ᠣᠶᠢᠷ᠎ᠠ ᠶᠢᠨ ᠡᠳᠦᠷ᠂ ᠮᠠᠨ ᠤ ᠬᠤᠰᠢᠭᠤᠨ ᠤ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ ᠪᠤᠯᠤᠨ ᠲᠤᠭ | ᠪᠠᠯᠭᠠᠰᠤᠨ ᠤ ᠲᠠᠷᠬᠠᠨᠯᠠᠮ᠎ᠠ ᠭᠠᠴᠠᠭ᠎ᠠ ᠬᠠᠮᠲᠤᠷᠠᠨ ᠨᠠᠮ ᠪᠠᠶᠢᠭᠤᠯᠤᠭᠳᠠᠭᠰᠠᠨ 99 ᠵᠢᠯ ᠤᠨ ᠤᠢ ᠶᠢ ᠲᠤᠷᠠᠰᠬᠠᠬᠤ | ᠰᠢᠷᠢᠰ ᠠᠵᠢᠯᠯᠠᠭ᠎ᠠ ᠶᠢ ᠡᠷᠭᠢᠯᠠᠨ ᠶᠠᠪᠤᠭᠳᠠᠭᠤᠯᠤᠯ᠎ᠠ᠃ | | | | | | | ᠬᠤᠰᠢᠭᠤ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ ᠤᠨ ᠪᠦᠬᠦ ᠨᠠᠮ ᠤᠨ ᠭᠡᠰᠢᠬᠦᠨ ᠪᠤᠯᠤᠨ ᠲᠠᠷᠬᠠᠨᠯᠠᠮ᠎ᠠ | ᠭᠠᠴᠠᠭ᠎ᠠ ᠵᠦᠪᠯᠡᠯ᠂ ᠨᠠᠮ ᠤᠨ ᠭᠡᠰᠢᠬᠦᠳ ᠵᠡᠷᠭᠡ ᠬᠦᠮᠦᠰ ᠤᠷᠤᠯᠴᠠᠵᠤ ᠠᠵᠢᠯᠯᠠᠭᠠᠨ ᠲᠡᠭᠡᠷ᠎ᠡ ᠪᠡᠯᠡᠳᠬᠡᠯ ᠨᠠᠮ ᠤᠨ | ᠬᠡᠰᠢᠬᠦᠳ ᠲᠠᠩᠭᠠᠷᠢᠭ ᠭᠢᠵᠤ ︽ᠰᠤᠷᠤᠯᠴᠠᠯᠭ᠎ᠠ ᠶᠢᠨ ᠬᠦᠴᠦᠷᠭᠡᠭ ᠤᠯᠤᠰ︾ ᠲᠠᠪᠴᠠᠩ ᠤᠨ ᠰᠢᠯᠢᠳᠡᠭ | ᠰᠤᠷᠤᠯᠭᠠᠲᠠᠨ᠂ ᠠᠬᠠᠮᠠᠳ ᠨᠠᠮ ᠤᠨ ᠬᠡᠰᠢᠬᠦᠨ᠂ ᠰᠢᠯᠢᠳᠡᠭ ᠨᠠᠮ ᠤᠨ ᠭᠡᠰᠢᠬᠦᠨ᠂ ᠰᠢᠯᠢᠳᠡᠭ ᠨᠠᠮ ᠤᠨ ᠠᠵᠢᠯᠯᠠᠭᠴᠢ | ᠵᠡᠷᠭᠡ ᠶᠢ ᠲᠤᠰᠪᠤᠷᠢ ᠱᠠᠩᠨᠠᠨ ᠬᠦᠬᠢᠬᠦᠯᠦᠭᠰᠡᠨ ᠪᠠᠶᠢᠨ᠎ᠠ᠃ ᠡᠭᠦᠨ ᠤ ᠬᠠᠮᠲᠤ ᠬᠤᠰᠢᠭᠤ ᠬᠡᠷᠡᠭ ᠡᠷᠬᠢᠯᠡᠬᠦ ᠵᠦᠪᠯᠡᠯ | ᠠᠴᠠ ᠶᠡᠷᠥᠩᠬᠡᠢ ᠱᠦᠵᠢ ᠰᠢ ᠵᠢᠩ ᠫᠢᠩ ᠤᠨ ᠴᠢᠬᠤᠯᠠ ᠶᠠᠷᠢᠶᠠᠨ ᠤ ᠵᠤᠷᠢᠭ ᠰᠠᠨᠠᠭ᠎ᠠ ᠵᠢᠴᠢ ᠬᠤᠶᠠᠷ ᠬᠤᠷᠠᠯ ᠤᠨ | ᠬᠠᠮᠢᠶ᠎ᠠ ᠪᠦᠬᠦᠢ ᠮᠡᠳᠡᠯᠭᠡ ᠶᠢ ᠮᠠᠯᠴᠢᠳ ᠲᠤ ᠲᠠᠶᠢᠯᠪᠤᠷᠢᠯᠡᠨ ᠶᠠᠷᠢᠪᠠ᠃ | ᠰᠢᠷᠢᠰ ᠠᠵᠢᠯᠯᠠᠭᠠᠨ ᠠᠴᠠ ᠭᠠᠳᠠᠨ᠎ᠠ ᠮᠠᠨ ᠤ ᠬᠤᠰᠢᠭᠤᠨ ᠤ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ | ᠤᠨ ᠬᠢᠨ ᠪᠠᠰᠠ ᠶᠠᠳᠠᠭᠤ ᠠᠴᠠ ᠠᠩᠬᠢᠵᠢᠷᠠᠭᠰᠠᠨ ᠡᠷᠦᠬᠡ ᠨᠦᠭᠦᠳ ᠢᠶᠠᠷ ᠬᠦᠷᠴᠤ ᠲᠡᠳᠡᠨ ᠢ ᠪᠤᠯᠭᠤᠭᠠᠨ ᠦᠵᠡᠵᠦ | ᠠᠮᠢᠳᠤᠷᠠᠯ ᠠᠬᠤᠢ ᠶᠢ ᠨᠢ ᠠᠩᠬᠠᠷᠤᠨ ᠬᠠᠯᠠᠮᠵᠢᠯᠠᠭᠰᠠᠨ ᠪᠠᠶᠢᠨ᠎ᠠ᠃ | | | | | | | ᠬᠤᠰᠢᠭᠤ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ ᠤᠨ ᠲᠤᠭ ᠪᠠᠯᠭᠠᠰᠤᠨ ᠤ ᠲᠠᠷᠬᠠᠨᠯᠠᠮ᠎ᠠ ᠭᠠᠴᠠᠭᠠᠨ | ᠳᠤ ᠲᠤᠮᠢᠯᠠᠭᠰᠠᠨ ᠨᠢᠭᠡᠳᠦᠭᠡᠷ ᠱᠦᠵᠢ ᠤᠳᠬᠤᠨᠪᠢᠯᠢᠭ᠌᠄ ︽ᠨᠠᠮ ᠤᠨ ᠭᠡᠰᠢᠬᠦᠳ ᠤᠨ ᠰᠤᠷᠤᠯᠴᠠᠯᠭ᠎ᠠ ᠪᠤᠯᠤᠨ ᠨᠠᠮ | ᠤᠨ ᠪᠠᠶᠢᠭᠤᠯᠤᠯᠲᠠ ᠶᠢᠨ ᠠᠵᠢᠯ ᠳᠤ ᠱᠠᠯᠠᠮᠠᠭᠠᠶᠢᠯᠠᠨ ᠤᠷᠤᠬᠤ ᠢᠳᠡᠪᠬᠢᠵᠢᠯ ᠢ ᠲᠠᠶᠢᠴᠢᠯᠠᠵᠤ ᠦᠷᠬᠦᠯᠵᠢᠯᠡᠨ | ᠴᠢᠬᠤᠯᠠᠴᠢᠯᠠᠨ ᠠᠳᠬᠤᠨ᠎ᠠ᠃ ᠮᠦᠨ ᠴᠤ ᠬᠠᠷᠢᠯᠴᠠᠬᠤ ᠪᠠᠶᠢᠭᠤᠯᠭ᠎ᠠ ᠶᠢᠨ ᠤᠳᠤᠷᠢᠳᠤᠯᠭ᠎ᠠ ᠪᠤᠯᠤᠨ ᠭᠠᠴᠠᠭᠠᠨ ᠤ | ᠨᠠᠮ ᠤᠨ ᠡᠭᠦᠷ ᠤᠨ ᠱᠦᠵᠢ᠂ ᠨᠢᠭᠡᠳᠦᠭᠡᠷ ᠱᠦᠵᠢ ᠠᠴᠠ ᠲᠤᠰᠬᠠᠢ ᠬᠢᠴᠢᠶᠡᠯᠯᠡᠭᠡ ᠬᠢᠵᠦ ᠨᠠᠮ ᠤᠨ ᠭᠡᠰᠢᠬᠦᠳ ᠤᠨ | ᠰᠤᠷᠤᠯᠴᠠᠬᠤ ᠤᠷᠮᠠᠰᠢᠯ ᠢ ᠨᠡᠮᠡᠭᠳᠡᠬᠦᠯᠦᠨ᠎ᠡ︾ ᠭᠡᠪᠡ᠃ | | |