠢ ᠰᠠᠨᠠᠯ ᠢᠶᠠᠨ ᠬᠦᠨᠵᠡᠭᠡᠢ ᠰᠤᠯᠢᠯᠴᠠᠪᠠ᠃ | ᠸᠠᠩ ᠢ᠂ ᠾᠧ ᠯᠢ ᠹᠧᠩ ᠨᠠᠷ ᠠᠭᠤᠯᠵᠠᠯᠳᠠ ᠳᠤ ᠤᠷᠤᠯᠴᠠᠵᠠᠢ᠃ | |