ᠮᠤᠤᠡᠤᠰᠤ ᠶᠢᠨ ᠡᠯᠡᠰᠦᠨ ᠳᠤ ᠲᠠᠯᠠᠷᠠᠨ ᠦᠷᠭᠡᠵᠢᠭᠡ ᠨᠤᠭᠤᠭᠠᠨ ᠬᠤᠴᠢᠯᠭ᠎ᠠ
ᠨᠡᠶᠢᠲᠡᠯᠡᠭᠰᠡᠨ ᠴᠠᠭ᠄
2020/7/16
     ᠰᠢ ᠶᠢᠨ ᠫᠢᠩ ᠶᠡᠷᠦᠩᠬᠡᠢ ᠱᠦᠵᠢ ᠦᠪᠦᠷ ᠮᠤᠩᠭᠤᠯ ᠤᠨ ᠺᠠᠳ᠋ᠷ ᠤᠯᠠᠨ ᠲᠦᠮᠡᠨ ᠵᠢᠷᠠᠭᠠᠳ ᠵᠢᠯ ᠤᠨ ᠲᠤᠷᠰᠢ ᠮᠤᠤᠡᠤᠰᠤ ᠶᠢᠨ ᠡᠯᠡᠰᠦ ᠶᠢ ᠵᠠᠰᠠᠬᠤ ᠪᠠᠷ ᠴᠤᠴᠠᠯᠳᠠ ᠦᠭᠡᠢ ᠴᠢᠷᠮᠠᠶᠢᠨ ᠤᠲᠦ ᠨᠢᠭᠡᠨᠳᠡ ᠵᠠᠭᠤᠨ ᠤ ᠲᠠᠯᠠ ᠶᠢ ᠵᠠᠰᠠᠨ ᠰᠠᠶᠢᠵᠢᠷᠠᠭᠤᠯᠵᠦ ᠠᠮᠢ ᠠᠬᠤᠢ ᠶᠡᠷᠦᠩᠬᠡᠢ ᠳᠡᠭᠡᠨ ᠰᠠᠶᠢᠵᠢᠷᠠᠯᠳᠠ ᠲᠠᠢ ᠪᠤᠯᠤᠭᠰᠠᠨ  ᠨᠢ ᠬᠢᠯᠪᠠᠷ ᠪᠤᠰᠤ ᠠᠮᠵᠢᠯᠳᠠ ᠶᠤᠮ ᠭᠡᠵᠦ ᠦᠨᠡᠯᠡᠭᠰᠡᠨ ᠪᠢᠯᠡ᠃ ᠦᠩᠭᠡᠷᠡᠭᠰᠡᠨ ᠬᠠᠭᠠᠰ ᠵᠠᠭᠤᠨ ᠳᠤ ᠦᠦᠰᠢᠨ ᠨᠤᠲᠤᠭ ᠤᠨ ᠬᠦᠮᠦᠰ ᠤᠨ ᠡᠯᠡᠰᠦ ᠮᠠᠩᠬ᠎ᠠ  ᠶᠢ ᠵᠠᠰᠠᠬᠤ ᠴᠢᠷᠮᠠᠶᠢᠯᠭ᠎ᠠ ᠶᠡᠷᠦ ᠠᠴᠠ ᠵᠤᠭᠰᠤᠭ᠎ᠠ ᠦᠭᠡᠢ᠃ ᠨᠢᠭᠡ ᠨᠢᠭᠡ ᠨᠢᠯᠬ᠎ᠠ ᠰᠤᠶᠤᠭ᠎ᠠ ᠶᠢ ᠡᠯᠡᠰᠦᠨ ᠳᠤ ᠬᠠᠳᠬᠤᠵᠦ ᠬᠠᠷ᠎ᠠ ᠰᠢᠭᠤᠷᠭ᠎ᠠ ᠲᠠᠢ ᠲᠡᠮᠡᠴᠡᠵᠦ ᠪᠠᠶᠢᠭᠰᠠᠨ ᠠᠴᠠ ᠪᠠᠨ ᠰᠢᠨ᠎ᠡ ᠴᠠᠭ ᠦᠶ᠎ᠡ ᠶᠢᠨ ᠰᠢᠨ᠎ᠡ ᠵᠠᠭᠪᠤᠷ ᠢᠶᠠᠷ ᠠᠵᠢᠯᠯᠠᠵᠦ ᠡᠬᠢᠯᠡᠭᠡᠳ ᠤᠶᠢᠵᠢᠭᠤᠯᠤᠯᠲᠠ ᠶᠢᠨ ᠦᠷ᠎ᠡ ᠠᠰᠢᠭ ᠢᠶᠠᠨ ᠤᠯᠠᠮ ᠰᠠᠶᠢᠨ ᠪᠤᠯᠭᠠᠵᠦ ᠴᠢᠳᠠᠭᠰᠠᠨ ᠪᠠᠶᠢᠨ᠎ᠠ᠃      ᠦᠳᠡ ᠶᠢᠨ ᠬᠠᠯᠠᠭᠤᠨ ᠨᠠᠷᠠ ᠶᠢ ᠬᠠᠶᠢᠬᠤᠷᠤᠯ ᠦᠭᠡᠢ ᠪᠠᠷ ᠨᠢᠯᠬ᠎ᠠ ᠰᠤᠶᠤᠭ᠎ᠠ ᠵᠠᠶᠢᠯᠠᠵᠦ ᠮᠤᠤᠡᠤᠰᠤ ᠡᠯᠡᠰᠦᠨ ᠴᠦᠯ ᠤᠨ ᠬᠦᠨ ᠳᠤ ᠠᠵᠤ ᠲᠦᠷᠦᠵᠦ ᠪᠠᠶᠢᠭ᠎ᠠ ᠵᠢᠷᠭᠠᠯᠲᠦ ᠤᠳᠬᠤᠡᠭᠡᠷᠡᠯ ᠬᠤᠶᠠᠷ ᠨᠢᠯᠬ᠎ᠠ ᠰᠤᠶᠤᠭ᠎ᠠ ᠵᠠᠶᠢᠯᠠᠬᠤ ᠠᠵᠢᠯ ᠢ ᠲᠦᠴᠢᠨ ᠵᠢᠯ ᠤᠨ ᠲᠤᠷᠰᠢ ᠵᠤᠭᠰᠤᠰᠢ ᠦᠭᠡᠢ ᠬᠢᠭᠰᠡᠭᠡᠷ ᠢᠷᠡᠵᠡᠢ᠃ ᠲᠦᠴᠢᠨ ᠵᠢᠯ ᠤᠨ ᠡᠮᠦᠨ᠎ᠡ ᠳᠡᠳᠡᠨ ᠤ ᠨᠤᠲᠤᠭ ᠲᠤ ᠡᠳᠦᠷᠵᠢᠨ ᠰᠠᠯᠬᠢᠯᠠᠨ ᠡᠯᠡᠰᠦᠨ ᠰᠢᠭᠤᠷᠭ᠎ᠠ ᠪᠤᠰᠴᠦ ᠭᠡᠷ ᠤᠷᠤᠨ ᠨᠢ ᠮᠠᠩᠬᠠᠨ ᠳᠤ ᠪᠤᠯᠠᠭᠳᠠᠨ ᠬᠦᠮᠦᠨ ᠠᠮᠢᠳᠠᠨ ᠤ ᠲᠡᠰᠪᠤᠷᠢ ᠲᠡᠪᠴᠢᠶᠡᠷᠢ ᠶᠢ ᠰᠢᠯᠭᠠᠳᠠᠭ ᠪᠠᠶᠢᠵᠠᠢ᠃ ᠠᠮᠢᠳᠤᠷᠠᠯ ᠤᠨ ᠡᠷᠭᠡ ᠪᠠᠷ ᠵᠢᠷᠭᠠᠯᠲᠦ ᠶᠢᠨ ᠪᠦᠰᠡᠬᠦᠢ ᠤᠳᠬᠤᠡᠭᠡᠷᠡᠯ ᠴᠦ ᠨᠤᠲᠤᠭ ᠢᠶᠠᠨ ᠤᠷᠬᠢᠨ ᠬᠤᠳᠠ ᠤᠷᠤᠭᠰᠠᠨ ᠪᠤᠯᠪᠠᠴᠦ ᠭᠤᠴᠢᠨ ᠲᠠᠪᠤᠨ ᠬᠤᠨᠤᠭ ᠯᠠ ᠪᠤᠯᠤᠭᠠᠳ ᠲᠠᠬᠢᠨ ᠡᠯᠡᠰᠦᠨ ᠪᠠᠯᠠᠷ ᠲᠠᠭᠠᠨ ᠪᠤᠴᠠᠭᠰᠠᠨ ᠪᠠᠶᠢᠨ᠎ᠠ᠃
     ᠪᠦᠷᠢᠲᠦ ᠭᠠᠴᠠᠭᠠᠨ ᠤ ᠮᠠᠯᠴᠢᠨ ᠤᠳᠬᠤᠡᠭᠡᠷᠡᠯ᠄ ︽ᠬᠤᠳᠠ ᠤᠷᠤᠭᠠᠳ ᠨᠤᠲᠤᠭ ᠲᠠᠭᠠᠨ ᠪᠤᠴᠠᠭᠰᠠᠨ ᠨᠢ ᠪᠠᠷᠤᠭ ᠬᠠᠭᠠᠭᠳᠠᠵᠦ ᠪᠠᠶᠢᠭᠠᠳ ᠢᠷᠡᠭᠰᠡᠨ ᠰᠢᠭ ᠪᠠᠶᠢᠨ᠎ᠠ᠃ ᠭᠡᠷ ᠲᠤ ᠪᠠᠨ ᠢᠷᠡᠭᠰᠡᠨ ᠤ ᠲᠠᠷᠠᠭ᠎ᠠ ᠪᠢᠳᠠ ᠬᠤᠶᠠᠭᠤᠯᠠ ᠲᠠᠷᠢᠵᠦ ᠤᠶᠢᠵᠢᠭᠤᠯᠵᠦ ᠠᠮᠢᠳᠤᠷᠠᠯ ᠢᠶᠠᠨ ᠰᠠᠶᠢᠨ ᠲᠡᠭᠡᠭᠰᠢᠯᠡᠭᠦᠯᠬᠦ ᠦᠭᠡᠢ ᠪᠤᠯᠬᠤ ᠦᠭᠡᠢ ᠭᠡᠵᠦ ᠪᠤᠳᠤᠭᠰᠠᠨ ᠶᠤᠮ︾ ᠭᠡᠪᠡ᠃      ᠦᠦᠰᠢᠨ ᠬᠤᠰᠢᠭᠤᠨ ᠤ ᠪᠦᠷᠢᠲᠦ ᠭᠠᠴᠠᠭᠠᠨ ᠤ ᠮᠠᠯᠴᠢᠨ ᠵᠢᠷᠭᠠᠯᠲᠦ᠄ ︽ᠨᠤᠲᠤᠭ ᠲᠤ ᠪᠠᠨ ᠲᠠᠷᠢᠵᠦ ᠤᠶᠢᠵᠢᠭᠤᠯᠵᠦ ᠰᠠᠭᠤᠬᠤ ᠦᠭᠡᠢ ᠪᠤᠯ ᠦᠭᠡᠷ᠎ᠡ ᠵᠠᠮ ᠦᠭᠡᠢ᠂ ᠲᠡᠭᠡᠵᠦ ᠠᠷᠭ᠎ᠠ ᠤᠬᠠᠭᠠᠨ ᠢ ᠰᠦᠪᠡᠭᠴᠢᠯᠡᠭᠡᠳ ᠠᠮᠵᠢᠯᠲᠠ ᠤᠯᠬᠤ ᠠᠷᠭ᠎ᠠ ᠤᠯᠤᠭᠰᠠᠨ ᠶᠤᠮ︾ ᠭᠡᠪᠡ᠃
     ᠠᠩᠬ᠎ᠠ ᠤᠶᠢᠵᠢᠭᠤᠯᠤᠯᠲᠠ ᠬᠢᠬᠦ ᠳᠡᠭᠡᠨ ᠡᠳᠡᠨ ᠤ ᠬᠢᠨ ᠬᠡᠭᠡᠷ᠎ᠡ ᠶᠢᠨ ᠨᠢᠯᠬ᠎ᠠ ᠰᠤᠶᠤᠭ᠎ᠠ ᠶᠢ ᠡᠯᠵᠢᠭᠡ ᠪᠠᠷ ᠠᠴᠢᠵᠦ ᠲᠠᠷᠢᠭᠰᠠᠨ ᠭᠡᠳᠡᠭ᠃ ᠭᠡᠬᠦ ᠳᠤ ᠡᠭᠢᠨ ᠤ ᠦᠶᠡᠰ ᠦᠢᠯᠡᠳᠦᠯᠭᠡ ᠲᠤᠷᠰᠢᠯᠭ᠎ᠠ ᠬᠤᠮᠰᠠ ᠠᠴᠠ ᠲᠠᠬᠢᠨ ᠲᠠᠬᠢᠨ ᠢᠯᠠᠭᠳᠠᠯ ᠳᠤ ᠤᠴᠠᠷᠠᠵᠠᠢ᠃ ︿ᠨᠢᠭᠡ ᠭᠡᠰᠡᠭ ᠮᠠᠩᠬᠠᠨ ᠳᠤ ᠰᠤᠶᠤᠭ᠎ᠠ ᠠᠮᠢᠯᠠᠴᠢᠬᠠᠪᠠᠯ ᠪᠢ ᠰᠡᠳᠬᠢᠯ ᠲᠦᠭᠦᠷᠡᠩ﹀ ᠭᠡᠰᠡᠨ ᠪᠤᠷᠤᠯᠳᠠᠢ ᠱᠦᠵᠢ ᠶᠢᠨ ᠶᠠᠷᠢᠶ᠎ᠠ ᠵᠢᠷᠭᠠᠯᠲᠦ ᠤᠳᠬᠤᠡᠭᠡᠷᠡᠯ ᠤᠨ ᠵᠤᠷᠢᠭ ᠢ ᠬᠦᠪᠴᠢᠯᠡᠨ ᠲᠦᠴᠢ ᠰᠢᠬᠠᠮ ᠵᠢᠯ ᠤᠨ ᠲᠤᠷᠰᠢ ᠲᠦᠮᠡ ᠲᠦᠷᠪᠡᠨ ᠮᠢᠩᠭᠠᠨ ᠮᠤ᠋ ᠡᠯᠡᠰᠦ ᠮᠠᠩᠬ᠎ᠠ ᠶᠢ ᠨᠣᠭᠤᠭᠠᠷᠠᠭᠤᠯᠣᠨ ᠤᠶᠢᠵᠢᠭᠤᠯᠵᠠᠢ᠃ ᠨᠤᠷ᠎ᠠ ᠡᠯᠡᠰᠦ ᠶᠢ ᠲᠤᠭᠲᠠᠭᠠᠵᠦ ᠭᠡᠷ ᠤᠷᠤᠨ  ᠢᠶᠠᠨ ᠲᠦᠪᠬᠢᠨᠡᠭᠦᠯᠦᠨ ᠮᠠᠯ ᠤᠨ ᠪᠡᠯᠴᠢᠭᠡᠷ ᠲᠠᠢ ᠪᠤᠯᠤᠶ᠎ᠠ ᠭᠡᠰᠡᠨ ᠠᠩᠬᠠᠨ ᠤ ᠪᠤᠲᠤᠯ ᠢᠶᠠᠨ ᠮᠠᠷᠳᠠᠯ ᠦᠭᠡᠢ ᠤᠲᠦ ᠪᠤᠯᠬᠤ ᠳᠤ ᠴᠦ ᠭᠡᠷ ᠤᠨ ᠤᠶᠢᠷ᠎ᠠ ᠬᠠᠪᠢ  ᠶᠢᠨ ᠮᠠᠩᠬ᠎ᠠ ᠪᠠᠨ ᠦᠪᠡᠷ ᠢᠶᠠᠨ ᠭᠠᠷ ᠬᠦᠳᠡᠯᠦᠨ ᠨᠣᠭᠤᠭᠠᠷᠠᠭᠤᠯᠵᠣ ᠬᠢᠵᠦ ᠲᠡᠶᠢᠯᠬᠦ ᠲᠡᠩᠭᠡᠭᠡ ᠲᠠᠢ ᠯᠠ ᠪᠤᠯ ᠦᠷᠭᠦᠯᠵᠢᠯᠡᠨ ᠪᠠᠷᠢᠮᠳᠠᠯᠠᠨ ᠬᠢᠬᠦ ᠪᠠᠷ ᠲᠡᠷᠡ ᠬᠤᠶᠠᠭᠤᠯᠠ ᠵᠤᠷᠢᠭ ᠲᠡᠭᠦᠯᠳᠡᠷ ᠶᠠᠷᠢᠵᠦ ᠪᠠᠶᠢᠯ᠎ᠠ᠃      ᠪᠦᠷᠢᠲᠦ ᠭᠠᠴᠠᠭᠠᠨ ᠤ ᠮᠠᠯᠴᠢᠨ ᠵᠢᠷᠭᠠᠯᠲᠦ᠄ ︽ᠪᠤᠷᠤᠯᠳᠠᠢ ᠡᠵᠢ ᠶᠢᠨ ᠤᠯᠠ ᠮᠦᠷ᠂ ᠶᠠᠪᠤᠵᠦ ᠦᠩᠭᠡᠷᠡᠭᠰᠡᠨ ᠦᠩᠭᠡᠷᠡᠯᠳᠡ ᠲᠡᠦᠬᠡ ᠪᠦᠷ ᠨᠢᠳᠦ ᠪᠠᠷ  ᠢᠶᠠᠨ ᠦᠵᠡᠭᠰᠡᠨ ᠦᠭᠡᠢ ᠴᠦ ᠴᠢᠬᠢ ᠪᠠᠷ ᠢᠶᠠᠨ ᠰᠤᠨᠤᠰᠤᠭᠰᠠᠨ᠃ ᠠᠬᠠᠮᠠᠳ ᠦᠶ᠎ᠡ ᠶᠢᠨ ᠬᠢᠨ ᠤ ᠰᠢᠷᠭᠠᠭᠤ ᠬᠦᠳᠡᠯᠮᠦᠷᠢ ᠬᠠᠳᠠᠭᠤ ᠴᠢᠩᠭ᠎ᠠ ᠰᠤᠷᠭᠠᠯ᠂ ᠪᠤᠷᠤᠯᠳᠠᠢ ᠡᠵᠢ ᠶᠢᠨ ᠦᠦᠰᠢᠨᠵᠦᠦ ᠶᠢᠨ ᠡᠨᠡ ᠶᠡᠭᠡ ᠡᠯᠡᠰᠦ ᠶᠢ ᠦᠭᠡᠷᠡᠴᠢᠯᠡᠭᠰᠡᠨ ᠦᠵᠡᠯ ᠰᠠᠨᠠᠭ᠎ᠠ᠂ ᠵᠤᠷᠢᠭ ᠰᠦᠰᠦ ᠪᠤᠯ ᠬᠠᠮᠤᠭ ᠤᠨ ᠠᠭᠤᠤ ᠶᠡᠭᠡ ᠰᠢᠦ︾ ᠬᠡᠵᠦ ᠪᠠᠶᠢᠯ᠎ᠠ᠃
     ᠦᠪᠦᠷ ᠮᠤᠩᠭᠤᠯ ᠤᠨ ᠤᠲᠦᠨ ᠮᠡᠳᠡᠭᠡᠨ ᠤ ᠰᠤᠷᠪᠤᠯᠵᠢᠯᠠᠭᠴᠢ ᠨᠠᠬᠢᠶ᠎ᠠ᠄ ︽ᠦᠦᠰᠢᠨᠵᠤᠤ ᠶᠢᠨ ᠡᠯᠡᠰᠦ ᠶᠢ ᠵᠠᠰᠠᠬᠤ ᠳᠤ ᠠᠬᠠᠮᠠᠳ ᠨᠢᠭᠡ ᠦᠶ᠎ᠡ ᠶᠢᠨ  ᠬᠢᠨ ᠰᠠᠭᠤᠷᠢ ᠲᠠᠯᠪᠢᠵᠠᠢ᠃ ᠲᠡᠭᠡᠷ᠎ᠡ ᠵᠠᠭᠤᠨ ᠤ ᠵᠢᠷᠠᠭᠠᠳ ᠤᠨ ᠳᠤ ᠮᠠᠯᠵᠢᠬᠤ ᠳ᠋ᠠᠵᠠᠢ ᠦᠦᠰᠢᠨᠵᠤᠤ ᠭᠡᠵᠦ ᠠᠯᠳᠠᠷᠰᠢᠭᠰᠠᠨ ᠡᠨᠡ ᠨᠤᠲᠤᠭ ᠤᠨ ᠤᠯᠠᠨ ᠲᠦᠮᠡᠨ ᠪᠤᠷᠤᠯᠳᠠᠢ ᠨᠠᠰᠤᠲᠠᠨ ᠤ ᠲᠠᠭᠠᠭᠤᠯᠭ᠎ᠠ ᠪᠠᠷ ᠡᠯᠡᠰᠦ ᠮᠠᠩᠬ᠎ᠠ ᠲᠠᠢ ᠲᠡᠮᠡᠴᠡᠵᠦ ᠡᠬᠢᠯᠡᠭᠰᠡᠨ ᠶᠤᠮ᠃ ᠲᠡᠷᠡ ᠦᠶ᠎ᠡ ᠶᠢᠨ ᠬᠦᠮᠦᠰ ᠤᠨ ᠬᠦᠳᠡᠯᠮᠦᠷᠢ ᠴᠢᠷᠮᠠᠶᠢᠯᠭ᠎ᠠ ᠠᠴᠠ ᠤᠲᠦ ᠦᠶ᠎ᠡ ᠶᠢᠨ ᠬᠦᠮᠦᠰ ᠲᠤ ᠦᠯᠡᠳᠡᠭᠡᠵᠦ ᠦᠭᠭᠦᠭᠰᠡᠨ ᠨᠢ ᠡᠯᠡᠰᠦ ᠮᠠᠩᠬ᠎ᠠ ᠶᠢ ᠲᠤᠭᠲᠠᠭᠠᠭᠰᠠᠨ ᠡᠪᠡᠰᠦ ᠤᠷᠭᠤᠮᠠᠯ ᠲᠡᠳᠦᠢ ᠪᠢᠰᠢ ᠨᠡᠩ ᠴᠢᠬᠤᠯᠠ ᠨᠢ ᠡᠯᠡᠰᠦ ᠮᠠᠩᠬ᠎ᠠ ᠲᠠᠢ ᠲᠡᠮᠡᠴᠡᠬᠦ ᠵᠤᠷᠢᠭ ᠰᠠᠨᠠᠭ᠎ᠠ ᠪᠠᠶᠢᠭ᠎ᠠ ᠶᠤᠮ ᠪᠠᠶᠢᠨ᠎ᠠ︾᠃      ᠲᠠᠪᠢᠨ ᠵᠢᠯ ᠤᠨ ᠡᠮᠦᠨᠡᠬᠢ ᠦᠦᠰᠢᠨᠵᠤᠤ ᠳᠤ ᠡᠯᠡᠰᠦᠨ ᠰᠢᠭᠤᠷᠭ᠎ᠠ ᠲᠡᠭᠳᠡᠨ ᠠᠭᠤᠷ ᠠᠮᠢᠰᠬᠤᠯ ᠭᠠᠩᠳᠠᠵᠦ ᠮᠠᠯ  ᠤᠨᠤᠭ᠎ᠠ ᠰᠤᠭᠳᠤᠭᠤ ᠡᠪᠡᠰᠦᠨ ᠤ ᠬᠦᠨᠦᠭᠡᠯ ᠳᠤ ᠲᠠᠭᠠᠷᠢᠭᠳᠠᠨ ᠮᠠᠯᠴᠢᠨ ᠲᠦᠮᠡᠨ ᠠᠷᠭ᠎ᠠ ᠪᠠᠷᠠᠭᠳᠠᠵᠦ ᠪᠠᠶᠢᠵᠠᠢ᠃ ᠲᠡᠷᠡᠬᠦ ᠬᠡᠴᠡᠭᠦᠦ ᠴᠠᠭ ᠲᠤ ᠪᠦᠷᠢᠲᠦ ᠭᠠᠴᠠᠭᠠᠨ ᠤ ᠨᠠᠮ ᠤᠨ ᠡᠭᠦᠷ ᠤᠨ ᠱᠦᠵᠢ ᠪᠤᠷᠤᠯᠳᠠᠢ ᠪᠠᠷ ᠲᠦᠯᠦᠭᠡᠯᠡᠭᠦᠯᠦᠭᠰᠡᠨ ᠦᠦᠰᠢᠨᠵᠤᠤ ᠶᠢᠨ ᠤᠯᠠᠨ ᠲᠦᠮᠡᠨ ᠮᠤᠤᠡᠤᠰᠤ ᠶᠢᠨ ᠡᠯᠡᠰᠦ ᠲᠠᠢ ᠡᠷᠡᠯᠬᠡᠭᠯᠡᠨ ᠲᠡᠮᠡᠴᠡᠵᠦ ᠮᠤᠤᠡᠤᠰᠤ ᠳᠤ ᠶᠡᠭᠡ ᠬᠡᠪᠴᠢᠶᠡᠨ ᠤ ᠨᠤᠭᠤᠭᠠᠷᠠᠭᠤᠯᠤᠯᠲᠠ ᠬᠢᠵᠦ ᠰᠢᠨ᠎ᠡ ᠠᠷᠭ᠎ᠠ ᠵᠠᠮ ᠢ ᠰᠦᠪᠡᠭᠴᠢᠯᠡᠵᠡᠢ᠃      ᠮᠠᠯᠵᠢᠬᠤ ᠳ᠋ᠠᠵᠠᠢ ᠦᠦᠰᠢᠨᠵᠤᠤ ᠶᠢᠨ ᠲᠠᠭᠠᠭᠤᠯᠤᠭᠴᠢ ᠪᠤᠷᠤᠯᠳᠠᠢ ᠨᠠᠰᠤᠲᠠᠨ᠄ ︽ᠲᠡᠶᠢᠮᠦ ᠬᠦᠴᠢᠷᠲᠡᠢ ᠪᠤᠯᠪᠠᠴᠦ ᠮᠢᠨᠤ ᠲᠦᠷᠦᠭᠰᠡᠨ ᠨᠤᠲᠤᠭ ᠶᠤᠮ ᠴᠢᠨᠢ ᠡᠯᠡᠰᠤ ᠮᠠᠩᠬ᠎ᠠ ᠶᠢ ᠨᠤᠭᠤᠭᠠᠷᠠᠭᠤᠯᠵᠦ ᠠᠷᠠᠳ ᠤᠨ ᠠᠮᠢᠳᠤᠷᠠᠯ ᠢ ᠰᠠᠶᠢᠵᠢᠷᠠᠭᠤᠯᠤᠨ ᠨᠤᠲᠤᠭ ᠪᠡᠯᠴᠢᠬᠡᠷ ᠢᠶᠠᠨ ᠰᠠᠶᠢᠵᠢᠷᠠᠭᠤᠯᠤᠶ᠎ᠠ ᠭᠡᠵᠦ ᠪᠤᠳᠤᠭᠠᠳ ᠤᠶᠢᠵᠢᠭᠤᠯᠤᠭᠰᠠᠨ ᠶᠤᠮ︾ ᠭᠡᠵᠦ ᠪᠠᠶᠢᠯ᠎ᠠ᠃
     ᠦᠦᠰᠢᠨ ᠨᠤᠲᠤᠭ ᠢᠶᠠᠷ ᠰᠤᠷᠪᠤᠯᠵᠢᠯᠠᠵᠦ ᠶᠠᠪᠤᠬᠤ ᠳᠤ᠂ ᠶᠡᠷᠦᠨᠢ ᠮᠠᠯᠴᠢᠨ ᠬᠦᠮᠦᠨ ᠪᠤᠯᠭᠠᠨ ᠡᠯᠡᠰᠦ ᠮᠠᠩᠬ᠎ᠠ ᠶᠢ ᠵᠠᠰᠠᠬᠤ ᠦᠢᠯᠡᠳᠦᠯᠭᠡ ᠳᠤ ᠤᠷᠤᠯᠴᠠᠭᠰᠠᠨ ᠭᠡᠳᠡᠭ ᠲᠦᠷᠦᠭᠳᠡᠯ ᠤᠷᠤᠯ᠎ᠠ᠃ ᠤᠲᠦ ᠪᠤᠯᠬᠤ ᠳᠤ ᠦᠦᠰᠢᠨ ᠨᠤᠲᠤᠭ ᠤᠨ ᠬᠦᠮᠦᠰ ᠡᠯᠡᠰᠦ ᠮᠠᠩᠬ᠎ᠠ ᠶᠢ ᠤᠶᠢᠵᠢᠭᠤᠯᠤᠨ ᠨᠤᠭᠤᠭᠠᠷᠠᠭᠤᠯᠬᠤ  ᠳᠤ ᠰᠢᠨ᠎ᠡ ᠴᠠᠭ ᠦᠶ᠎ᠡ ᠶᠢᠨ ᠰᠢᠨ᠎ᠡ ᠵᠠᠭᠪᠤᠷ ᠢ ᠠᠰᠢᠭᠯᠠᠨ ᠠᠵᠢᠯᠯᠠᠬᠤ ᠪᠤᠯᠵᠠᠢ᠃ 2018 ᠤᠨ ᠠᠴᠠ ᠡᠬᠢᠯᠡᠨ ᠤᠯᠠᠨ ᠮᠠᠯᠴᠢᠳ ︽ᠰᠢᠷᠭᠤᠯᠵᠢ ᠶᠢᠨ ᠤᠢ  ᠶᠢᠨ ᠰᠠᠭᠤᠷᠢ ᠮᠦᠩᠭᠦᠨ︾ ᠤ ᠲᠦᠰᠦᠯ ᠲᠠᠢ ᠬᠠᠮᠵᠢᠯᠴᠠᠨ ᠤᠶᠢᠵᠢᠭᠤᠯᠤᠯᠲᠠ ᠬᠢᠭᠰᠡᠨ ᠪᠠᠶᠢᠨ᠎ᠠ᠃ ᠲᠦᠰᠦᠯ ᠨᠢ ᠮᠠᠯᠴᠢᠳ ᠤᠨ ᠬᠤᠪᠢᠳᠠᠭᠰᠠᠨ ᠡᠯᠡᠰᠦᠨ ᠪᠡᠯᠴᠢᠭᠡᠷ ᠢ ᠭᠤᠷᠪᠠᠨ ᠵᠢᠯ ᠤᠨ ᠬᠤᠭᠤᠴᠠᠭ᠎ᠠ ᠲᠠᠢ ᠬᠠᠷᠢᠭᠤᠴᠠᠨ ᠤᠶᠢᠵᠢᠭᠤᠯᠵᠦ ᠮᠠᠯᠴᠢᠳ ᠡᠨᠡ ᠬᠤᠭᠤᠴᠠᠭᠠᠨ ᠳᠤ ᠮᠠᠯ  ᠤᠨᠤᠭ᠎ᠠ ᠪᠠᠨ ᠪᠡᠯᠴᠢᠭᠡᠷ ᠲᠤ ᠤᠷᠤᠭᠤᠯᠬᠤ ᠦᠭᠡᠢ ᠠᠴᠠ ᠭᠠᠳᠠᠨ᠎ᠠ ᠪᠤᠰᠤᠳ ᠨᠤᠭᠤᠭᠠᠷᠠᠭᠤᠯᠤᠯᠲᠠ ᠶᠢᠨ ᠪᠡᠯᠡ ᠮᠦᠩᠭᠦ᠂ ᠬᠦᠳᠡᠯᠮᠦᠷᠢ ᠬᠦᠴᠦᠨ ᠤ ᠲᠤᠬᠠᠢ ᠰᠠᠨᠠᠭ᠎ᠠ ᠪᠤᠯᠬᠤ ᠴᠢᠬᠤᠯᠠ ᠦᠭᠡᠢ᠃ ᠦᠦᠰᠢᠨᠵᠤᠤ ᠪᠠᠯᠭᠠᠰᠤᠨ ᠤ ᠴᠠᠭᠠᠡᠰᠥ᠋ᠮ᠎ᠡ ᠭᠠᠴᠠᠭᠠᠨ ᠤ ᠮᠠᠯᠴᠢᠨ ᠵᠤᠷᠢᠭᠲᠤ ᠡᠨᠡ ᠲᠦᠰᠦᠯ ᠳᠤ ᠤᠷᠤᠯᠴᠠᠵᠦ ᠵᠢᠭᠳᠡᠷᠡᠨ ᠠᠮᠢᠯᠠᠭᠰᠠᠨ ᠬᠠᠷᠭᠠᠨ᠎ᠠ ᠪᠤᠷᠭᠠᠰᠤ ᠶᠢ ᠬᠠᠷᠠᠭᠠᠳ ᠢᠳᠡᠭᠡᠯ ᠲᠦᠭᠦᠷᠡᠩ ᠪᠤᠯᠵᠦ ᠲᠠᠬᠢᠨ ᠮᠠᠯᠵᠢᠬᠤ ᠦᠢᠯᠡᠳᠪᠦᠷᠢᠯᠡᠯ ᠢᠶᠠᠨ ᠰᠡᠷᠭᠦᠭᠡᠬᠦ ᠪᠤᠯᠤᠭᠰᠠᠨ ᠳᠠᠭᠠᠨ ᠶᠡᠭᠡ ᠪᠠᠶᠠᠷᠲᠠᠢ ᠪᠠᠶᠢᠯ᠎ᠠ᠃      ᠴᠠᠭᠠᠡᠰᠥ᠋ᠮ᠎ᠡ ᠭᠠᠴᠠᠭᠠᠨ ᠤ ᠮᠠᠯᠴᠢᠨ ᠵᠤᠷᠢᠭᠲᠦ᠄ ︽ᠤᠤᠯ ᠳᠤ ᠪᠠᠨ ᠬᠦᠯᠢᠭᠡᠷ ᠮᠠᠩᠬ᠎ᠠ ᠪᠠᠶᠢᠬᠤ ᠳᠤ ᠮᠠᠯ ᠮᠠᠯᠵᠢᠬᠤ ᠠᠷᠭ᠎ᠠ ᠦᠭᠡᠢ ᠪᠡᠯᠴᠢᠭᠡᠷ ᠬᠡᠳᠦᠢ ᠶᠡᠭᠡ ᠪᠠᠶᠢᠯ᠎ᠠ ᠭᠡᠳ ᠬᠡᠳᠦᠨ ᠮᠠᠯ ᠮᠠᠯᠵᠢᠨ᠎ᠠ᠃ ᠪᠡᠯᠴᠢᠭᠡᠷ ᠢᠶᠠᠨ ᠰᠠᠶᠢᠬᠠᠨ ᠤᠶᠢᠵᠢᠭᠤᠯᠵᠦ ᠪᠤᠷᠭᠠᠰᠤ ᠲᠠᠷᠢᠭᠠᠳ ᠤᠷᠭᠤᠭᠰᠠᠨ ᠤ ᠬᠦᠨᠳᠠᠢ ᠵᠠᠪᠰᠠᠷ ᠲᠤᠨᠢ ᠲᠤᠷᠯᠤᠭ ᠤᠨ ᠰᠤᠶᠤᠭ᠎ᠠ᠂ ᠬᠠᠷᠭᠠᠨ᠎ᠠ ᠶᠢᠨ ᠰᠤᠶᠤᠭ᠎ᠠ ᠵᠡᠷᠭᠡ ᠶᠢ ᠲᠠᠷᠢᠵᠦ ᠤᠷᠭᠤᠭᠤᠯᠪᠠᠯ ᠬᠤᠵᠢᠮ ᠳᠤ ᠪᠠᠨ ᠬᠤᠨᠢ ᠮᠠᠯ ᠢᠶᠠᠨ ᠢᠯᠡᠭᠦᠦ ᠰᠢᠭ ᠮᠠᠯᠵᠢᠵᠦ ᠤᠷᠤᠯᠭ᠎ᠠ ᠪᠠᠰᠠ ᠨᠡᠮᠡᠭᠳᠡᠬᠦ ᠪᠤᠯᠤᠨ᠎ᠠ᠃ ᠲᠡᠭᠡᠭᠡᠳ ᠡᠭᠦᠨ ᠢ ᠲᠦᠢᠯ ᠤᠨ ᠰᠠᠶᠢᠬᠠᠨ ᠠᠵᠢᠯ ᠭᠡᠵᠦ ᠪᠤᠳᠤᠵᠦ ᠪᠠᠶᠢᠨ᠎ᠠ︾ ᠭᠡᠪᠡ᠃      ᠡᠨᠡ ᠵᠢᠯ ᠤᠨ ᠵᠤᠨ ᠭᠠᠩᠳᠠᠭᠤᠨ ᠪᠠᠶᠢᠭᠰᠠᠨ ᠴᠦ ᠦᠦᠰᠢᠨ ᠬᠤᠰᠢᠭᠤᠨ ᠤ ᠮᠠᠩᠬᠠᠨ ᠨᠤᠲᠤᠭ ᠢᠶᠠᠷ ᠠᠶᠠᠯᠠᠬᠤ ᠳᠤ ᠮᠤᠲᠦ ᠪᠤᠷᠭᠠᠰᠤ ᠵᠢᠭᠳᠡᠷᠡᠨ ᠤᠷᠭᠤᠵᠦ ᠨᠢᠴᠦᠭᠦᠨ ᠡᠯᠡᠰᠦ ᠲᠡᠮᠡᠢ ᠯᠠ ᠬᠠᠷᠠᠭᠳᠠᠬᠤ ᠦᠭᠡᠢ ᠨᠤᠭᠤᠭᠠᠨ ᠪᠦᠷᠢᠲᠦ ᠪᠠᠷ ᠠᠶᠠᠯᠠᠵᠦ ᠪᠠᠶᠢᠬᠤ ᠰᠢᠭ᠋ ᠰᠠᠨᠠᠭᠳᠠᠵᠦ ᠪᠠᠶᠢᠯ᠎ᠠ᠃      ᠦᠦᠰᠢᠨ ᠬᠤᠰᠢᠭᠤ ᠶᠡᠷᠦᠩᠬᠡᠢ ᠲᠠᠯᠠᠪᠠᠢ ᠨᠢ 70 ᠮᠤ᠋ ᠶᠢᠨ ᠠᠷᠴᠠᠨ ᠤ ᠬᠠᠮᠠᠭᠠᠯᠠᠯᠳᠠ ᠶᠢᠨ ᠤᠷᠤᠨ ᠭᠤᠷᠪᠠ ᠪᠤᠢ᠃ ᠤᠯᠠᠭᠠᠡᠲᠤᠯᠤᠭᠠᠢ ᠶᠢᠨ ᠡᠯᠡᠰᠦ ᠵᠠᠰᠠᠬᠤ ᠦᠷᠳᠡᠭᠡ ᠨᠢ 8 ᠲᠦᠮᠡ ᠢᠯᠡᠭᠦᠦ ᠡᠯᠡᠰᠦ ᠶᠢ ᠤᠶᠢᠵᠢᠭᠤᠯᠤᠨ ᠪᠤᠲᠠᠲᠠᠢ ᠲᠤᠯᠤᠭᠠᠨ ᠲᠦᠷᠦᠯ ᠤᠨ ᠵᠠᠭᠪᠤᠷ ᠰᠤᠳᠤᠯᠤᠨ ᠭᠠᠷᠭᠠᠵᠦ ᠲᠦᠭᠡᠮᠡᠯᠵᠢᠭᠦᠯᠵᠡᠢ      ᠬᠤᠰᠢᠭᠤ ᠤᠢ ᠰᠢᠭᠤᠢ ᠪᠠ ᠨᠤᠲᠤᠭ ᠪᠡᠯᠴᠢᠭᠡᠷ ᠤᠨ ᠲᠤᠪᠴᠢᠶᠠᠨ ᠤ ᠨᠠᠮ ᠤᠨ ᠬᠤᠷᠢᠶᠠᠨ ᠤ ᠭᠡᠰᠢᠭᠦᠨ ᠬᠠᠰᠮᠥ᠋ᠷᠡᠨ : ︽ᠨᠠᠶᠠᠭᠠᠳ ᠤᠨ ᠤ ᠦᠶᠡᠰ ᠤᠢ ᠰᠢᠭᠤᠢ ᠶᠢᠨ ᠪᠦᠷᠬᠦᠴᠡ 7.2%᠂ ᠤᠷᠭᠤᠮᠠᠯ ᠤᠨ ᠪᠦᠷᠬᠦᠴᠡ 40% ᠪᠠᠶᠢᠭᠰᠠᠨ ᠠᠴᠠ ᠪᠠᠨ ᠤᠳᠤᠬᠠᠨ ᠳᠤ ᠪᠤᠯᠬᠤ ᠳᠤ ᠤᠢ ᠰᠢᠭᠤᠢ ᠶᠢᠨ ᠪᠦᠷᠬᠦᠴᠡ 32.89% ᠳᠤ ᠬᠦᠷᠴᠦ ᠤᠷᠭᠤᠮᠠᠯ ᠤᠨ ᠪᠦᠷᠬᠦᠴᠡ 80% ᠳᠤ ᠬᠦᠷᠴᠤ ᠡᠯᠡᠰᠦᠷᠭᠡᠭ ᠮᠠᠩᠬᠠᠨ ᠭᠠᠵᠠᠷ ᠶᠡᠭᠡ ᠪᠠᠷ ᠬᠤᠷᠤᠭᠳᠠᠭᠰᠠᠨ ᠪᠠᠶᠢᠨ᠎ᠠ︾ ᠬᠡᠵᠦ ᠪᠠᠶᠢᠪᠠ᠃
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ