ᠨᠡᠯᠦᠭᠡᠷ ᠶᠡᠭᠡ ᠡᠯᠡᠰᠦ ᠮᠠᠩᠬ᠎ᠠ ᠶᠢ ᠨᠤᠮᠢᠨ ᠨᠤᠭᠤᠭᠠᠨ ᠪᠦᠷᠢᠲᠦ ᠪᠤᠯᠭᠠᠭᠰᠠᠨ ᠦᠦᠰᠢᠨ ᠨᠤᠲᠤᠭ ᠤᠨ ᠤᠯᠠᠨ | ᠲᠦᠮᠡᠨ ᠤᠶᠢᠵᠢᠭᠤᠯᠤᠯᠲᠠ ᠶᠢᠨ ᠠᠵᠢᠯ ᠳᠤ ᠠᠮᠵᠢᠯᠲᠠ ᠤᠯᠤᠭᠰᠠᠨ ᠢᠶᠠᠷ ᠪᠠᠷᠠᠬᠤ ᠦᠭᠡᠢ᠂ ᠤᠲᠦ ᠲᠠᠬᠢᠨ ᠡᠨᠡᠬᠦ | ᠠᠮᠵᠢᠯᠲᠠ ᠪᠠᠨ ᠠᠮᠢᠳᠤᠷᠠᠯ ᠦᠢᠯᠡᠳᠪᠦᠷᠢᠯᠡᠯ ᠳᠤ ᠪᠠᠨ ᠦᠢᠯᠡᠴᠢᠯᠡᠭᠦᠯᠦᠨ ᠠᠮᠢ ᠠᠬᠤᠢ ᠶᠢᠨ ᠤᠶᠢᠵᠢᠭᠤᠯᠤᠯᠲᠠ | ᠠᠴᠠ ᠬᠤᠤᠰ ᠠᠰᠢᠭ ᠬᠦᠷᠳᠡᠵᠦ ᠪᠠᠶᠢᠨ᠎ᠠ᠃ | ᠮᠠᠨ ᠤ ᠬᠤᠰᠢᠭᠤᠨ ᠤ ᠮᠠᠯᠵᠢᠬᠤ ᠨᠤᠲᠤᠭ ᠢᠶᠠᠷ ᠶᠠᠪᠤᠬᠤ ᠳᠤ ᠵᠠᠮ ᠤᠨ ᠬᠠᠵᠠᠭᠤ ᠳᠤ ᠵᠢᠭᠳᠡᠷᠡᠨ ᠤᠷᠭᠤᠭᠰᠠᠨ | ᠪᠤᠷᠭᠠᠰᠤ ᠮᠤᠲᠦ ᠬᠠᠷᠭᠠᠨ᠎ᠠ ᠲᠤᠷᠯᠤᠭ ᠨᠢ ᠪᠢᠳᠠᠨ ᠤ ᠬᠠᠷᠠᠭ᠎ᠠ ᠶᠢ ᠪᠠᠶᠠᠰᠬᠠᠵᠦ ᠪᠠᠶᠢᠯ᠎ᠠ᠃ ᠤᠯᠠᠭᠠᠡᠳᠤᠯᠤᠭᠠᠢ | ᠪᠠᠯᠭᠠᠰᠤᠨ ᠤ ᠪᠠᠶᠠᠡᠰᠢᠯᠢ ᠭᠠᠴᠠᠭᠠᠨ ᠤ ᠮᠠᠯᠴᠢᠨ ᠲᠠᠯᠠᠢ ᠶᠢᠨ ᠳᠤ ᠬᠦᠷᠬᠦ ᠳᠤ ᠲᠡᠳᠡ ᠶᠠᠭ ᠡᠷᠳᠡᠨᠢ ᠰᠢᠰᠢ ᠶᠢᠨ | ᠲᠠᠷᠢᠶ᠎ᠠ ᠪᠠᠨ ᠤᠰᠤᠯᠠᠵᠦ ᠪᠠᠶᠢᠯ᠎ᠠ᠃ ᠭᠠᠳᠠᠨ᠎ᠠ ᠨᠢ ᠮᠠᠯ ᠤᠨ ᠪᠠᠷ᠎ᠠ ᠬᠠᠷᠠᠭᠳᠠᠬᠤ ᠦᠭᠡᠢ ᠪᠤᠯᠬᠤᠷ ᠰᠤᠨᠢᠭᠤᠴᠢᠯᠠᠨ | ᠠᠰᠠᠭᠤᠬᠤ ᠳᠤ ᠲᠡᠳᠡ ᠮᠠᠯ ᠢᠶᠠᠨ ᠪᠦᠬᠦᠨ ᠢ ᠪᠡᠯᠴᠢᠭᠡᠷᠯᠡᠭᠦᠯᠦᠭᠰᠡᠨ ᠭᠡᠵᠦ ᠪᠠᠶᠢᠯ᠎ᠠ᠃ ᠡᠳᠡᠨ ᠤ ᠬᠢᠨ ᠤᠲᠦ ᠵᠠᠭᠤ | ᠭᠠᠷᠤᠢ ᠪᠤᠭ ᠮᠠᠯ ᠲᠦᠴᠢᠭᠡᠳ ᠪᠤᠳᠠ ᠮᠠᠯ ᠲᠠᠢ ᠶᠤᠮ᠃ ᠭᠡᠬᠦ ᠳᠡᠭᠡᠨ ᠬᠤᠷᠢᠨ ᠵᠢᠯ ᠤᠨ ᠡᠮᠦᠨ᠎ᠡ ᠪᠤᠯ ᠠᠷᠠᠢ ᠯᠠ | ᠵᠢᠷᠠ ᠲᠠᠯᠠᠨ ᠪᠤᠭ ᠮᠠᠯ ᠮᠠᠯᠵᠢᠳᠠᠭ ᠪᠠᠶᠢᠭᠰᠠᠨ᠂ ᠲᠡᠭᠡᠭᠡᠳ ᠲᠡᠷᠡ ᠦᠶ᠎ᠡ ᠶᠢᠨ ᠬᠠᠷ᠎ᠠ ᠰᠢᠭᠤᠷᠭᠠᠨ ᠳᠤ ᠡᠯᠵᠢᠭᠡ ᠪᠠᠷ | ᠨᠢᠯᠬ᠎ᠠ ᠮᠤᠲᠤᠨ ᠰᠤᠶᠤᠭ᠎ᠠ ᠠᠴᠢᠵᠦ ᠲᠠᠷᠢᠭᠠᠳ ᠤᠲᠦ ᠵᠢᠭᠳᠡᠷᠡᠭᠰᠡᠨ ᠰᠠᠬᠤᠯᠢᠭ ᠮᠤᠲᠦ ᠶᠢ ᠤᠷᠭᠤᠭᠤᠯᠤᠭᠰᠠᠨ | ᠭᠡᠵᠦ ᠲᠠᠯᠠᠢ ᠰᠡᠴᠡᠡᠭᠡᠷᠡᠯ ᠬᠤᠶᠠᠭᠤᠯᠠ ᠪᠠᠶᠠᠷᠳᠠᠶᠢᠬᠠᠨ ᠶᠠᠷᠢᠵᠦ ᠪᠠᠶᠢᠯ᠎ᠠ᠃ | | | | | | | ᠤᠯᠠᠭᠠᠡᠲᠤᠯᠤᠭᠠᠢ ᠪᠠᠯᠭᠠᠰᠤᠨ ᠤ ᠪᠠᠶᠠᠡᠰᠢᠯᠢ ᠭᠠᠴᠠᠭᠠᠨ ᠤ ᠮᠠᠯᠴᠢᠨ ᠲᠠᠯᠠᠢ᠄ ︽ᠮᠤᠳᠤ ᠨᠢ ᠮᠠᠯ ᠳᠤ ᠶᠡᠭᠡ | ᠠᠰᠢᠭᠲᠠᠢ᠂ ᠮᠠᠩᠬᠠᠨ ᠳᠤ ᠪᠠᠰᠠ ᠶᠡᠭᠡ ᠠᠰᠢᠭᠲᠠᠢ᠂ ᠲᠡᠷᠡ ᠦᠶ᠎ᠡ ᠶᠢᠨ ᠮᠠᠩᠬ᠎ᠠ ᠶᠠᠭ ᠨᠢᠳᠦ ᠨᠢᠭᠤᠷ ᠦᠭᠡᠢ | ᠵᠤᠳᠤᠭᠠᠳ ᠴᠠᠶᠢᠳᠠᠮ ᠵᠦᠯᠭᠡ ᠶᠢ ᠪᠤᠯᠠᠭᠠᠳ ᠪᠤᠯᠬᠤ ᠦᠬᠡᠢ ᠪᠤᠯᠬᠤᠷ ᠮᠤᠲᠦ ᠪᠤᠷᠭᠠᠰᠤ ᠲᠠᠷᠢᠭᠰᠠᠨ ᠶᠤᠮ᠂ ᠦᠭᠡᠳᠡ | ᠬᠠᠨᠳᠤᠭᠤᠯᠤᠭᠠᠳ ᠲᠤᠷᠯᠤᠭ ᠲᠠᠷᠢᠭᠠᠳ ᠪᠠᠰᠠ ᠶᠡᠭᠡ ᠰᠠᠶᠢᠨ ᠪᠠᠶᠢᠨ᠎ᠠ᠃ ᠤᠲᠦ ᠮᠠᠯ ᠠᠬᠤᠢ ᠪᠠᠨ ᠪᠦᠷ ᠲᠤᠷᠯᠤᠭ | ᠲᠤ ᠶᠠᠪᠤᠭᠤᠯᠤᠭᠰᠠᠨ ᠪᠤᠯᠬᠤᠷ ᠠᠭᠤᠵᠢᠮ ᠰᠢᠭ ᠪᠤᠯᠤᠭᠰᠠᠨ ᠶᠤᠮ︾ ᠭᠡᠪᠡ᠃ | ᠮᠠᠨ ᠤ ᠬᠢ ᠬᠤᠶᠠᠷ ᠲᠠᠪᠬᠤᠷ ᠪᠡᠯᠴᠢᠭᠡᠷ ᠪᠠᠶᠢᠳᠠᠭ ᠶᠤᠮ ᠭᠡᠵᠦ ᠲᠠᠯᠠᠢ ᠶᠠᠷᠢᠬᠤ ᠳᠤ ᠡᠨᠡ ᠲᠤᠬᠠᠢ | ᠰᠤᠨᠢᠭᠤᠴᠢᠯᠠᠵᠦ ᠮᠤᠲᠤᠨ ᠨᠠᠮᠠᠭ᠎ᠠ ᠪᠠᠨ ᠠᠪᠤᠭᠠᠳ ᠮᠠᠯ ᠲᠡᠵᠢᠭᠡᠳᠡᠭ ᠢ ᠨᠢ ᠮᠡᠳᠡᠭᠰᠡᠨ ᠪᠢᠯᠡ᠃ | | | | | | | ᠤᠯᠠᠭᠠᠡᠳᠤᠯᠤᠭᠠᠢ ᠪᠠᠯᠭᠠᠰᠤᠨ ᠤ ᠪᠠᠶᠠᠡᠰᠢᠯᠢ ᠭᠠᠴᠠᠭᠠᠨ ᠤ ᠮᠠᠯᠴᠢᠨ ᠲᠠᠯᠠᠢ᠄ ︽ᠮᠢᠩᠭᠠᠨ ᠪᠤᠭᠤᠳᠠᠯ ᠮᠤᠳᠤᠨ | ᠨᠠᠮᠠᠭ᠎ᠠ᠂ ᠴᠢᠨᠠᠭᠰᠢᠯᠠᠪᠠᠯ ᠮᠢᠩᠭ᠎ᠠ ᠢᠯᠡᠬᠦᠦ ᠪᠤᠭᠤᠳᠠᠯ ᠮᠤᠳᠤᠨ ᠨᠠᠮᠠᠭ᠎ᠠ ᠪᠠᠰᠠ ᠬᠤᠷᠢᠶᠠᠵᠦ ᠪᠠᠶᠢᠭᠰᠠᠨ᠂ ᠤᠲᠦ | ᠮᠤᠲᠦ ᠨᠢ ᠠᠷᠪᠢᠳᠤᠭᠠᠳ ᠪᠢ ᠦᠪᠡᠷ ᠢᠶᠠᠨ ᠬᠤᠷᠢᠶᠠᠵᠦ ᠳᠡᠶᠢᠯᠬᠦ ᠦᠭᠡᠢ ᠪᠤᠯᠵᠠᠢ︾ ᠭᠡᠵᠦ ᠪᠠᠶᠢᠯ᠎ᠠ᠃ | ᠮᠠᠯᠴᠢᠨ ᠲᠠᠯᠠᠢ ᠶᠢᠨ ᠬᠢ ᠰᠢᠭ᠋ ᠪᠤᠷᠭᠠᠰᠤ ᠮᠤᠲᠤᠨ ᠠᠴᠠ ᠠᠰᠢᠭ ᠬᠦᠷᠳᠡᠭᠰᠡᠨ ᠠᠶᠢᠯ ᠤᠯᠠᠨ ᠪᠠᠶᠢᠭ᠎ᠠ ᠶᠤᠮ᠃ | ᠴᠠᠭᠠᠡᠰᠥ᠋ᠮ᠎ᠡ ᠭᠠᠴᠠᠭᠠᠨ ᠤ ᠮᠠᠯᠴᠢᠨ ᠤᠯᠠᠭᠠᠡᠳᠠᠯᠠᠢ ᠵᠢᠷᠭᠤᠭ᠎ᠠ ᠲᠤᠯᠤᠭᠠᠨ ᠮᠢᠩᠭᠠᠨ ᠮᠤ᠋ ᠪᠡᠯᠴᠢᠭᠡᠷ ᠲᠠᠢ᠂ ᠡᠭᠦᠨ ᠤ | ᠲᠤᠲᠤᠷᠠᠬᠢ 3000 ᠮᠤ᠋ ᠪᠡᠯᠴᠢᠭᠡᠷ ᠢ ᠦᠪᠦᠷ ᠮᠤᠩᠭᠤᠯ ᠤᠨ ᠡᠰᠢ ᠰᠦᠷᠡᠯ ᠢᠶᠠᠷ ᠴᠠᠬᠢᠯᠭᠠᠨ ᠭᠠᠷᠭᠠᠬᠤ ᠺᠤᠮᠫᠠᠨᠢ | ᠲᠠᠢ ᠬᠠᠮᠵᠢᠯᠴᠠᠨ ᠪᠤᠷᠭᠠᠰᠣ ᠲᠠᠷᠢᠵᠦ ᠤᠶᠢᠵᠢᠭᠤᠯᠤᠭᠰᠠᠨ ᠪᠠᠶᠢᠨ᠎ᠠ᠃ ᠡᠨᠡ ᠺᠤᠮᠫᠠᠨᠢ ᠲᠠᠢ ᠬᠠᠮᠵᠢᠯᠴᠠᠨ ᠠᠵᠢᠯᠯᠠᠬᠤ | ᠶᠢᠨ ᠨᠢᠭᠡ ᠰᠠᠶᠢᠨ ᠲᠠᠯ᠎ᠠ ᠭᠡᠪᠡᠯ ᠺᠤᠮᠫᠠᠨᠢ ᠠᠴᠠ ᠪᠤᠷᠭᠠᠰᠤ ᠶᠢ ᠨᠢ ᠲᠦᠯᠦᠪᠦᠷᠢ ᠲᠠᠢ ᠪᠠᠷ ᠬᠤᠷᠢᠶᠠᠨ ᠠᠪᠳᠠᠭ᠃ ᠤᠢ | ᠰᠢᠭᠤᠢ ᠶᠢᠨ ᠡᠷᠬᠡ ᠶᠢ ᠴᠦ ᠮᠠᠯᠴᠢᠳ ᠲᠤ ᠤᠯᠭᠤᠭᠰᠠᠨ ᠪᠤᠯᠬᠤᠷ ᠤᠢ ᠰᠢᠭᠤᠢ ᠶᠢᠨ ᠨᠦᠬᠦᠪᠦᠷᠢ ᠶᠢ ᠴᠤ | ᠬᠦᠷᠳᠡᠵᠦ ᠪᠠᠶᠢᠨ᠎ᠠ᠃ | ᠡᠨᠡ ᠨᠤᠲᠤᠭ ᠤᠨ ᠮᠠᠯᠴᠢᠳ ᠲᠠᠢ ᠶᠠᠷᠢᠯᠴᠠᠨ ᠰᠠᠭᠤᠬᠤ ᠳᠠᠭᠠᠨ ᠡᠳᠡᠨ ᠨᠤᠲᠤᠭ ᠢᠶᠠᠨ ᠭᠡᠬᠦ ᠰᠡᠳᠬᠢᠯ ᠢᠶᠠᠷ | ᠮᠠᠩᠬᠠᠨ ᠨᠤᠲᠤᠭ ᠢᠶᠠᠨ ᠤᠶᠢᠵᠢᠭᠤᠯᠤᠭᠠᠳ ᠡᠭᠦᠨ ᠠᠴᠠ ᠪᠠᠨ ᠠᠰᠢᠭ ᠬᠦᠷᠳᠡᠨ ᠦᠶ᠎ᠡ ᠶᠢᠨ ᠦᠶ᠎ᠡ ᠳᠤ | ᠬᠠᠮᠠᠭᠠᠯᠠᠯᠳᠠ ᠰᠠᠶᠢᠵᠢᠷᠠᠭᠤᠯᠤᠯᠳᠠ ᠪᠠᠨ ᠪᠠᠷᠢᠮᠳᠠᠯᠠᠨ᠎ᠠ ᠭᠡᠰᠡᠨ ᠤᠭ ᠵᠤᠷᠢᠯᠳᠠ ᠠᠯᠤᠰ ᠤᠨ ᠬᠠᠷᠠᠯᠳᠠ ᠨᠢ | ᠤᠷᠤᠭᠰᠢᠯᠠᠨ ᠲᠠᠪᠰᠢᠬᠤ ᠴᠢᠭᠯᠡᠯ ᠪᠤᠯᠤᠭᠰᠠᠭᠠᠷ ᠪᠠᠶᠢᠭ᠎ᠠ ᠶᠢ ᠤᠯᠵᠦ ᠮᠡᠳᠡᠯ᠎ᠡ᠃ | | | | | | | ᠴᠠᠭᠠᠡᠰᠥ᠋ᠮ᠎ᠡ ᠭᠠᠴᠠᠭᠠᠨ ᠤ ᠮᠠᠯᠴᠢᠨ ᠤᠯᠠᠭᠠᠡᠳᠠᠯᠠᠢ᠄ ︽ᠮᠢᠨᠤ ᠡᠨᠡ ᠨᠠᠰᠤᠨ ᠳᠤ ᠡᠯᠡᠰᠦ ᠮᠠᠩᠬ᠎ᠠ ᠪᠠᠨ | ᠤᠶᠢᠵᠢᠭᠤᠯᠤᠭᠠᠳ ᠪᠤᠷᠭᠠᠰᠤ ᠮᠤᠲᠦ ᠪᠠᠨ ᠲᠠᠷᠢᠭᠠᠳ ᠬᠠᠶᠠᠴᠢᠬᠠᠬᠤ ᠶᠤᠮ ᠪᠢᠰᠢ᠂ ᠡᠭᠦᠨ ᠢ ᠬᠠᠮᠠᠭᠠᠯᠠᠵᠦ | ᠪᠠᠶᠢᠮᠠᠨᠵᠢᠨ ᠴᠠᠭᠠᠰᠢ ᠪᠠᠨ ᠰᠠᠶ᠋ᠢ ᠨᠡᠩ ᠪᠤᠵᠠᠭᠠᠶᠢᠷᠠᠭᠰᠠᠨ ᠤᠢ ᠪᠤᠯᠤᠨ᠎ᠠ︾ ᠬᠡᠵᠦ ᠪᠠᠶᠢᠪᠠ᠃ | ᠮᠠᠨ ᠤ ᠬᠤᠰᠢᠭᠤᠨ ᠤ ᠨᠤᠲᠤᠭ ᠲᠡᠪᠢᠰᠬᠡᠷ ᠤᠨ ᠶᠡᠷᠦᠩᠬᠡᠢ ᠲᠠᠯᠠᠪᠠᠢ ᠨᠢᠭᠡ ᠲᠦᠮᠡ ᠨᠢᠭᠡ ᠮᠢᠩᠭ᠎ᠠ ᠵᠢᠷᠭᠤᠭᠠᠨ | ᠵᠠᠭᠤ ᠲᠦᠴᠢᠨ ᠲᠠᠪᠤᠨ ᠬᠠᠪᠳᠠᠭᠠᠢ ᠲᠦᠷᠪᠡᠯᠵᠢᠨ ᠺᠢᠯᠤᠮᠧᠲᠷ ᠪᠠᠶᠢᠵᠦ ᠮᠤᠤᠡᠤᠰᠤ ᠶᠢᠨ ᠡᠯᠡᠰᠦᠨ ᠴᠦᠯ ᠤᠨ ᠭᠤᠤᠯ | ᠭᠡᠰᠡᠭ ᠲᠤ ᠪᠠᠶᠢᠷᠢᠯᠠᠨ ᠮᠤᠤᠡᠤᠰᠤ ᠶᠢᠨ ᠭᠤᠷᠪᠠᠨ ᠤ ᠨᠢᠭᠡ ᠨᠢ ᠦᠦᠰᠢᠨ ᠬᠤᠰᠢᠭᠤᠨ ᠳᠤ ᠪᠤᠢ᠃ ᠡᠯᠡᠰᠦ | ᠲᠤᠭᠲᠠᠪᠤᠷᠢᠵᠢᠨ ᠤᠷᠭᠤᠮᠠᠯ ᠤᠨ ᠪᠦᠷᠬᠦᠴᠡ ᠰᠠᠶᠢᠵᠢᠷᠠᠵᠦ ᠡᠭᠦᠨ ᠤ ᠤᠯᠠᠮ ᠠᠴᠠ ᠨᠤᠭᠤᠭᠠᠷᠠᠭᠤᠯᠤᠯᠲᠠ ᠠᠴᠠ | ᠠᠰᠢᠭ ᠬᠦᠷᠳᠡᠭᠰᠡᠨ ᠨᠢ ᠡᠨᠡ ᠨᠤᠲᠤᠭ ᠤᠨ ᠦᠶ᠎ᠡ ᠦᠶ᠎ᠡ ᠶᠢᠨ ᠬᠦᠮᠦᠰ ᠤᠨ ᠬᠦᠳᠡᠯᠮᠦᠷᠢ ᠴᠢᠷᠮᠠᠶᠢᠯᠭ᠎ᠠ ᠠᠴᠠ | ᠰᠠᠯᠵᠦ ᠴᠢᠳᠠᠰᠢ ᠦᠭᠡᠢ ᠶᠤᠮ᠃ | | | | | | | ᠦᠦᠰᠢᠨᠵᠤᠤ ᠪᠠᠯᠭᠠᠰᠤᠨ ᠤ ᠨᠠᠮ ᠤᠨ ᠬᠤᠷᠢᠶᠠᠨ ᠤ ᠱᠦᠵᠢ ᠵᠢᠷᠠᠨᠪᠠᠶᠠᠷ᠄ ︽ᠡᠳᠦᠢ ᠵᠢᠯ ᠤᠨ ᠠᠮᠢ ᠠᠬᠤᠢ | ᠶᠢᠨ ᠪᠦᠲᠦᠭᠡᠨ ᠪᠠᠶᠢᠭᠤᠯᠤᠯᠲᠠ ᠪᠠᠷ ᠲᠠᠮᠵᠢᠭᠠᠳ ᠮᠠᠨ ᠤ ᠪᠠᠶᠢᠭᠠᠯᠢ ᠤᠷᠴᠢᠨ᠂ ᠪᠡᠯᠴᠢᠭᠡᠷ ᠡᠪᠡᠰᠦ ᠪᠦᠷ | ᠰᠠᠶᠢᠵᠢᠷᠠᠭᠰᠠᠨ ᠪᠠᠶᠢᠨ᠎ᠠ᠃ ᠪᠡᠯᠴᠢᠭᠡᠷ ᠤᠨ ᠲᠠᠭᠠᠭᠠᠴᠠ ᠨᠡᠮᠡᠭᠳᠡᠵᠦ ᠮᠠᠯᠴᠢᠳ ᠤᠨ ᠮᠠᠯ ᠮᠠᠯᠯᠠᠬᠤ ᠲᠤᠭ᠎ᠠ ᠲᠤᠯᠤᠭᠠᠢ | ᠨᠢ ᠨᠡᠮᠡᠭᠳᠡᠵᠦ ᠢᠷᠡᠭᠰᠡᠨ ᠪᠠᠶᠢᠨ᠎ᠠ᠃ ᠲᠤᠮᠳᠠᠴᠢᠯᠠᠭᠠᠳ ᠠᠶᠢᠯ ᠪᠤᠯᠭᠠᠨ ᠪᠠᠷᠤᠭ ᠭᠤᠴᠢ ᠲᠦᠴᠢᠨ ᠦᠭᠡᠷ᠂ ᠰᠠᠶᠢᠨ | ᠰᠢᠭ ᠠᠮᠢᠳᠤᠷᠠᠯ ᠲᠠᠢ ᠨᠢ ᠵᠠᠭᠤ ᠭᠠᠷᠤᠢ ᠦᠭᠡᠷ ᠲᠠᠢ᠂ ᠪᠤᠭ ᠮᠠᠯ ᠪᠠᠰᠠ ᠨᠡᠮᠡᠭᠳᠡᠵᠦ ᠪᠠᠶᠢᠨ᠎ᠠ᠃ ᠠᠮᠢ ᠠᠬᠤᠢ ᠶᠢᠨ | ᠪᠦᠲᠦᠭᠡᠨ ᠪᠠᠶᠢᠭᠤᠯᠤᠯᠲᠠ ᠪᠠᠷ ᠲᠠᠮᠵᠢᠭᠠᠳ ᠪᠠᠶᠢᠭᠠᠯᠢ ᠨᠢ ᠰᠠᠶᠢᠬᠠᠨ ᠰᠡᠷᠭᠦᠴᠢᠬᠡᠨᠡ︾ ᠬᠡᠪᠡ᠃ |