ᠡᠯᠡᠰᠤᠨ ᠵᠠᠰᠠᠯᠳᠠ ᠠᠴᠠ ᠢᠷᠡᠭᠰᠡᠨ ᠨᠤᠭᠤᠭᠠᠨ ᠦᠷ᠎ᠡ ᠠᠰᠢᠭ
ᠨᠡᠶᠢᠲᠡᠯᠡᠭᠰᠡᠨ ᠴᠠᠭ᠄
2020/7/16
    ᠨᠡᠯᠦᠭᠡᠷ ᠶᠡᠭᠡ ᠡᠯᠡᠰᠦ ᠮᠠᠩᠬ᠎ᠠ ᠶᠢ ᠨᠤᠮᠢᠨ ᠨᠤᠭᠤᠭᠠᠨ ᠪᠦᠷᠢᠲᠦ ᠪᠤᠯᠭᠠᠭᠰᠠᠨ ᠦᠦᠰᠢᠨ ᠨᠤᠲᠤᠭ ᠤᠨ ᠤᠯᠠᠨ ᠲᠦᠮᠡᠨ ᠤᠶᠢᠵᠢᠭᠤᠯᠤᠯᠲᠠ ᠶᠢᠨ ᠠᠵᠢᠯ  ᠳᠤ ᠠᠮᠵᠢᠯᠲᠠ ᠤᠯᠤᠭᠰᠠᠨ ᠢᠶᠠᠷ ᠪᠠᠷᠠᠬᠤ ᠦᠭᠡᠢ᠂ ᠤᠲᠦ ᠲᠠᠬᠢᠨ ᠡᠨᠡᠬᠦ ᠠᠮᠵᠢᠯᠲᠠ ᠪᠠᠨ ᠠᠮᠢᠳᠤᠷᠠᠯ ᠦᠢᠯᠡᠳᠪᠦᠷᠢᠯᠡᠯ ᠳᠤ ᠪᠠᠨ ᠦᠢᠯᠡᠴᠢᠯᠡᠭᠦᠯᠦᠨ ᠠᠮᠢ ᠠᠬᠤᠢ ᠶᠢᠨ ᠤᠶᠢᠵᠢᠭᠤᠯᠤᠯᠲᠠ ᠠᠴᠠ ᠬᠤᠤᠰ ᠠᠰᠢᠭ ᠬᠦᠷᠳᠡᠵᠦ ᠪᠠᠶᠢᠨ᠎ᠠ᠃     ᠮᠠᠨ ᠤ ᠬᠤᠰᠢᠭᠤᠨ ᠤ ᠮᠠᠯᠵᠢᠬᠤ ᠨᠤᠲᠤᠭ ᠢᠶᠠᠷ ᠶᠠᠪᠤᠬᠤ ᠳᠤ ᠵᠠᠮ ᠤᠨ ᠬᠠᠵᠠᠭᠤ ᠳᠤ ᠵᠢᠭᠳᠡᠷᠡᠨ ᠤᠷᠭᠤᠭᠰᠠᠨ ᠪᠤᠷᠭᠠᠰᠤ ᠮᠤᠲᠦ ᠬᠠᠷᠭᠠᠨ᠎ᠠ ᠲᠤᠷᠯᠤᠭ  ᠨᠢ ᠪᠢᠳᠠᠨ ᠤ ᠬᠠᠷᠠᠭ᠎ᠠ ᠶᠢ ᠪᠠᠶᠠᠰᠬᠠᠵᠦ ᠪᠠᠶᠢᠯ᠎ᠠ᠃ ᠤᠯᠠᠭᠠᠡᠳᠤᠯᠤᠭᠠᠢ ᠪᠠᠯᠭᠠᠰᠤᠨ ᠤ ᠪᠠᠶᠠᠡᠰᠢᠯᠢ ᠭᠠᠴᠠᠭᠠᠨ ᠤ ᠮᠠᠯᠴᠢᠨ ᠲᠠᠯᠠᠢ ᠶᠢᠨ ᠳᠤ ᠬᠦᠷᠬᠦ ᠳᠤ ᠲᠡᠳᠡ ᠶᠠᠭ ᠡᠷᠳᠡᠨᠢ ᠰᠢᠰᠢ ᠶᠢᠨ ᠲᠠᠷᠢᠶ᠎ᠠ ᠪᠠᠨ ᠤᠰᠤᠯᠠᠵᠦ ᠪᠠᠶᠢᠯ᠎ᠠ᠃ ᠭᠠᠳᠠᠨ᠎ᠠ ᠨᠢ ᠮᠠᠯ ᠤᠨ ᠪᠠᠷ᠎ᠠ ᠬᠠᠷᠠᠭᠳᠠᠬᠤ ᠦᠭᠡᠢ ᠪᠤᠯᠬᠤᠷ ᠰᠤᠨᠢᠭᠤᠴᠢᠯᠠᠨ ᠠᠰᠠᠭᠤᠬᠤ ᠳᠤ ᠲᠡᠳᠡ ᠮᠠᠯ ᠢᠶᠠᠨ ᠪᠦᠬᠦᠨ ᠢ  ᠪᠡᠯᠴᠢᠭᠡᠷᠯᠡᠭᠦᠯᠦᠭᠰᠡᠨ ᠭᠡᠵᠦ ᠪᠠᠶᠢᠯ᠎ᠠ᠃ ᠡᠳᠡᠨ ᠤ ᠬᠢᠨ ᠤᠲᠦ ᠵᠠᠭᠤ ᠭᠠᠷᠤᠢ ᠪᠤᠭ ᠮᠠᠯ ᠲᠦᠴᠢᠭᠡᠳ ᠪᠤᠳᠠ ᠮᠠᠯ ᠲᠠᠢ ᠶᠤᠮ᠃ ᠭᠡᠬᠦ ᠳᠡᠭᠡᠨ ᠬᠤᠷᠢᠨ ᠵᠢᠯ ᠤᠨ ᠡᠮᠦᠨ᠎ᠡ ᠪᠤᠯ ᠠᠷᠠᠢ ᠯᠠ ᠵᠢᠷᠠ ᠲᠠᠯᠠᠨ ᠪᠤᠭ ᠮᠠᠯ ᠮᠠᠯᠵᠢᠳᠠᠭ ᠪᠠᠶᠢᠭᠰᠠᠨ᠂ ᠲᠡᠭᠡᠭᠡᠳ ᠲᠡᠷᠡ ᠦᠶ᠎ᠡ ᠶᠢᠨ ᠬᠠᠷ᠎ᠠ ᠰᠢᠭᠤᠷᠭᠠᠨ ᠳᠤ ᠡᠯᠵᠢᠭᠡ ᠪᠠᠷ ᠨᠢᠯᠬ᠎ᠠ ᠮᠤᠲᠤᠨ ᠰᠤᠶᠤᠭ᠎ᠠ ᠠᠴᠢᠵᠦ ᠲᠠᠷᠢᠭᠠᠳ ᠤᠲᠦ ᠵᠢᠭᠳᠡᠷᠡᠭᠰᠡᠨ ᠰᠠᠬᠤᠯᠢᠭ ᠮᠤᠲᠦ ᠶᠢ ᠤᠷᠭᠤᠭᠤᠯᠤᠭᠰᠠᠨ ᠭᠡᠵᠦ ᠲᠠᠯᠠᠢ ᠰᠡᠴᠡᠡᠭᠡᠷᠡᠯ ᠬᠤᠶᠠᠭᠤᠯᠠ ᠪᠠᠶᠠᠷᠳᠠᠶᠢᠬᠠᠨ ᠶᠠᠷᠢᠵᠦ ᠪᠠᠶᠢᠯ᠎ᠠ᠃
    ᠤᠯᠠᠭᠠᠡᠲᠤᠯᠤᠭᠠᠢ ᠪᠠᠯᠭᠠᠰᠤᠨ ᠤ ᠪᠠᠶᠠᠡᠰᠢᠯᠢ ᠭᠠᠴᠠᠭᠠᠨ ᠤ ᠮᠠᠯᠴᠢᠨ ᠲᠠᠯᠠᠢ᠄ ︽ᠮᠤᠳᠤ ᠨᠢ ᠮᠠᠯ ᠳᠤ ᠶᠡᠭᠡ ᠠᠰᠢᠭᠲᠠᠢ᠂ ᠮᠠᠩᠬᠠᠨ ᠳᠤ ᠪᠠᠰᠠ ᠶᠡᠭᠡ ᠠᠰᠢᠭᠲᠠᠢ᠂ ᠲᠡᠷᠡ ᠦᠶ᠎ᠡ ᠶᠢᠨ ᠮᠠᠩᠬ᠎ᠠ ᠶᠠᠭ ᠨᠢᠳᠦ ᠨᠢᠭᠤᠷ ᠦᠭᠡᠢ ᠵᠤᠳᠤᠭᠠᠳ ᠴᠠᠶᠢᠳᠠᠮ ᠵᠦᠯᠭᠡ ᠶᠢ ᠪᠤᠯᠠᠭᠠᠳ ᠪᠤᠯᠬᠤ ᠦᠬᠡᠢ ᠪᠤᠯᠬᠤᠷ ᠮᠤᠲᠦ ᠪᠤᠷᠭᠠᠰᠤ ᠲᠠᠷᠢᠭᠰᠠᠨ ᠶᠤᠮ᠂ ᠦᠭᠡᠳᠡ ᠬᠠᠨᠳᠤᠭᠤᠯᠤᠭᠠᠳ ᠲᠤᠷᠯᠤᠭ ᠲᠠᠷᠢᠭᠠᠳ ᠪᠠᠰᠠ ᠶᠡᠭᠡ ᠰᠠᠶᠢᠨ ᠪᠠᠶᠢᠨ᠎ᠠ᠃ ᠤᠲᠦ ᠮᠠᠯ ᠠᠬᠤᠢ ᠪᠠᠨ ᠪᠦᠷ ᠲᠤᠷᠯᠤᠭ ᠲᠤ ᠶᠠᠪᠤᠭᠤᠯᠤᠭᠰᠠᠨ ᠪᠤᠯᠬᠤᠷ ᠠᠭᠤᠵᠢᠮ ᠰᠢᠭ ᠪᠤᠯᠤᠭᠰᠠᠨ ᠶᠤᠮ︾ ᠭᠡᠪᠡ᠃     ᠮᠠᠨ ᠤ ᠬᠢ ᠬᠤᠶᠠᠷ ᠲᠠᠪᠬᠤᠷ ᠪᠡᠯᠴᠢᠭᠡᠷ ᠪᠠᠶᠢᠳᠠᠭ ᠶᠤᠮ ᠭᠡᠵᠦ ᠲᠠᠯᠠᠢ ᠶᠠᠷᠢᠬᠤ ᠳᠤ ᠡᠨᠡ ᠲᠤᠬᠠᠢ ᠰᠤᠨᠢᠭᠤᠴᠢᠯᠠᠵᠦ ᠮᠤᠲᠤᠨ ᠨᠠᠮᠠᠭ᠎ᠠ ᠪᠠᠨ ᠠᠪᠤᠭᠠᠳ ᠮᠠᠯ ᠲᠡᠵᠢᠭᠡᠳᠡᠭ ᠢ ᠨᠢ ᠮᠡᠳᠡᠭᠰᠡᠨ ᠪᠢᠯᠡ᠃
    ᠤᠯᠠᠭᠠᠡᠳᠤᠯᠤᠭᠠᠢ ᠪᠠᠯᠭᠠᠰᠤᠨ ᠤ ᠪᠠᠶᠠᠡᠰᠢᠯᠢ ᠭᠠᠴᠠᠭᠠᠨ ᠤ ᠮᠠᠯᠴᠢᠨ ᠲᠠᠯᠠᠢ᠄ ︽ᠮᠢᠩᠭᠠᠨ ᠪᠤᠭᠤᠳᠠᠯ ᠮᠤᠳᠤᠨ ᠨᠠᠮᠠᠭ᠎ᠠ᠂ ᠴᠢᠨᠠᠭᠰᠢᠯᠠᠪᠠᠯ ᠮᠢᠩᠭ᠎ᠠ ᠢᠯᠡᠬᠦᠦ ᠪᠤᠭᠤᠳᠠᠯ ᠮᠤᠳᠤᠨ ᠨᠠᠮᠠᠭ᠎ᠠ ᠪᠠᠰᠠ ᠬᠤᠷᠢᠶᠠᠵᠦ ᠪᠠᠶᠢᠭᠰᠠᠨ᠂ ᠤᠲᠦ ᠮᠤᠲᠦ ᠨᠢ ᠠᠷᠪᠢᠳᠤᠭᠠᠳ ᠪᠢ ᠦᠪᠡᠷ ᠢᠶᠠᠨ ᠬᠤᠷᠢᠶᠠᠵᠦ ᠳᠡᠶᠢᠯᠬᠦ ᠦᠭᠡᠢ ᠪᠤᠯᠵᠠᠢ︾ ᠭᠡᠵᠦ ᠪᠠᠶᠢᠯ᠎ᠠ᠃     ᠮᠠᠯᠴᠢᠨ ᠲᠠᠯᠠᠢ ᠶᠢᠨ ᠬᠢ ᠰᠢᠭ᠋ ᠪᠤᠷᠭᠠᠰᠤ ᠮᠤᠲᠤᠨ ᠠᠴᠠ ᠠᠰᠢᠭ ᠬᠦᠷᠳᠡᠭᠰᠡᠨ ᠠᠶᠢᠯ ᠤᠯᠠᠨ ᠪᠠᠶᠢᠭ᠎ᠠ ᠶᠤᠮ᠃ ᠴᠠᠭᠠᠡᠰᠥ᠋ᠮ᠎ᠡ ᠭᠠᠴᠠᠭᠠᠨ ᠤ ᠮᠠᠯᠴᠢᠨ ᠤᠯᠠᠭᠠᠡᠳᠠᠯᠠᠢ ᠵᠢᠷᠭᠤᠭ᠎ᠠ ᠲᠤᠯᠤᠭᠠᠨ ᠮᠢᠩᠭᠠᠨ ᠮᠤ᠋ ᠪᠡᠯᠴᠢᠭᠡᠷ ᠲᠠᠢ᠂ ᠡᠭᠦᠨ ᠤ ᠲᠤᠲᠤᠷᠠᠬᠢ 3000 ᠮᠤ᠋ ᠪᠡᠯᠴᠢᠭᠡᠷ ᠢ ᠦᠪᠦᠷ ᠮᠤᠩᠭᠤᠯ ᠤᠨ ᠡᠰᠢ ᠰᠦᠷᠡᠯ  ᠢᠶᠠᠷ ᠴᠠᠬᠢᠯᠭᠠᠨ ᠭᠠᠷᠭᠠᠬᠤ ᠺᠤᠮᠫᠠᠨᠢ ᠲᠠᠢ ᠬᠠᠮᠵᠢᠯᠴᠠᠨ ᠪᠤᠷᠭᠠᠰᠣ ᠲᠠᠷᠢᠵᠦ ᠤᠶᠢᠵᠢᠭᠤᠯᠤᠭᠰᠠᠨ ᠪᠠᠶᠢᠨ᠎ᠠ᠃ ᠡᠨᠡ ᠺᠤᠮᠫᠠᠨᠢ ᠲᠠᠢ ᠬᠠᠮᠵᠢᠯᠴᠠᠨ ᠠᠵᠢᠯᠯᠠᠬᠤ ᠶᠢᠨ ᠨᠢᠭᠡ ᠰᠠᠶᠢᠨ ᠲᠠᠯ᠎ᠠ ᠭᠡᠪᠡᠯ ᠺᠤᠮᠫᠠᠨᠢ ᠠᠴᠠ ᠪᠤᠷᠭᠠᠰᠤ ᠶᠢ ᠨᠢ ᠲᠦᠯᠦᠪᠦᠷᠢ ᠲᠠᠢ ᠪᠠᠷ ᠬᠤᠷᠢᠶᠠᠨ ᠠᠪᠳᠠᠭ᠃ ᠤᠢ ᠰᠢᠭᠤᠢ ᠶᠢᠨ ᠡᠷᠬᠡ ᠶᠢ ᠴᠦ ᠮᠠᠯᠴᠢᠳ ᠲᠤ ᠤᠯᠭᠤᠭᠰᠠᠨ ᠪᠤᠯᠬᠤᠷ ᠤᠢ ᠰᠢᠭᠤᠢ ᠶᠢᠨ ᠨᠦᠬᠦᠪᠦᠷᠢ ᠶᠢ ᠴᠤ ᠬᠦᠷᠳᠡᠵᠦ ᠪᠠᠶᠢᠨ᠎ᠠ᠃     ᠡᠨᠡ ᠨᠤᠲᠤᠭ ᠤᠨ ᠮᠠᠯᠴᠢᠳ ᠲᠠᠢ ᠶᠠᠷᠢᠯᠴᠠᠨ ᠰᠠᠭᠤᠬᠤ ᠳᠠᠭᠠᠨ ᠡᠳᠡᠨ ᠨᠤᠲᠤᠭ ᠢᠶᠠᠨ ᠭᠡᠬᠦ ᠰᠡᠳᠬᠢᠯ ᠢᠶᠠᠷ ᠮᠠᠩᠬᠠᠨ ᠨᠤᠲᠤᠭ ᠢᠶᠠᠨ ᠤᠶᠢᠵᠢᠭᠤᠯᠤᠭᠠᠳ ᠡᠭᠦᠨ ᠠᠴᠠ ᠪᠠᠨ ᠠᠰᠢᠭ ᠬᠦᠷᠳᠡᠨ ᠦᠶ᠎ᠡ ᠶᠢᠨ ᠦᠶ᠎ᠡ ᠳᠤ ᠬᠠᠮᠠᠭᠠᠯᠠᠯᠳᠠ ᠰᠠᠶᠢᠵᠢᠷᠠᠭᠤᠯᠤᠯᠳᠠ ᠪᠠᠨ ᠪᠠᠷᠢᠮᠳᠠᠯᠠᠨ᠎ᠠ ᠭᠡᠰᠡᠨ ᠤᠭ ᠵᠤᠷᠢᠯᠳᠠ ᠠᠯᠤᠰ ᠤᠨ ᠬᠠᠷᠠᠯᠳᠠ ᠨᠢ ᠤᠷᠤᠭᠰᠢᠯᠠᠨ ᠲᠠᠪᠰᠢᠬᠤ ᠴᠢᠭᠯᠡᠯ ᠪᠤᠯᠤᠭᠰᠠᠭᠠᠷ ᠪᠠᠶᠢᠭ᠎ᠠ ᠶᠢ ᠤᠯᠵᠦ ᠮᠡᠳᠡᠯ᠎ᠡ᠃
    ᠴᠠᠭᠠᠡᠰᠥ᠋ᠮ᠎ᠡ ᠭᠠᠴᠠᠭᠠᠨ ᠤ ᠮᠠᠯᠴᠢᠨ ᠤᠯᠠᠭᠠᠡᠳᠠᠯᠠᠢ᠄ ︽ᠮᠢᠨᠤ ᠡᠨᠡ ᠨᠠᠰᠤᠨ ᠳᠤ ᠡᠯᠡᠰᠦ ᠮᠠᠩᠬ᠎ᠠ ᠪᠠᠨ ᠤᠶᠢᠵᠢᠭᠤᠯᠤᠭᠠᠳ ᠪᠤᠷᠭᠠᠰᠤ ᠮᠤᠲᠦ ᠪᠠᠨ ᠲᠠᠷᠢᠭᠠᠳ ᠬᠠᠶᠠᠴᠢᠬᠠᠬᠤ ᠶᠤᠮ ᠪᠢᠰᠢ᠂ ᠡᠭᠦᠨ ᠢ ᠬᠠᠮᠠᠭᠠᠯᠠᠵᠦ ᠪᠠᠶᠢᠮᠠᠨᠵᠢᠨ ᠴᠠᠭᠠᠰᠢ ᠪᠠᠨ ᠰᠠᠶ᠋ᠢ ᠨᠡᠩ ᠪᠤᠵᠠᠭᠠᠶᠢᠷᠠᠭᠰᠠᠨ ᠤᠢ ᠪᠤᠯᠤᠨ᠎ᠠ︾ ᠬᠡᠵᠦ ᠪᠠᠶᠢᠪᠠ᠃     ᠮᠠᠨ ᠤ ᠬᠤᠰᠢᠭᠤᠨ ᠤ ᠨᠤᠲᠤᠭ ᠲᠡᠪᠢᠰᠬᠡᠷ ᠤᠨ ᠶᠡᠷᠦᠩᠬᠡᠢ ᠲᠠᠯᠠᠪᠠᠢ ᠨᠢᠭᠡ ᠲᠦᠮᠡ ᠨᠢᠭᠡ ᠮᠢᠩᠭ᠎ᠠ ᠵᠢᠷᠭᠤᠭᠠᠨ ᠵᠠᠭᠤ ᠲᠦᠴᠢᠨ ᠲᠠᠪᠤᠨ ᠬᠠᠪᠳᠠᠭᠠᠢ ᠲᠦᠷᠪᠡᠯᠵᠢᠨ ᠺᠢᠯᠤᠮᠧᠲᠷ ᠪᠠᠶᠢᠵᠦ ᠮᠤᠤᠡᠤᠰᠤ ᠶᠢᠨ ᠡᠯᠡᠰᠦᠨ ᠴᠦᠯ ᠤᠨ ᠭᠤᠤᠯ ᠭᠡᠰᠡᠭ ᠲᠤ ᠪᠠᠶᠢᠷᠢᠯᠠᠨ ᠮᠤᠤᠡᠤᠰᠤ ᠶᠢᠨ ᠭᠤᠷᠪᠠᠨ ᠤ ᠨᠢᠭᠡ ᠨᠢ ᠦᠦᠰᠢᠨ ᠬᠤᠰᠢᠭᠤᠨ ᠳᠤ ᠪᠤᠢ᠃ ᠡᠯᠡᠰᠦ ᠲᠤᠭᠲᠠᠪᠤᠷᠢᠵᠢᠨ ᠤᠷᠭᠤᠮᠠᠯ ᠤᠨ ᠪᠦᠷᠬᠦᠴᠡ ᠰᠠᠶᠢᠵᠢᠷᠠᠵᠦ ᠡᠭᠦᠨ ᠤ ᠤᠯᠠᠮ ᠠᠴᠠ ᠨᠤᠭᠤᠭᠠᠷᠠᠭᠤᠯᠤᠯᠲᠠ ᠠᠴᠠ ᠠᠰᠢᠭ ᠬᠦᠷᠳᠡᠭᠰᠡᠨ ᠨᠢ ᠡᠨᠡ ᠨᠤᠲᠤᠭ ᠤᠨ ᠦᠶ᠎ᠡ ᠦᠶ᠎ᠡ ᠶᠢᠨ ᠬᠦᠮᠦᠰ ᠤᠨ ᠬᠦᠳᠡᠯᠮᠦᠷᠢ ᠴᠢᠷᠮᠠᠶᠢᠯᠭ᠎ᠠ ᠠᠴᠠ ᠰᠠᠯᠵᠦ ᠴᠢᠳᠠᠰᠢ ᠦᠭᠡᠢ ᠶᠤᠮ᠃
    ᠦᠦᠰᠢᠨᠵᠤᠤ ᠪᠠᠯᠭᠠᠰᠤᠨ ᠤ ᠨᠠᠮ ᠤᠨ ᠬᠤᠷᠢᠶᠠᠨ ᠤ ᠱᠦᠵᠢ ᠵᠢᠷᠠᠨᠪᠠᠶᠠᠷ᠄ ︽ᠡᠳᠦᠢ ᠵᠢᠯ ᠤᠨ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠪᠠᠷ ᠲᠠᠮᠵᠢᠭᠠᠳ ᠮᠠᠨ ᠤ ᠪᠠᠶᠢᠭᠠᠯᠢ ᠤᠷᠴᠢᠨ᠂ ᠪᠡᠯᠴᠢᠭᠡᠷ ᠡᠪᠡᠰᠦ ᠪᠦᠷ ᠰᠠᠶᠢᠵᠢᠷᠠᠭᠰᠠᠨ ᠪᠠᠶᠢᠨ᠎ᠠ᠃ ᠪᠡᠯᠴᠢᠭᠡᠷ ᠤᠨ ᠲᠠᠭᠠᠭᠠᠴᠠ ᠨᠡᠮᠡᠭᠳᠡᠵᠦ ᠮᠠᠯᠴᠢᠳ ᠤᠨ ᠮᠠᠯ ᠮᠠᠯᠯᠠᠬᠤ ᠲᠤᠭ᠎ᠠ ᠲᠤᠯᠤᠭᠠᠢ ᠨᠢ ᠨᠡᠮᠡᠭᠳᠡᠵᠦ ᠢᠷᠡᠭᠰᠡᠨ ᠪᠠᠶᠢᠨ᠎ᠠ᠃ ᠲᠤᠮᠳᠠᠴᠢᠯᠠᠭᠠᠳ ᠠᠶᠢᠯ ᠪᠤᠯᠭᠠᠨ ᠪᠠᠷᠤᠭ ᠭᠤᠴᠢ ᠲᠦᠴᠢᠨ ᠦᠭᠡᠷ᠂ ᠰᠠᠶᠢᠨ ᠰᠢᠭ ᠠᠮᠢᠳᠤᠷᠠᠯ ᠲᠠᠢ ᠨᠢ ᠵᠠᠭᠤ ᠭᠠᠷᠤᠢ ᠦᠭᠡᠷ ᠲᠠᠢ᠂ ᠪᠤᠭ ᠮᠠᠯ ᠪᠠᠰᠠ ᠨᠡᠮᠡᠭᠳᠡᠵᠦ ᠪᠠᠶᠢᠨ᠎ᠠ᠃ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠪᠠᠷ ᠲᠠᠮᠵᠢᠭᠠᠳ ᠪᠠᠶᠢᠭᠠᠯᠢ ᠨᠢ ᠰᠠᠶᠢᠬᠠᠨ ᠰᠡᠷᠭᠦᠴᠢᠬᠡᠨ᠎ᠡ︾ ᠬᠡᠪᠡ᠃
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ