ᠥᠥᠰᠢᠨ ᠬᠤᠰᠢᠭᠤᠨ ᠤ ᠮᠠᠯᠴᠢᠳ ᠡᠯᠡᠰᠦ ᠮᠠᠩᠬ᠎ᠠ ᠶᠢ ᠲᠤᠭᠲᠠᠪᠤᠷᠢᠵᠢᠭᠤᠯᠤᠨ ᠠᠮᠢ ᠠᠬᠤᠢ ᠶᠢᠨ | ᠪᠠᠶᠢᠭᠤᠯᠤᠯᠳᠠ ᠶᠢ ᠦᠢᠯᠡᠳᠪᠦᠷᠢᠯᠡᠯ ᠠᠮᠢᠳᠤᠷᠠᠯ ᠳᠠᠭᠠᠨ ᠦᠢᠯᠡᠴᠢᠯᠡᠭᠦᠯᠣᠨ ᠨᠣᠮᠢᠨ ᠲᠠᠩᠰᠤᠭ ᠨᠤᠲᠤᠭ ᠤᠰᠤ ᠪᠠᠨ | ᠴᠤᠭᠴᠠᠯᠠᠵᠦ ᠪᠠᠶᠢᠭ᠎ᠠ ᠶᠤᠮ᠃ | | | | | | | ᠦᠪᠦᠷ ᠮᠤᠩᠭᠤᠯ ᠤᠨ ᠤᠲᠤᠨ ᠮᠡᠳᠡᠭᠡᠨ ᠤ ᠰᠤᠷᠪᠤᠯᠵᠢᠯᠠᠭᠴᠢ ᠨᠠᠬᠢᠶ᠎ᠠ᠄ ︽ᠪᠢᠳᠠ ᠦᠦᠰᠢᠨᠵᠤᠤ ᠭᠠᠴᠠᠭᠠᠨ | ᠤ ᠮᠠᠯᠴᠢᠳ ᠤᠨ ᠪᠡᠯᠴᠢᠭᠡᠷ ᠲᠤ ᠬᠦᠷᠴᠦ ᠢᠷᠡᠬᠦ ᠳᠤ ᠠᠳᠡ ᠶᠡᠭᠡ ᠤᠯᠠᠨ ᠬᠠᠳᠤᠭᠰᠠᠨ ᠪᠤᠷᠭᠠᠰᠤ ᠬᠠᠷᠠᠭᠳᠠᠵᠦ | ᠤᠯᠠᠨ ᠮᠠᠯᠴᠢᠳ ᠬᠠᠳᠤᠭᠰᠠᠨ ᠪᠤᠷᠭᠠᠰᠤ ᠪᠠᠨ ᠬᠡᠷᠴᠢᠭᠡᠳ ᠠᠴᠢᠶᠠᠨ ᠤ ᠮᠠᠰᠢᠨ ᠳᠤ ᠲᠡᠭᠡᠭᠡᠵᠦ ᠪᠠᠶᠢᠯ᠎ᠠ᠃ ᠡᠨᠡ | ᠬᠡᠷᠴᠢᠭᠰᠡᠨ ᠪᠤᠷᠭᠠᠰᠤ ᠪᠠᠨ ᠬᠦᠷᠭᠡᠵᠦ ᠶᠠᠭᠤ ᠬᠢᠳᠡᠭ ᠪᠤᠯ ᠬᠡᠰᠡᠨ ᠨᠢ ᠮᠠᠨ ᠤ ᠠᠩᠬᠠᠷᠤᠯ ᠢ ᠶᠡᠭᠡ ᠲᠠᠳᠠᠯ᠎ᠠ︾᠃ | | | | | | | ᠬᠠᠳᠤᠭᠰᠠᠨ ᠪᠤᠷᠭᠠᠰᠤ ᠪᠠᠨ ᠭᠡᠷᠴᠢᠨ ᠠᠴᠢᠶᠠᠨ ᠤ ᠮᠠᠰᠢᠨ ᠳᠤ ᠪᠠᠨ ᠲᠡᠭᠡᠭᠡᠬᠦ ᠠᠵᠢᠯ ᠢ ᠬᠠᠷᠢᠭᠤᠴᠠᠨ ᠬᠢᠵᠦ | ᠪᠠᠶᠢᠭ᠎ᠠ ᠬᠦᠮᠦᠨ ᠪᠤᠯ ᠲᠠᠷᠤᠢ ᠦᠦᠰᠢᠨᠵᠤᠤ ᠭᠠᠴᠠᠭᠠᠨ ᠤ ᠮᠠᠯᠴᠢᠨ ᠤᠳᠬᠠᠡᠵᠢᠷᠭᠠᠯ ᠶᠤᠮ᠃ ᠤᠶᠢᠯᠭᠠᠭᠰᠠᠨ ᠢᠶᠠᠷ | ᠤᠳᠬᠠᠡᠵᠢᠷᠭᠠᠯ ᠤᠨ ᠬᠢ ᠠᠷᠪᠠᠭᠠᠳ ᠦᠭᠡᠷ᠂ ᠵᠢᠷᠠ ᠲᠠᠯᠠᠭᠠᠳ ᠬᠤᠨᠢ ᠲᠠᠢ ᠵᠢᠷ ᠤᠨ ᠮᠠᠯᠴᠢᠨ ᠠᠶᠢᠯ ᠪᠤᠯᠤᠨ᠎ᠠ᠃ | ᠭᠡᠬᠦ ᠳᠡᠭᠡᠨ ᠪᠤᠷᠭᠠᠰᠤ ᠭᠡᠷᠴᠢᠵᠦ ᠦᠢᠯᠡᠳᠪᠦᠷᠢ ᠳᠤ ᠬᠦᠷᠭᠡᠳᠡᠭ ᠠᠵᠢᠯ ᠨᠢ ᠲᠡᠭᠦᠨ ᠤ ᠲᠤᠰᠬᠠᠢ ᠠᠵᠢᠯ ᠪᠤᠯᠵᠦ | ᠠᠮᠢᠳᠤᠷᠠᠯ ᠳᠤᠨᠢ ᠶᠡᠬᠡᠭᠡᠨ ᠲᠤᠰᠠ ᠪᠤᠯᠵᠠᠢ᠃ | | | | | | | ᠦᠦᠰᠢᠨᠵᠤᠤ ᠪᠠᠯᠭᠠᠰᠤᠨ ᠤ ᠦᠦᠰᠢᠨᠵᠤᠤ ᠭᠠᠴᠠᠭᠠᠨ ᠤ ᠮᠠᠯᠴᠢᠨ ᠤᠳᠬᠠᠡᠵᠢᠷᠭᠠᠯ᠄ ︽ᠡᠬᠢᠯᠡᠭᠰᠡᠭᠡᠷ ᠪᠤᠰᠤᠳ | ᠲᠤ ᠪᠤᠷᠭᠠᠰᠤ ᠬᠠᠳᠤᠭᠠᠳ ᠬᠦᠴᠦᠨ ᠤ ᠠᠵᠢᠯ ᠬᠢᠭᠡᠳ ᠶᠠᠪᠤᠵᠦ ᠪᠠᠶᠢᠭᠰᠠᠨ᠃ ᠲᠡᠭᠡᠭᠡᠳ ᠰᠡᠭᠦᠯᠡᠷ ᠨᠢ ᠥᠪᠡᠷ ᠢᠶᠠᠨ | ᠮᠠᠰᠢᠨ ᠠᠪᠴᠤ ᠦᠪᠡᠷ ᠢᠶᠠᠨ ᠭᠡᠷᠴᠢᠪᠡᠯ ᠪᠤᠯᠬᠤ ᠶᠤᠮ ᠪᠠᠶᠢᠨ᠎ᠠ ᠭᠡᠵᠦ ᠪᠤᠳᠤᠭᠠᠳ ᠮᠠᠰᠢᠨ ᠠᠪᠤᠭᠠᠳ ᠤᠲᠦ | ᠠᠷᠪᠠᠭᠠᠳ ᠵᠢᠯ ᠪᠤᠯᠵᠦ ᠪᠠᠶᠢᠨ᠎ᠠ᠃ ᠠᠮᠢᠳᠤᠷᠠᠯ ᠤᠨ ᠬᠤᠪᠢ ᠳᠤ ᠨᠠᠳᠠᠲᠦ ᠠᠪᠴᠦ ᠬᠡᠯᠡᠪᠡᠯ ᠲᠦᠢᠯ ᠤᠨ ᠶᠡᠭᠡ | ᠬᠤᠪᠢ ᠨᠡᠮᠡᠷᠢ ᠦᠵᠡᠭᠦᠯᠦᠯ᠎ᠡ︾ ᠭᠡᠪᠡ᠃ | | | | | | | ᠤᠳᠬᠠᠡᠵᠢᠷᠭᠠᠯ ᠤᠨ ᠬᠡᠯᠡᠵᠦ ᠪᠠᠶᠢᠭ᠎ᠠ ᠴᠠᠬᠢᠯᠭᠠᠨ ᠦᠢᠯᠡᠳᠪᠦᠷᠢ ᠨᠢ ᠲᠠᠷᠤᠢ ᠦᠪᠦᠷ ᠮᠤᠩᠭᠤᠯ ᠤᠨ ᠠᠮᠢᠳᠤ | ᠪᠤᠳᠠᠰ ᠤᠨ ᠮᠡᠰ ᠢᠶᠠᠷ ᠴᠠᠬᠢᠯᠭᠠᠨ ᠭᠠᠷᠭᠠᠬᠤ ᠺᠤᠮᠫᠠᠨᠢ ᠪᠠᠶᠢᠵᠦ ᠡᠨᠡ ᠺᠤᠮᠫᠠᠨᠢ ᠨᠢ ᠮᠠᠯᠴᠢᠳ ᠤᠨ ᠪᠤᠷᠭᠠᠰᠤ ᠶᠢ ᠨᠢᠭᠡ | ᠲᠤᠨ ᠳᠤ ᠭᠤᠷᠪᠠᠨ ᠵᠠᠭᠤᠨ ᠲᠦᠭᠦᠷᠢᠭ ᠤᠷᠴᠢᠮ ᠢᠶᠠᠷ ᠬᠤᠳᠠᠯᠳᠤᠨ ᠠᠪᠳᠠᠭ ᠪᠠᠶᠢᠨ᠎ᠠ᠃ ᠤᠳᠬᠠᠨᠵᠢᠷᠭᠠᠯ ᠦᠪᠡᠷ | ᠤᠨ ᠪᠡᠯᠴᠢᠭᠡᠷ ᠲᠠᠬᠢ ᠪᠤᠷᠭᠠᠰᠤ ᠪᠠᠨ ᠭᠡᠷᠴᠢᠨ ᠬᠤᠳᠠᠯᠳᠤᠬᠤ ᠠᠴᠠ ᠭᠠᠳᠠᠨ᠎ᠠ ᠪᠠᠰᠠ ᠪᠤᠰᠤᠳ ᠠᠶᠢᠯ ᠤᠨ ᠪᠤᠷᠭᠠᠰᠤ | ᠶᠢ ᠲᠠᠭᠠᠭᠠᠴᠢᠯᠠᠨ ᠬᠠᠳᠤᠨ ᠬᠤᠷᠢᠶᠠᠵᠦ ᠵᠢᠯ ᠤᠨ ᠤᠷᠤᠯᠭ᠎ᠠ ᠠᠷᠪᠠᠨ ᠲᠦᠮᠡᠨ ᠲᠦᠭᠦᠷᠢᠭ ᠨᠡᠮᠡᠭᠳᠡᠭᠰᠡᠨ ᠪᠠᠶᠢᠨ᠎ᠠ᠃ | ᠤᠲᠦ ᠦᠦᠰᠢᠨ ᠨᠤᠲᠤᠭ ᠲᠤ ᠡᠶᠢᠮᠦᠷᠬᠦ ᠪᠤᠷᠭᠠᠰᠤ ᠭᠡᠷᠴᠢᠬᠦ ᠠᠵᠢᠯ ᠬᠢᠳᠡᠭ ᠬᠦᠮᠦᠰ ᠣᠯᠠᠰᠢᠷᠠᠵᠦ ᠦᠨᠳᠦᠰᠦᠨ | ᠳᠡᠭᠡᠨ ᠨᠢᠭᠡ ᠲᠤᠰᠬᠠᠢ ᠠᠵᠢᠯ ᠲᠦᠷᠦᠯ ᠪᠤᠯᠤᠭᠠᠳ ᠨᠤᠲᠤᠭ ᠤᠨ ᠮᠠᠯᠴᠢᠳ ᠴᠢᠨᠠᠭᠰᠢᠯᠠᠨ ᠦᠷᠦᠭᠡᠯ ᠨᠤᠲᠤᠭ ᠤᠨ | ᠮᠠᠯᠴᠢᠳ ᠢ ᠲᠠᠭᠠᠭᠤᠯᠤᠨ ᠠᠰᠢᠭ ᠤᠷᠤᠯᠭ᠎ᠠ ᠪᠠᠨ ᠨᠡᠮᠡᠭᠳᠡᠬᠦᠯᠵᠦ ᠪᠠᠶᠢᠨ᠎ᠠ᠃ | ᠤᠯᠠᠭᠠᠡᠬᠠᠳᠠ ᠬᠤᠲᠠ ᠶᠢᠨ ᠠᠷᠤ ᠬᠤᠷᠴᠢᠨ ᠬᠤᠰᠢᠭᠤᠨ ᠳᠤ ᠨᠤᠲᠤᠭᠲᠠᠢ ᠮᠠᠯᠴᠢᠨ ᠬᠠᠶᠢᠷᠬᠠᠨ᠄ ︽ᠪᠢ | ᠠᠳᠡ ᠢᠷᠡᠭᠡᠳ ᠪᠠᠰᠠ ᠭᠤᠷᠪᠠᠨ ᠵᠢᠯ ᠢᠯᠡᠭᠦᠦ ᠪᠤᠯᠵᠠᠢ᠂ ᠵᠢᠯ ᠳᠤ ᠪᠠᠨ ᠰᠠᠶᠢᠨ ᠬᠢᠪᠡᠯ ᠲᠠᠪᠤ ᠵᠢᠷᠭᠤᠭᠠᠨ ᠲᠦᠮᠡᠨ | ᠲᠦᠭᠦᠷᠢᠭ ᠤᠨ ᠣᠷᠣᠯᠭ᠎ᠠ ᠤᠯᠴᠢᠬᠠᠨ᠎ᠠ︾᠃ | | | | | | | ᠮᠠᠯᠴᠢᠳ ᠤᠨ ᠪᠤᠷᠭᠠᠰᠤ᠂ ᠡᠰᠢ ᠰᠦᠷᠡᠯ ᠢ ᠬᠤᠷᠢᠶᠠᠨ ᠠᠪᠴᠦ ᠴᠠᠬᠢᠯᠭᠠᠨ ᠭᠠᠷᠭᠠᠵᠦ ᠪᠠᠶᠢᠭ᠎ᠠ ᠲᠤᠰ ᠺᠤᠮᠫᠠᠨᠢ | ᠨᠢ ᠦᠦᠰᠢᠨᠵᠤᠤ ᠪᠠᠯᠭᠠᠰᠤᠨ ᠳᠤ ᠪᠠᠶᠢᠷᠢᠯᠠᠵᠦ 2008 ᠤᠨ ᠳᠤ ᠠᠰᠢᠭᠯᠠᠯᠳᠠ ᠳᠤ ᠤᠷᠤᠭᠰᠠᠨ ᠠᠴᠠ ᠠᠪᠤᠭᠠᠳ | ᠬᠠᠵᠠᠭᠤ ᠬᠠᠪᠢ ᠶᠢᠨ ᠮᠠᠯᠴᠢᠨ ᠲᠦᠮᠡᠨ ᠲᠠᠢ ᠬᠤᠷᠰᠢᠨ ᠠᠵᠢᠯᠯᠠᠵᠦ ᠲᠤᠰ ᠵᠢᠯ ᠪᠤᠯᠭᠠᠨ 20 ᠲᠦᠮᠡᠨ ᠲᠤᠨ | ᠲᠦᠬᠦᠬᠡᠢ ᠮᠠᠲ᠋ᠧᠷᠢᠶᠠᠯ ᠬᠡᠷᠡᠭᠰᠡᠬᠦ ᠪᠤᠯᠬᠤᠷ ᠮᠠᠯᠴᠢᠳ ᠤᠨ ᠪᠤᠷᠭᠠᠰᠤ ᠶᠢ ᠶᠡᠭᠡ ᠬᠡᠮᠵᠢᠶ᠎ᠡ ᠪᠠᠷ ᠬᠤᠷᠢᠶᠠᠨ ᠠᠪᠳᠠᠭ᠃ | ᠡᠨᠡ ᠨᠢ ᠵᠢᠯ ᠳᠤ ᠲᠠᠪᠤ ᠠᠴᠠ ᠲᠤᠯᠤᠭᠠᠨ ᠮᠢᠩᠭᠠᠨ ᠮᠠᠯᠴᠢᠨ ᠲᠠᠷᠢᠶᠠᠴᠢᠨ ᠢ ᠲᠠᠶᠢᠴᠢᠯᠠᠨ ᠤᠷᠤᠯᠭ᠎ᠠ ᠶᠢ ᠨᠢ | ᠨᠡᠮᠡᠭᠳᠡᠭᠦᠯᠳᠡᠭ ᠪᠠᠶᠢᠨ᠎ᠠ᠃ ᠴᠠᠭᠢᠯᠭᠠᠨ ᠦᠢᠯᠡᠳᠪᠦᠷᠢ ᠨᠢ ᠪᠤᠷᠭᠠᠰᠤ᠂ ᠡᠰᠢ ᠰᠦᠷᠡᠯ ᠢᠶᠠᠷ ᠴᠠᠬᠢᠯᠭᠠᠨ ᠭᠠᠷᠭᠠᠨ | ᠲᠠᠬᠢᠨ ᠢᠯᠭᠠᠷᠠᠭᠤᠯᠤᠨ ᠭᠠᠷᠭᠠᠭᠰᠠᠨ ᠭᠡᠢ ᠪᠠᠷ ᠢᠶᠠᠨ ᠱᠤᠷᠠᠭᠯᠢᠭ ᠵᠠᠮᠠᠭ ᠲᠤ ᠰᠢᠮ᠎ᠡ ᠪᠤᠯᠭᠠᠨ ᠬᠦᠮᠦᠨ ᠤ ᠪᠡᠶ᠎ᠡ ᠳᠤ | ᠲᠡᠵᠢᠭᠡᠯ ᠶᠡᠬᠡᠳᠡᠢ ᠢᠳᠡᠭᠡᠨ ᠦᠢᠯᠡᠳᠪᠦᠷᠢᠯᠡᠳᠡᠭ ᠶᠤᠮ᠃ ᠠᠵᠢᠯᠯᠠᠬᠤ ᠪᠦᠬᠦᠶᠢᠯᠡ ᠶᠠᠪᠤᠴᠠ ᠨᠢ ᠦᠦᠰᠢᠨ | ᠬᠤᠰᠢᠭᠤᠨ ᠤ ᠨᠤᠮᠢᠨ ᠲᠠᠩᠰᠤᠭ ᠬᠦᠭᠵᠢᠨ ᠮᠠᠨᠳᠤᠯᠳᠠ ᠶᠢᠨ ᠰᠡᠳᠬᠢᠴᠡ ᠲᠠᠢ ᠨᠡᠶᠢᠴᠡᠵᠦ ᠬᠠᠶᠠᠭᠳᠠᠮᠠᠯ ᠭᠡᠢ ᠶᠢᠨ | ᠢᠯᠭᠠᠷᠠᠭᠤᠯᠤᠯᠳᠠ ᠲᠦᠢᠯ ᠤᠨ ᠪᠠᠭ᠎ᠠ ᠪᠠᠶᠢᠳᠠᠭ᠃ | | | | | | | ᠦᠪᠦᠷ ᠮᠤᠩᠭᠤᠯ ᠤᠨ ᠮᠤᠤᠡᠤᠰᠤ ᠠᠮᠢᠳᠤ ᠪᠤᠳᠠᠰ ᠤᠨ ᠮᠠᠰ ᠢᠶᠠᠷ ᠴᠠᠬᠢᠯᠭᠠᠨ ᠭᠠᠷᠭᠠᠬᠤ ᠺᠤᠮᠫᠠᠨᠢ ᠶᠢᠨ ᠲᠡᠳ᠋ | ᠵᠠᠬᠢᠷᠤᠯ ᠵᠤ᠋ ᡁᠢ ᠯᠢ᠄ ︽ᠮᠠᠨ ᠤ ᠴᠠᠬᠢᠯᠭᠠᠨ ᠭᠠᠷᠭᠠᠬᠤ ᠺᠤᠮᠫᠠᠨᠢ ᠨᠢ ᠡᠰᠢ ᠰᠦᠷᠡᠯ ᠢᠶᠠᠷ ᠴᠠᠬᠢᠯᠭᠠᠨ ᠭᠠᠷᠭᠠᠳᠠᠭ | ᠠᠴᠠ ᠢᠯᠭᠠᠷᠠᠭᠤᠯᠤᠭᠰᠠᠨ ᠠᠭᠤᠷ ᠤᠳᠤᠭᠠᠨ ᠳᠤ ᠬᠦᠬᠦᠷ ᠤᠨ ᠲᠠᠪᠬᠤᠷ ᠢᠰᠦᠯ ᠤᠨ ᠪᠦᠷᠢᠯᠳᠦᠭᠦᠨ ᠨᠢ ᠤᠯᠤᠰ | ᠤᠨ ᠪᠠᠷᠢᠮᠵᠢᠶᠠᠨ ᠤ ᠲᠦᠴᠢᠨ ᠤ ᠨᠢᠭᠡ ᠪᠠᠶᠢᠵᠦ ᠠᠽᠤᠲ ᠤᠨ ᠢᠰᠦᠯ ᠤᠨ ᠪᠦᠷᠢᠯᠳᠦᠭᠦᠨ ᠤᠯᠤᠰ ᠤᠨ ᠪᠠᠷᠢᠮᠵᠢᠶᠠᠨ | ᠤ 25 ᠤ ᠨᠢᠭᠡ ᠶᠢ ᠯᠠ ᠡᠵᠡᠯᠡᠨ ᠠᠮᠢ ᠠᠬᠤᠢ ᠶᠢ ᠬᠠᠮᠠᠭᠠᠯᠠᠬᠤ ᠦᠵᠡᠯᠳᠡ ᠳᠤ ᠶᠠᠭ ᠨᠡᠶᠢᠴᠡᠵᠦ ᠪᠠᠶᠢᠨ᠎ᠠ︾ ᠬᠡᠪᠡ᠃ | | | | | | | | ᠡᠯᠡᠰᠦ ᠵᠠᠰᠠᠭᠰᠠᠨ ᠦᠷ᠎ᠡ ᠪᠦᠲᠦᠮᠵᠢ ᠨᠢ ᠠᠮᠢ ᠠᠬᠤᠢ ᠶᠢ ᠰᠠᠶᠢᠵᠢᠷᠠᠭᠤᠯᠤᠨ ᠡᠯᠡᠰᠦᠨ ᠨᠤᠲᠤᠭ ᠢ ᠨᠤᠮᠢᠨ | ᠲᠠᠩᠰᠤᠭ ᠭᠤᠪᠢ ᠪᠤᠯᠭᠠᠵᠠᠢ᠃ ᠲᠤᠭ ᠪᠠᠯᠭᠠᠰᠤᠨ ᠤ ᠬᠤᠸᠠᠲᠤᠯᠤᠭᠠᠢ ᠭᠠᠴᠠᠭᠠᠨ ᠤ ᠠᠷᠪᠠᠨ ᠨᠢᠭᠡᠨ ᠡᠷᠦᠬᠡ | ᠬᠤᠷᠰᠢᠵᠦ ᠪᠠᠶᠠᠡᠨᠠᠭᠤᠷ ᠮᠠᠯᠵᠢᠯ ᠤᠨ ᠬᠤᠷᠰᠢᠶᠠᠵᠢᠯ ᠢ ᠪᠠᠶᠢᠭᠤᠯᠵᠠᠢ᠃ ᠲᠤᠰ ᠬᠤᠷᠰᠢᠶᠠᠵᠢᠯ ᠨᠢ ᠪᠦᠷᠢᠯᠳᠦᠬᠦᠨ | ᠬᠡᠰᠢᠬᠦᠨ ᠨᠠᠷ ᠪᠡᠯᠴᠢᠭᠡᠷ ᠨᠡᠶᠢᠯᠡᠭᠦᠯᠦᠨ ᠬᠠᠮᠳᠤᠪᠡᠷ ᠮᠠᠯᠵᠢᠬᠤ ᠪᠠᠷ ᠭᠤᠤᠯ ᠦᠢᠯᠡᠳᠪᠦᠷᠢᠯᠡᠯ ᠤᠨ ᠠᠷᠭ᠎ᠠ ᠪᠤᠯᠭᠠᠨ | ᠡᠵᠡᠩᠨᠡᠵᠦ ᠮᠠᠯ ᠤᠨ ᠠᠰᠢᠭ ᠰᠢᠮ᠎ᠡ᠂ ᠴᠠᠭᠠᠨ ᠢᠳᠡᠭᠡ ᠪᠤᠯᠤᠨ ᠨᠤᠲᠤᠭ ᠤᠨ ᠦᠵᠡᠮᠵᠢ ᠪᠠᠨ ᠠᠰᠢᠭᠯᠠᠨ | ᠤᠨᠴᠠᠯᠢᠭᠲᠦ ᠵᠢᠭᠤᠯᠴᠢᠯᠠᠯ ᠡᠷᠬᠢᠯᠡᠵᠦ ᠪᠠᠶᠢᠨ᠎ᠠ᠃ | ᠬᠤᠸᠠᠳᠤᠯᠤᠭᠠᠢ ᠭᠠᠴᠠᠭᠠᠨ ᠤ ᠪᠠᠶᠠᠡᠨᠠᠭᠤᠷ ᠮᠠᠯᠵᠢᠯ ᠤᠨ ᠬᠤᠷᠰᠢᠶᠠᠵᠢᠯ ᠤᠨ ᠬᠠᠷᠢᠭᠤᠴᠠᠯᠭᠠᠲᠠᠨ ᠬᠠᠰᠪᠠᠶᠠᠷ᠄ | ︽ᠦᠪᠡᠷ ᠤᠨ ᠢᠶᠠᠨ ᠤᠤᠯ ᠪᠠᠶᠢᠭᠠᠯᠢᠯᠢᠭ ᠪᠠᠶᠢᠭᠠᠯᠢ ᠪᠠᠨ ᠬᠠᠮᠠᠭᠠᠯᠠᠵᠦ ᠲᠠᠶᠠᠭᠠᠷ ᠪᠠᠨ ᠡᠨᠡ ᠰᠠᠶᠢᠬᠠᠨ ᠦᠩᠭᠡ | ᠦᠵᠡᠮᠵᠢ ᠶᠢ ᠪᠠᠲᠤᠯᠠᠵᠦ ᠪᠠᠶᠢᠨ᠎ᠠ᠃ ᠡᠭᠦᠨ ᠢ ᠪᠠᠨ ᠬᠡᠷᠡᠭᠯᠡᠬᠦ ᠮᠦᠷᠳᠡᠭᠡᠨ ᠡᠷᠬᠡᠪᠰᠢ ᠬᠠᠮᠠᠭᠠᠯᠠᠨ᠎ᠠ᠃ ᠪᠢᠳᠠᠨ ᠤ ᠡᠨᠡ | ᠨᠢᠭᠡ ᠦᠶ᠎ᠡ ᠳᠤ ᠬᠡᠷᠡᠭᠯᠡᠭᠡᠳ ᠪᠠᠷᠠᠴᠢᠬᠠᠬᠤ ᠶᠠᠭᠤᠮ᠎ᠠ ᠪᠢᠰᠢ᠂ ᠪᠢᠳᠠ ᠦᠨᠢ ᠡᠭᠦᠷᠢᠳᠡ ᠡᠭᠦᠨ ᠢ ᠪᠠᠨ ᠬᠠᠮᠠᠭᠠᠯᠠᠵᠦ | ᠬᠠᠶᠢᠷᠠᠯᠠᠵᠦ ᠶᠠᠪᠤᠬᠤ ᠪᠤᠯ ᠴᠢᠬᠤᠯᠠ ᠶᠤᠮ︾ ᠬᠡᠵᠦ ᠪᠠᠶᠢᠯ᠎ᠠ᠃ | | | | | | | ᠥᠥᠰᠢᠨ ᠤ ᠡᠯᠡᠰᠦ ᠶᠢ ᠲᠤᠭᠲᠠᠪᠤᠷᠢᠵᠢᠭᠤᠯᠵᠦ ᠠᠮᠵᠢᠯᠲᠠ ᠤᠯᠤᠭᠰᠠᠨ ᠦᠢᠯᠡ ᠠᠵᠢᠯᠯᠠᠭ᠎ᠠ ᠨᠢ ᠦᠶ᠎ᠡ ᠦᠶ᠎ᠡ | ᠶᠢᠨ ᠬᠦᠮᠦᠰ ᠤᠨ ᠰᠢᠷᠭᠠᠭᠤ ᠴᠢᠷᠮᠠᠶᠢᠯᠭ᠎ᠠ ᠲᠠᠢ ᠨᠢᠭᠲᠠ ᠬᠤᠯᠪᠤᠭᠳᠠᠵᠦ ᠠᠮᠢ ᠠᠬᠤᠢ ᠶᠢᠨ ᠰᠡᠷᠭᠦᠯᠳᠡ ᠳᠡᠭᠡᠨ | ᠲᠦᠰᠢᠵᠦ ᠠᠷᠠᠳ ᠤᠨ ᠠᠮᠢᠳᠤᠷᠠᠯ᠂ ᠠᠵᠤ ᠦᠢᠯᠡᠰ ᠬᠦᠭᠵᠢᠭᠦᠯᠦᠭᠰᠡᠨ ᠨᠢ ᠪᠢᠳᠠᠨ ᠳᠤ ᠬᠦᠨ ᠰᠠᠭᠤᠭᠳᠠᠯ | ᠦᠯᠡᠳᠡᠭᠡᠯ᠎ᠡ᠃ | ᠦᠦᠰᠢᠨ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ ᠤᠨ ᠲᠡᠳ᠋ ᠲᠠᠷᠤᠭ᠎ᠠ ᠮᠡᠷᠭᠡᠨ᠄ ︽ | ᠮᠠᠨ ᠤ ᠦᠦᠰᠢᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠠᠴᠠ ᠵᠠᠭᠤᠨ ᠤ ᠨᠢᠭᠡ ᠶᠢᠨ ᠨᠤᠲᠤᠭ ᠲᠡᠪᠢᠰᠭᠡᠷ | ᠢᠶᠠᠷ ᠠᠵᠤ ᠠᠬᠤᠢ ᠶᠢ ᠬᠦᠭᠵᠢᠭᠦᠯᠦᠨ᠎ᠡ᠃ ᠵᠠᠭᠤᠨ ᠤ ᠨᠢᠭᠡ ᠶᠢᠨ ᠨᠤᠲᠤᠭ ᠲᠡᠪᠢᠰᠭᠡᠷ ᠲᠡᠭᠡᠷ᠎ᠡ ᠪᠠᠶᠢᠭᠤᠯᠤᠭᠰᠠᠨ | ᠠᠵᠤ ᠠᠬᠤᠢ ᠶᠢᠨ ᠠᠵᠤ ᠦᠢᠯᠡᠳᠪᠦᠷᠢ ᠶᠢᠨ ᠤᠷᠤᠯᠭ᠎ᠠ ᠪᠠᠷ ᠢᠶᠠᠨ ᠵᠠᠭᠤᠨ ᠤ ᠶᠡᠷᠡ ᠶᠢᠰᠦ ᠶᠢᠨ ᠠᠮᠢ ᠠᠬᠤᠢ ᠶᠢ | ᠬᠠᠮᠠᠭᠠᠯᠠᠨ᠎ᠠ᠃ ᠢᠩᠬᠢᠬᠡᠳ ᠨᠤᠮᠢᠨ ᠲᠠᠩᠰᠤᠭ ᠦᠦᠰᠢᠨ ᠢ ᠪᠠᠶᠢᠭᠤᠯᠬᠤ ᠪᠠᠷ ᠪᠠᠷᠠᠬᠤ ᠦᠭᠡᠢ ᠨᠤᠮᠢᠨ ᠲᠠᠩᠰᠤᠭ | ᠬᠦᠭᠵᠢᠨ ᠮᠠᠨᠳᠤᠯᠳᠠ ᠶᠢ ᠪᠡᠶᠡᠯᠡᠭᠦᠯᠬᠦ ᠡᠶᠢᠮᠦ ᠬᠠᠷᠠᠯᠳᠠ ᠪᠠᠷ ᠪᠦᠬᠦᠳᠡᠭᠡᠷ ᠢᠶᠠᠨ ᠬᠦᠴᠦᠯᠡᠨ ᠴᠢᠷᠮᠠᠶᠢᠵᠦ ᠪᠠᠶᠢᠨ᠎ᠠ︾ | ᠭᠡᠪᠡ᠃ | | | | | | | ᠮᠠᠯᠵᠢᠬᠤ ᠳ᠋ᠠᠵᠠᠢ ᠦᠦᠰᠢᠨᠵᠤᠤ ᠶᠢᠨ ᠲᠠᠭᠠᠭᠤᠯᠤᠭᠴᠢ ᠪᠤᠷᠤᠯᠳᠠᠢ ᠨᠠᠰᠤᠲᠠᠨ᠄ ︽ᠬᠤᠪᠢᠷᠠᠯᠳᠠ ᠬᠦᠭᠵᠢᠯᠲᠡ | ᠶᠡᠭᠡ ᠰᠠᠶᠢᠨ ᠪᠤᠯᠤᠭᠰᠠᠨ᠂ ᠢᠷᠡᠭᠡᠳᠦᠢ ᠤᠯᠠᠮ ᠠᠴᠠ ᠤᠯᠠᠮ ᠰᠠᠶᠢᠨ ᠪᠤᠯᠤᠨ᠎ᠠ ᠭᠡᠵᠦ ᠢᠳᠡᠭᠡᠯ ᠲᠠᠢ ᠪᠠᠶᠢᠨ᠎ᠠ᠂ ᠪᠢ | ᠲᠤᠩ ᠪᠠᠶᠠᠷᠯᠠᠵᠦ ᠪᠠᠶᠢᠨ᠎ᠠ︾ ᠭᠡᠵᠦ ᠪᠠᠶᠢᠯ᠎ᠠ᠃ | ᠦᠦᠰᠢᠨ ᠨᠤᠲᠤᠭ ᠤᠨ ᠬᠡᠳᠦᠨ ᠦᠶ᠎ᠡ ᠶᠢᠨ ᠬᠦᠮᠦᠨ ︽ᠲᠡᠨᠡᠭ ᠡᠪᠦᠭᠡᠨ ᠠᠭᠤᠯᠠ ᠶᠢ ᠨᠡᠭᠦᠯᠭᠡᠬᠦ︾ ᠵᠤᠷᠢᠭ | ᠰᠠᠨᠠᠭ᠎ᠠ ᠪᠠᠷ ᠮᠤᠤᠡᠤᠰᠤ ᠶᠢᠨ ᠡᠯᠡᠰᠦᠨ ᠳᠤ ᠠᠮᠢ ᠠᠬᠤᠢ ᠶᠢᠨ ᠭᠠᠶᠢᠬᠠᠮᠰᠢᠭ ᠢ ᠪᠦᠲᠦᠭᠡᠵᠡᠢ᠃ ᠮᠦᠨ ᠴᠦ | ᠨᠢᠴᠦᠬᠦᠨ ᠡᠯᠡᠰᠦ ᠪᠠᠨ ᠨᠤᠭᠤᠭᠠᠨ ᠪᠦᠷᠢᠲᠦ ᠪᠤᠯᠭᠠᠭᠰᠠᠨ ᠦᠷ᠎ᠡ ᠪᠦᠲᠦᠮᠵᠢ ᠪᠠᠨ ᠨᠤᠮᠢᠨ ᠨᠤᠭᠤᠭᠠᠨ ᠦᠷ᠎ᠡ ᠠᠰᠢᠭ | ᠪᠤᠯᠭᠠᠨ ᠬᠤᠪᠢᠷᠠᠭᠠᠬᠤ ᠤᠯᠠᠨ ᠰᠦᠪᠡᠭᠴᠢᠯᠡᠯᠲᠡ ᠬᠢᠵᠦ ᠮᠠᠯᠴᠢᠨ ᠲᠦᠮᠡᠨ ᠤ ᠠᠮᠢᠳᠤᠷᠠᠯ ᠳᠤ ᠦᠢᠯᠡᠴᠢᠯᠡᠭᠦᠯᠵᠦ | ᠴᠢᠳᠠᠭᠰᠠᠨ ᠪᠠᠶᠢᠨ᠎ᠠ᠃ ᠲᠡᠳᠡᠨᠠᠷ ᠨᠤᠮᠢᠨ ᠲᠠᠩᠰᠤᠭ ᠦᠦᠰᠢᠨ ᠢ ᠪᠠᠶᠢᠭᠤᠯᠤᠭᠰᠠᠨ ᠰᠠᠭᠤᠷᠢᠨ ᠲᠡᠭᠡᠷ᠎ᠡ ᠪᠠᠨ ᠨᠤᠮᠢᠨ | ᠲᠠᠩᠰᠤᠭ ᠬᠦᠭᠵᠢᠨ ᠮᠠᠨᠳᠤᠯᠳᠠ ᠳᠤ ᠬᠦᠷᠬᠦ ᠪᠠᠷ ᠲᠤᠷᠠᠳᠤᠭᠰᠠᠨ ᠨᠢ ᠤᠷᠤᠨ ᠨᠤᠲᠤᠭ ᠤᠨ ᠪᠤᠲᠠᠲᠠᠢ ᠳᠠᠭᠠᠨ | ᠲᠤᠬᠢᠷᠠᠭᠰᠠᠨ ᠰᠤᠩᠭᠤᠯᠳᠠ ᠪᠤᠯᠬᠤ ᠪᠦᠭᠡᠳ ᠠᠮᠢ ᠠᠬᠤᠢ ᠶᠢ ᠲᠡᠷᠢᠭᠦᠨ ᠳᠤ ᠲᠠᠯᠪᠢᠵᠦ ᠴᠢᠬᠤᠯᠠᠴᠢᠯᠠᠨ ᠪᠤᠬᠢᠷᠳᠠᠯ | ᠦᠭᠡᠢ ᠬᠦᠭᠵᠢᠯᠲᠡ ᠪᠠᠷ ᠵᠢᠯᠤᠭᠤᠳᠤᠮᠵᠢ ᠪᠤᠯᠭᠠᠭᠰᠠᠨ ᠴᠢᠨᠠᠷ ᠰᠠᠶᠢᠲᠠᠢ ᠬᠦᠭᠵᠢᠯᠲᠡ ᠶᠢᠨ ᠰᠡᠳᠬᠢᠴᠡ ᠲᠠᠢ | ᠨᠡᠶᠢᠴᠡᠵᠦ ᠪᠠᠶᠢᠨ᠎ᠠ᠃ |