ᠠᠮᠢ ᠠᠬᠤᠢ ᠶᠢᠨ ᠠᠵᠦ ᠦᠢᠯᠡᠰ ᠢᠶᠠᠷ ᠨᠤᠮᠢᠨ ᠲᠠᠩᠰᠤᠭ ᠬᠦᠭᠵᠢᠨ ᠮᠠᠨᠳᠤᠯᠳᠠ ᠶᠢ ᠵᠠᠮᠴᠢᠯᠠᠭᠤᠯᠤᠨ᠎ᠠ
ᠨᠡᠶᠢᠲᠡᠯᠡᠭᠰᠡᠨ ᠴᠠᠭ᠄
2020/7/21
    ᠥᠥᠰᠢᠨ ᠬᠤᠰᠢᠭᠤᠨ ᠤ ᠮᠠᠯᠴᠢᠳ ᠡᠯᠡᠰᠦ ᠮᠠᠩᠬ᠎ᠠ ᠶᠢ ᠲᠤᠭᠲᠠᠪᠤᠷᠢᠵᠢᠭᠤᠯᠤᠨ ᠠᠮᠢ ᠠᠬᠤᠢ ᠶᠢᠨ ᠪᠠᠶᠢᠭᠤᠯᠤᠯᠳᠠ ᠶᠢ ᠦᠢᠯᠡᠳᠪᠦᠷᠢᠯᠡᠯ ᠠᠮᠢᠳᠤᠷᠠᠯ  ᠳᠠᠭᠠᠨ ᠦᠢᠯᠡᠴᠢᠯᠡᠭᠦᠯᠣᠨ ᠨᠣᠮᠢᠨ ᠲᠠᠩᠰᠤᠭ ᠨᠤᠲᠤᠭ ᠤᠰᠤ ᠪᠠᠨ ᠴᠤᠭᠴᠠᠯᠠᠵᠦ ᠪᠠᠶᠢᠭ᠎ᠠ ᠶᠤᠮ᠃
    ᠦᠪᠦᠷ ᠮᠤᠩᠭᠤᠯ ᠤᠨ ᠤᠲᠤᠨ ᠮᠡᠳᠡᠭᠡᠨ ᠤ ᠰᠤᠷᠪᠤᠯᠵᠢᠯᠠᠭᠴᠢ ᠨᠠᠬᠢᠶ᠎ᠠ᠄ ︽ᠪᠢᠳᠠ ᠦᠦᠰᠢᠨᠵᠤᠤ ᠭᠠᠴᠠᠭᠠᠨ ᠤ ᠮᠠᠯᠴᠢᠳ ᠤᠨ ᠪᠡᠯᠴᠢᠭᠡᠷ ᠲᠤ ᠬᠦᠷᠴᠦ ᠢᠷᠡᠬᠦ ᠳᠤ ᠠᠳᠡ ᠶᠡᠭᠡ ᠤᠯᠠᠨ ᠬᠠᠳᠤᠭᠰᠠᠨ ᠪᠤᠷᠭᠠᠰᠤ ᠬᠠᠷᠠᠭᠳᠠᠵᠦ ᠤᠯᠠᠨ ᠮᠠᠯᠴᠢᠳ ᠬᠠᠳᠤᠭᠰᠠᠨ ᠪᠤᠷᠭᠠᠰᠤ ᠪᠠᠨ ᠬᠡᠷᠴᠢᠭᠡᠳ ᠠᠴᠢᠶᠠᠨ ᠤ ᠮᠠᠰᠢᠨ ᠳᠤ ᠲᠡᠭᠡᠭᠡᠵᠦ ᠪᠠᠶᠢᠯ᠎ᠠ᠃ ᠡᠨᠡ ᠬᠡᠷᠴᠢᠭᠰᠡᠨ ᠪᠤᠷᠭᠠᠰᠤ ᠪᠠᠨ ᠬᠦᠷᠭᠡᠵᠦ ᠶᠠᠭᠤ ᠬᠢᠳᠡᠭ ᠪᠤᠯ ᠬᠡᠰᠡᠨ ᠨᠢ ᠮᠠᠨ ᠤ ᠠᠩᠬᠠᠷᠤᠯ ᠢ ᠶᠡᠭᠡ ᠲᠠᠳᠠᠯ᠎ᠠ︾᠃
    ᠬᠠᠳᠤᠭᠰᠠᠨ ᠪᠤᠷᠭᠠᠰᠤ ᠪᠠᠨ ᠭᠡᠷᠴᠢᠨ ᠠᠴᠢᠶᠠᠨ ᠤ ᠮᠠᠰᠢᠨ ᠳᠤ ᠪᠠᠨ ᠲᠡᠭᠡᠭᠡᠬᠦ ᠠᠵᠢᠯ ᠢ ᠬᠠᠷᠢᠭᠤᠴᠠᠨ ᠬᠢᠵᠦ ᠪᠠᠶᠢᠭ᠎ᠠ ᠬᠦᠮᠦᠨ ᠪᠤᠯ ᠲᠠᠷᠤᠢ ᠦᠦᠰᠢᠨᠵᠤᠤ ᠭᠠᠴᠠᠭᠠᠨ ᠤ ᠮᠠᠯᠴᠢᠨ ᠤᠳᠬᠠᠡᠵᠢᠷᠭᠠᠯ ᠶᠤᠮ᠃ ᠤᠶᠢᠯᠭᠠᠭᠰᠠᠨ ᠢᠶᠠᠷ ᠤᠳᠬᠠᠡᠵᠢᠷᠭᠠᠯ ᠤᠨ ᠬᠢ ᠠᠷᠪᠠᠭᠠᠳ ᠦᠭᠡᠷ᠂ ᠵᠢᠷᠠ ᠲᠠᠯᠠᠭᠠᠳ ᠬᠤᠨᠢ  ᠲᠠᠢ ᠵᠢᠷ ᠤᠨ ᠮᠠᠯᠴᠢᠨ ᠠᠶᠢᠯ ᠪᠤᠯᠤᠨ᠎ᠠ᠃ ᠭᠡᠬᠦ ᠳᠡᠭᠡᠨ ᠪᠤᠷᠭᠠᠰᠤ ᠭᠡᠷᠴᠢᠵᠦ ᠦᠢᠯᠡᠳᠪᠦᠷᠢ ᠳᠤ ᠬᠦᠷᠭᠡᠳᠡᠭ ᠠᠵᠢᠯ ᠨᠢ ᠲᠡᠭᠦᠨ ᠤ ᠲᠤᠰᠬᠠᠢ ᠠᠵᠢᠯ ᠪᠤᠯᠵᠦ ᠠᠮᠢᠳᠤᠷᠠᠯ ᠳᠤᠨᠢ ᠶᠡᠬᠡᠭᠡᠨ ᠲᠤᠰᠠ ᠪᠤᠯᠵᠠᠢ᠃
    ᠦᠦᠰᠢᠨᠵᠤᠤ ᠪᠠᠯᠭᠠᠰᠤᠨ ᠤ ᠦᠦᠰᠢᠨᠵᠤᠤ ᠭᠠᠴᠠᠭᠠᠨ ᠤ ᠮᠠᠯᠴᠢᠨ ᠤᠳᠬᠠᠡᠵᠢᠷᠭᠠᠯ᠄ ︽ᠡᠬᠢᠯᠡᠭᠰᠡᠭᠡᠷ ᠪᠤᠰᠤᠳ ᠲᠤ ᠪᠤᠷᠭᠠᠰᠤ ᠬᠠᠳᠤᠭᠠᠳ ᠬᠦᠴᠦᠨ ᠤ ᠠᠵᠢᠯ ᠬᠢᠭᠡᠳ ᠶᠠᠪᠤᠵᠦ ᠪᠠᠶᠢᠭᠰᠠᠨ᠃ ᠲᠡᠭᠡᠭᠡᠳ ᠰᠡᠭᠦᠯᠡᠷ ᠨᠢ ᠥᠪᠡᠷ ᠢᠶᠠᠨ ᠮᠠᠰᠢᠨ ᠠᠪᠴᠤ ᠦᠪᠡᠷ ᠢᠶᠠᠨ ᠭᠡᠷᠴᠢᠪᠡᠯ ᠪᠤᠯᠬᠤ ᠶᠤᠮ ᠪᠠᠶᠢᠨ᠎ᠠ ᠭᠡᠵᠦ ᠪᠤᠳᠤᠭᠠᠳ ᠮᠠᠰᠢᠨ ᠠᠪᠤᠭᠠᠳ ᠤᠲᠦ ᠠᠷᠪᠠᠭᠠᠳ ᠵᠢᠯ ᠪᠤᠯᠵᠦ ᠪᠠᠶᠢᠨ᠎ᠠ᠃ ᠠᠮᠢᠳᠤᠷᠠᠯ ᠤᠨ ᠬᠤᠪᠢ ᠳᠤ ᠨᠠᠳᠠᠲᠦ ᠠᠪᠴᠦ ᠬᠡᠯᠡᠪᠡᠯ ᠲᠦᠢᠯ ᠤᠨ ᠶᠡᠭᠡ ᠬᠤᠪᠢ ᠨᠡᠮᠡᠷᠢ ᠦᠵᠡᠭᠦᠯᠦᠯ᠎ᠡ︾ ᠭᠡᠪᠡ᠃
    ᠤᠳᠬᠠᠡᠵᠢᠷᠭᠠᠯ ᠤᠨ ᠬᠡᠯᠡᠵᠦ ᠪᠠᠶᠢᠭ᠎ᠠ ᠴᠠᠬᠢᠯᠭᠠᠨ ᠦᠢᠯᠡᠳᠪᠦᠷᠢ ᠨᠢ ᠲᠠᠷᠤᠢ ᠦᠪᠦᠷ ᠮᠤᠩᠭᠤᠯ ᠤᠨ ᠠᠮᠢᠳᠤ ᠪᠤᠳᠠᠰ ᠤᠨ ᠮᠡᠰ ᠢᠶᠠᠷ ᠴᠠᠬᠢᠯᠭᠠᠨ ᠭᠠᠷᠭᠠᠬᠤ ᠺᠤᠮᠫᠠᠨᠢ ᠪᠠᠶᠢᠵᠦ ᠡᠨᠡ ᠺᠤᠮᠫᠠᠨᠢ ᠨᠢ ᠮᠠᠯᠴᠢᠳ ᠤᠨ ᠪᠤᠷᠭᠠᠰᠤ ᠶᠢ ᠨᠢᠭᠡ ᠲᠤᠨ ᠳᠤ ᠭᠤᠷᠪᠠᠨ ᠵᠠᠭᠤᠨ ᠲᠦᠭᠦᠷᠢᠭ ᠤᠷᠴᠢᠮ ᠢᠶᠠᠷ ᠬᠤᠳᠠᠯᠳᠤᠨ ᠠᠪᠳᠠᠭ ᠪᠠᠶᠢᠨ᠎ᠠ᠃ ᠤᠳᠬᠠᠨᠵᠢᠷᠭᠠᠯ ᠦᠪᠡᠷ ᠤᠨ ᠪᠡᠯᠴᠢᠭᠡᠷ ᠲᠠᠬᠢ ᠪᠤᠷᠭᠠᠰᠤ ᠪᠠᠨ ᠭᠡᠷᠴᠢᠨ ᠬᠤᠳᠠᠯᠳᠤᠬᠤ ᠠᠴᠠ ᠭᠠᠳᠠᠨ᠎ᠠ ᠪᠠᠰᠠ ᠪᠤᠰᠤᠳ ᠠᠶᠢᠯ ᠤᠨ ᠪᠤᠷᠭᠠᠰᠤ ᠶᠢ ᠲᠠᠭᠠᠭᠠᠴᠢᠯᠠᠨ ᠬᠠᠳᠤᠨ ᠬᠤᠷᠢᠶᠠᠵᠦ ᠵᠢᠯ ᠤᠨ ᠤᠷᠤᠯᠭ᠎ᠠ ᠠᠷᠪᠠᠨ ᠲᠦᠮᠡᠨ ᠲᠦᠭᠦᠷᠢᠭ ᠨᠡᠮᠡᠭᠳᠡᠭᠰᠡᠨ ᠪᠠᠶᠢᠨ᠎ᠠ᠃ ᠤᠲᠦ ᠦᠦᠰᠢᠨ ᠨᠤᠲᠤᠭ ᠲᠤ ᠡᠶᠢᠮᠦᠷᠬᠦ ᠪᠤᠷᠭᠠᠰᠤ ᠭᠡᠷᠴᠢᠬᠦ ᠠᠵᠢᠯ ᠬᠢᠳᠡᠭ ᠬᠦᠮᠦᠰ ᠣᠯᠠᠰᠢᠷᠠᠵᠦ ᠦᠨᠳᠦᠰᠦᠨ ᠳᠡᠭᠡᠨ ᠨᠢᠭᠡ ᠲᠤᠰᠬᠠᠢ ᠠᠵᠢᠯ ᠲᠦᠷᠦᠯ ᠪᠤᠯᠤᠭᠠᠳ ᠨᠤᠲᠤᠭ ᠤᠨ ᠮᠠᠯᠴᠢᠳ ᠴᠢᠨᠠᠭᠰᠢᠯᠠᠨ ᠦᠷᠦᠭᠡᠯ ᠨᠤᠲᠤᠭ ᠤᠨ ᠮᠠᠯᠴᠢᠳ ᠢ ᠲᠠᠭᠠᠭᠤᠯᠤᠨ ᠠᠰᠢᠭ ᠤᠷᠤᠯᠭ᠎ᠠ ᠪᠠᠨ ᠨᠡᠮᠡᠭᠳᠡᠬᠦᠯᠵᠦ ᠪᠠᠶᠢᠨ᠎ᠠ᠃     ᠤᠯᠠᠭᠠᠡᠬᠠᠳᠠ ᠬᠤᠲᠠ ᠶᠢᠨ ᠠᠷᠤ ᠬᠤᠷᠴᠢᠨ ᠬᠤᠰᠢᠭᠤᠨ ᠳᠤ ᠨᠤᠲᠤᠭᠲᠠᠢ ᠮᠠᠯᠴᠢᠨ ᠬᠠᠶᠢᠷᠬᠠᠨ᠄ ︽ᠪᠢ ᠠᠳᠡ ᠢᠷᠡᠭᠡᠳ ᠪᠠᠰᠠ ᠭᠤᠷᠪᠠᠨ ᠵᠢᠯ ᠢᠯᠡᠭᠦᠦ ᠪᠤᠯᠵᠠᠢ᠂ ᠵᠢᠯ ᠳᠤ ᠪᠠᠨ ᠰᠠᠶᠢᠨ ᠬᠢᠪᠡᠯ ᠲᠠᠪᠤ ᠵᠢᠷᠭᠤᠭᠠᠨ ᠲᠦᠮᠡᠨ ᠲᠦᠭᠦᠷᠢᠭ ᠤᠨ ᠣᠷᠣᠯᠭ᠎ᠠ ᠤᠯᠴᠢᠬᠠᠨ᠎ᠠ︾᠃
    ᠮᠠᠯᠴᠢᠳ ᠤᠨ ᠪᠤᠷᠭᠠᠰᠤ᠂ ᠡᠰᠢ ᠰᠦᠷᠡᠯ ᠢ ᠬᠤᠷᠢᠶᠠᠨ ᠠᠪᠴᠦ ᠴᠠᠬᠢᠯᠭᠠᠨ ᠭᠠᠷᠭᠠᠵᠦ ᠪᠠᠶᠢᠭ᠎ᠠ ᠲᠤᠰ ᠺᠤᠮᠫᠠᠨᠢ ᠨᠢ ᠦᠦᠰᠢᠨᠵᠤᠤ ᠪᠠᠯᠭᠠᠰᠤᠨ ᠳᠤ ᠪᠠᠶᠢᠷᠢᠯᠠᠵᠦ 2008 ᠤᠨ ᠳᠤ ᠠᠰᠢᠭᠯᠠᠯᠳᠠ ᠳᠤ ᠤᠷᠤᠭᠰᠠᠨ ᠠᠴᠠ ᠠᠪᠤᠭᠠᠳ ᠬᠠᠵᠠᠭᠤ ᠬᠠᠪᠢ ᠶᠢᠨ ᠮᠠᠯᠴᠢᠨ ᠲᠦᠮᠡᠨ ᠲᠠᠢ ᠬᠤᠷᠰᠢᠨ ᠠᠵᠢᠯᠯᠠᠵᠦ ᠲᠤᠰ ᠵᠢᠯ ᠪᠤᠯᠭᠠᠨ 20 ᠲᠦᠮᠡᠨ ᠲᠤᠨ ᠲᠦᠬᠦᠬᠡᠢ ᠮᠠᠲ᠋ᠧᠷᠢᠶᠠᠯ ᠬᠡᠷᠡᠭᠰᠡᠬᠦ ᠪᠤᠯᠬᠤᠷ ᠮᠠᠯᠴᠢᠳ ᠤᠨ ᠪᠤᠷᠭᠠᠰᠤ ᠶᠢ ᠶᠡᠭᠡ ᠬᠡᠮᠵᠢᠶ᠎ᠡ ᠪᠠᠷ ᠬᠤᠷᠢᠶᠠᠨ ᠠᠪᠳᠠᠭ᠃ ᠡᠨᠡ  ᠨᠢ ᠵᠢᠯ ᠳᠤ ᠲᠠᠪᠤ ᠠᠴᠠ ᠲᠤᠯᠤᠭᠠᠨ ᠮᠢᠩᠭᠠᠨ ᠮᠠᠯᠴᠢᠨ ᠲᠠᠷᠢᠶᠠᠴᠢᠨ ᠢ ᠲᠠᠶᠢᠴᠢᠯᠠᠨ ᠤᠷᠤᠯᠭ᠎ᠠ ᠶᠢ ᠨᠢ ᠨᠡᠮᠡᠭᠳᠡᠭᠦᠯᠳᠡᠭ ᠪᠠᠶᠢᠨ᠎ᠠ᠃ ᠴᠠᠭᠢᠯᠭᠠᠨ ᠦᠢᠯᠡᠳᠪᠦᠷᠢ  ᠨᠢ ᠪᠤᠷᠭᠠᠰᠤ᠂ ᠡᠰᠢ ᠰᠦᠷᠡᠯ ᠢᠶᠠᠷ ᠴᠠᠬᠢᠯᠭᠠᠨ ᠭᠠᠷᠭᠠᠨ ᠲᠠᠬᠢᠨ ᠢᠯᠭᠠᠷᠠᠭᠤᠯᠤᠨ ᠭᠠᠷᠭᠠᠭᠰᠠᠨ ᠭᠡᠢ ᠪᠠᠷ ᠢᠶᠠᠨ ᠱᠤᠷᠠᠭᠯᠢᠭ ᠵᠠᠮᠠᠭ ᠲᠤ ᠰᠢᠮ᠎ᠡ ᠪᠤᠯᠭᠠᠨ ᠬᠦᠮᠦᠨ ᠤ ᠪᠡᠶ᠎ᠡ ᠳᠤ ᠲᠡᠵᠢᠭᠡᠯ ᠶᠡᠬᠡᠳᠡᠢ ᠢᠳᠡᠭᠡᠨ ᠦᠢᠯᠡᠳᠪᠦᠷᠢᠯᠡᠳᠡᠭ ᠶᠤᠮ᠃ ᠠᠵᠢᠯᠯᠠᠬᠤ ᠪᠦᠬᠦᠶᠢᠯᠡ ᠶᠠᠪᠤᠴᠠ ᠨᠢ ᠦᠦᠰᠢᠨ ᠬᠤᠰᠢᠭᠤᠨ ᠤ ᠨᠤᠮᠢᠨ ᠲᠠᠩᠰᠤᠭ ᠬᠦᠭᠵᠢᠨ ᠮᠠᠨᠳᠤᠯᠳᠠ ᠶᠢᠨ ᠰᠡᠳᠬᠢᠴᠡ ᠲᠠᠢ ᠨᠡᠶᠢᠴᠡᠵᠦ ᠬᠠᠶᠠᠭᠳᠠᠮᠠᠯ ᠭᠡᠢ ᠶᠢᠨ ᠢᠯᠭᠠᠷᠠᠭᠤᠯᠤᠯᠳᠠ ᠲᠦᠢᠯ ᠤᠨ ᠪᠠᠭ᠎ᠠ ᠪᠠᠶᠢᠳᠠᠭ᠃
    ᠦᠪᠦᠷ ᠮᠤᠩᠭᠤᠯ ᠤᠨ ᠮᠤᠤᠡᠤᠰᠤ ᠠᠮᠢᠳᠤ ᠪᠤᠳᠠᠰ ᠤᠨ ᠮᠠᠰ ᠢᠶᠠᠷ ᠴᠠᠬᠢᠯᠭᠠᠨ ᠭᠠᠷᠭᠠᠬᠤ ᠺᠤᠮᠫᠠᠨᠢ ᠶᠢᠨ ᠲᠡᠳ᠋ ᠵᠠᠬᠢᠷᠤᠯ ᠵᠤ᠋ ᡁᠢ ᠯᠢ᠄ ︽ᠮᠠᠨ ᠤ ᠴᠠᠬᠢᠯᠭᠠᠨ ᠭᠠᠷᠭᠠᠬᠤ ᠺᠤᠮᠫᠠᠨᠢ ᠨᠢ ᠡᠰᠢ ᠰᠦᠷᠡᠯ ᠢᠶᠠᠷ ᠴᠠᠬᠢᠯᠭᠠᠨ ᠭᠠᠷᠭᠠᠳᠠᠭ ᠠᠴᠠ ᠢᠯᠭᠠᠷᠠᠭᠤᠯᠤᠭᠰᠠᠨ ᠠᠭᠤᠷ ᠤᠳᠤᠭᠠᠨ ᠳᠤ ᠬᠦᠬᠦᠷ ᠤᠨ ᠲᠠᠪᠬᠤᠷ ᠢᠰᠦᠯ ᠤᠨ ᠪᠦᠷᠢᠯᠳᠦᠭᠦᠨ ᠨᠢ ᠤᠯᠤᠰ ᠤᠨ ᠪᠠᠷᠢᠮᠵᠢᠶᠠᠨ ᠤ ᠲᠦᠴᠢᠨ ᠤ ᠨᠢᠭᠡ ᠪᠠᠶᠢᠵᠦ ᠠᠽᠤᠲ ᠤᠨ ᠢᠰᠦᠯ ᠤᠨ ᠪᠦᠷᠢᠯᠳᠦᠭᠦᠨ ᠤᠯᠤᠰ ᠤᠨ ᠪᠠᠷᠢᠮᠵᠢᠶᠠᠨ  ᠤ 25 ᠤ ᠨᠢᠭᠡ ᠶᠢ ᠯᠠ ᠡᠵᠡᠯᠡᠨ ᠠᠮᠢ ᠠᠬᠤᠢ ᠶᠢ ᠬᠠᠮᠠᠭᠠᠯᠠᠬᠤ ᠦᠵᠡᠯᠳᠡ ᠳᠤ ᠶᠠᠭ ᠨᠡᠶᠢᠴᠡᠵᠦ ᠪᠠᠶᠢᠨ᠎ᠠ︾ ᠬᠡᠪᠡ᠃
    ᠡᠯᠡᠰᠦ ᠵᠠᠰᠠᠭᠰᠠᠨ ᠦᠷ᠎ᠡ ᠪᠦᠲᠦᠮᠵᠢ ᠨᠢ ᠠᠮᠢ ᠠᠬᠤᠢ ᠶᠢ ᠰᠠᠶᠢᠵᠢᠷᠠᠭᠤᠯᠤᠨ ᠡᠯᠡᠰᠦᠨ ᠨᠤᠲᠤᠭ ᠢ ᠨᠤᠮᠢᠨ ᠲᠠᠩᠰᠤᠭ ᠭᠤᠪᠢ ᠪᠤᠯᠭᠠᠵᠠᠢ᠃ ᠲᠤᠭ ᠪᠠᠯᠭᠠᠰᠤᠨ ᠤ ᠬᠤᠸᠠᠲᠤᠯᠤᠭᠠᠢ ᠭᠠᠴᠠᠭᠠᠨ ᠤ ᠠᠷᠪᠠᠨ ᠨᠢᠭᠡᠨ ᠡᠷᠦᠬᠡ ᠬᠤᠷᠰᠢᠵᠦ ᠪᠠᠶᠠᠡᠨᠠᠭᠤᠷ ᠮᠠᠯᠵᠢᠯ ᠤᠨ ᠬᠤᠷᠰᠢᠶᠠᠵᠢᠯ ᠢ ᠪᠠᠶᠢᠭᠤᠯᠵᠠᠢ᠃ ᠲᠤᠰ ᠬᠤᠷᠰᠢᠶᠠᠵᠢᠯ ᠨᠢ ᠪᠦᠷᠢᠯᠳᠦᠬᠦᠨ ᠬᠡᠰᠢᠬᠦᠨ ᠨᠠᠷ ᠪᠡᠯᠴᠢᠭᠡᠷ ᠨᠡᠶᠢᠯᠡᠭᠦᠯᠦᠨ ᠬᠠᠮᠳᠤᠪᠡᠷ ᠮᠠᠯᠵᠢᠬᠤ ᠪᠠᠷ ᠭᠤᠤᠯ ᠦᠢᠯᠡᠳᠪᠦᠷᠢᠯᠡᠯ ᠤᠨ ᠠᠷᠭ᠎ᠠ ᠪᠤᠯᠭᠠᠨ ᠡᠵᠡᠩᠨᠡᠵᠦ ᠮᠠᠯ ᠤᠨ ᠠᠰᠢᠭ ᠰᠢᠮ᠎ᠡ᠂ ᠴᠠᠭᠠᠨ ᠢᠳᠡᠭᠡ ᠪᠤᠯᠤᠨ ᠨᠤᠲᠤᠭ ᠤᠨ ᠦᠵᠡᠮᠵᠢ ᠪᠠᠨ ᠠᠰᠢᠭᠯᠠᠨ ᠤᠨᠴᠠᠯᠢᠭᠲᠦ ᠵᠢᠭᠤᠯᠴᠢᠯᠠᠯ ᠡᠷᠬᠢᠯᠡᠵᠦ ᠪᠠᠶᠢᠨ᠎ᠠ᠃     ᠬᠤᠸᠠᠳᠤᠯᠤᠭᠠᠢ ᠭᠠᠴᠠᠭᠠᠨ ᠤ ᠪᠠᠶᠠᠡᠨᠠᠭᠤᠷ ᠮᠠᠯᠵᠢᠯ ᠤᠨ ᠬᠤᠷᠰᠢᠶᠠᠵᠢᠯ ᠤᠨ ᠬᠠᠷᠢᠭᠤᠴᠠᠯᠭᠠᠲᠠᠨ ᠬᠠᠰᠪᠠᠶᠠᠷ᠄ ︽ᠦᠪᠡᠷ ᠤᠨ ᠢᠶᠠᠨ ᠤᠤᠯ ᠪᠠᠶᠢᠭᠠᠯᠢᠯᠢᠭ ᠪᠠᠶᠢᠭᠠᠯᠢ ᠪᠠᠨ ᠬᠠᠮᠠᠭᠠᠯᠠᠵᠦ ᠲᠠᠶᠠᠭᠠᠷ ᠪᠠᠨ ᠡᠨᠡ ᠰᠠᠶᠢᠬᠠᠨ ᠦᠩᠭᠡ ᠦᠵᠡᠮᠵᠢ ᠶᠢ ᠪᠠᠲᠤᠯᠠᠵᠦ ᠪᠠᠶᠢᠨ᠎ᠠ᠃ ᠡᠭᠦᠨ ᠢ ᠪᠠᠨ ᠬᠡᠷᠡᠭᠯᠡᠬᠦ ᠮᠦᠷᠳᠡᠭᠡᠨ ᠡᠷᠬᠡᠪᠰᠢ ᠬᠠᠮᠠᠭᠠᠯᠠᠨ᠎ᠠ᠃ ᠪᠢᠳᠠᠨ ᠤ ᠡᠨᠡ ᠨᠢᠭᠡ ᠦᠶ᠎ᠡ ᠳᠤ ᠬᠡᠷᠡᠭᠯᠡᠭᠡᠳ ᠪᠠᠷᠠᠴᠢᠬᠠᠬᠤ ᠶᠠᠭᠤᠮ᠎ᠠ ᠪᠢᠰᠢ᠂ ᠪᠢᠳᠠ ᠦᠨᠢ ᠡᠭᠦᠷᠢᠳᠡ ᠡᠭᠦᠨ ᠢ ᠪᠠᠨ ᠬᠠᠮᠠᠭᠠᠯᠠᠵᠦ ᠬᠠᠶᠢᠷᠠᠯᠠᠵᠦ ᠶᠠᠪᠤᠬᠤ ᠪᠤᠯ ᠴᠢᠬᠤᠯᠠ ᠶᠤᠮ︾ ᠬᠡᠵᠦ ᠪᠠᠶᠢᠯ᠎ᠠ᠃
    ᠥᠥᠰᠢᠨ ᠤ ᠡᠯᠡᠰᠦ ᠶᠢ ᠲᠤᠭᠲᠠᠪᠤᠷᠢᠵᠢᠭᠤᠯᠵᠦ ᠠᠮᠵᠢᠯᠲᠠ ᠤᠯᠤᠭᠰᠠᠨ ᠦᠢᠯᠡ ᠠᠵᠢᠯᠯᠠᠭ᠎ᠠ ᠨᠢ ᠦᠶ᠎ᠡ ᠦᠶ᠎ᠡ ᠶᠢᠨ ᠬᠦᠮᠦᠰ ᠤᠨ ᠰᠢᠷᠭᠠᠭᠤ ᠴᠢᠷᠮᠠᠶᠢᠯᠭ᠎ᠠ ᠲᠠᠢ ᠨᠢᠭᠲᠠ ᠬᠤᠯᠪᠤᠭᠳᠠᠵᠦ ᠠᠮᠢ ᠠᠬᠤᠢ ᠶᠢᠨ ᠰᠡᠷᠭᠦᠯᠳᠡ ᠳᠡᠭᠡᠨ ᠲᠦᠰᠢᠵᠦ ᠠᠷᠠᠳ ᠤᠨ ᠠᠮᠢᠳᠤᠷᠠᠯ᠂ ᠠᠵᠤ ᠦᠢᠯᠡᠰ ᠬᠦᠭᠵᠢᠭᠦᠯᠦᠭᠰᠡᠨ ᠨᠢ ᠪᠢᠳᠠᠨ ᠳᠤ ᠬᠦᠨ ᠰᠠᠭᠤᠭᠳᠠᠯ ᠦᠯᠡᠳᠡᠭᠡᠯ᠎ᠡ᠃     ᠦᠦᠰᠢᠨ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ ᠤᠨ ᠲᠡᠳ᠋ ᠲᠠᠷᠤᠭ᠎ᠠ ᠮᠡᠷᠭᠡᠨ᠄ ︽ᠮᠠᠨ ᠤ ᠦᠦᠰᠢᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠠᠴᠠ ᠵᠠᠭᠤᠨ ᠤ ᠨᠢᠭᠡ ᠶᠢᠨ ᠨᠤᠲᠤᠭ ᠲᠡᠪᠢᠰᠭᠡᠷ ᠢᠶᠠᠷ ᠠᠵᠤ ᠠᠬᠤᠢ ᠶᠢ ᠬᠦᠭᠵᠢᠭᠦᠯᠦᠨ᠎ᠡ᠃ ᠵᠠᠭᠤᠨ ᠤ ᠨᠢᠭᠡ ᠶᠢᠨ ᠨᠤᠲᠤᠭ ᠲᠡᠪᠢᠰᠭᠡᠷ ᠲᠡᠭᠡᠷ᠎ᠡ ᠪᠠᠶᠢᠭᠤᠯᠤᠭᠰᠠᠨ ᠠᠵᠤ ᠠᠬᠤᠢ ᠶᠢᠨ ᠠᠵᠤ ᠦᠢᠯᠡᠳᠪᠦᠷᠢ ᠶᠢᠨ ᠤᠷᠤᠯᠭ᠎ᠠ ᠪᠠᠷ ᠢᠶᠠᠨ ᠵᠠᠭᠤᠨ ᠤ ᠶᠡᠷᠡ ᠶᠢᠰᠦ ᠶᠢᠨ ᠠᠮᠢ ᠠᠬᠤᠢ ᠶᠢ ᠬᠠᠮᠠᠭᠠᠯᠠᠨ᠎ᠠ᠃ ᠢᠩᠬᠢᠬᠡᠳ ᠨᠤᠮᠢᠨ ᠲᠠᠩᠰᠤᠭ ᠦᠦᠰᠢᠨ ᠢ ᠪᠠᠶᠢᠭᠤᠯᠬᠤ ᠪᠠᠷ ᠪᠠᠷᠠᠬᠤ ᠦᠭᠡᠢ ᠨᠤᠮᠢᠨ ᠲᠠᠩᠰᠤᠭ ᠬᠦᠭᠵᠢᠨ ᠮᠠᠨᠳᠤᠯᠳᠠ ᠶᠢ ᠪᠡᠶᠡᠯᠡᠭᠦᠯᠬᠦ ᠡᠶᠢᠮᠦ ᠬᠠᠷᠠᠯᠳᠠ ᠪᠠᠷ ᠪᠦᠬᠦᠳᠡᠭᠡᠷ ᠢᠶᠠᠨ ᠬᠦᠴᠦᠯᠡᠨ ᠴᠢᠷᠮᠠᠶᠢᠵᠦ ᠪᠠᠶᠢᠨ᠎ᠠ︾ ᠭᠡᠪᠡ᠃
    ᠮᠠᠯᠵᠢᠬᠤ ᠳ᠋ᠠᠵᠠᠢ ᠦᠦᠰᠢᠨᠵᠤᠤ ᠶᠢᠨ ᠲᠠᠭᠠᠭᠤᠯᠤᠭᠴᠢ ᠪᠤᠷᠤᠯᠳᠠᠢ ᠨᠠᠰᠤᠲᠠᠨ᠄ ︽ᠬᠤᠪᠢᠷᠠᠯᠳᠠ ᠬᠦᠭᠵᠢᠯᠲᠡ ᠶᠡᠭᠡ ᠰᠠᠶᠢᠨ ᠪᠤᠯᠤᠭᠰᠠᠨ᠂ ᠢᠷᠡᠭᠡᠳᠦᠢ ᠤᠯᠠᠮ ᠠᠴᠠ ᠤᠯᠠᠮ ᠰᠠᠶᠢᠨ ᠪᠤᠯᠤᠨ᠎ᠠ ᠭᠡᠵᠦ ᠢᠳᠡᠭᠡᠯ ᠲᠠᠢ ᠪᠠᠶᠢᠨ᠎ᠠ᠂ ᠪᠢ ᠲᠤᠩ ᠪᠠᠶᠠᠷᠯᠠᠵᠦ  ᠪᠠᠶᠢᠨ᠎ᠠ︾ ᠭᠡᠵᠦ ᠪᠠᠶᠢᠯ᠎ᠠ᠃     ᠦᠦᠰᠢᠨ ᠨᠤᠲᠤᠭ ᠤᠨ ᠬᠡᠳᠦᠨ ᠦᠶ᠎ᠡ ᠶᠢᠨ ᠬᠦᠮᠦᠨ ︽ᠲᠡᠨᠡᠭ ᠡᠪᠦᠭᠡᠨ ᠠᠭᠤᠯᠠ ᠶᠢ ᠨᠡᠭᠦᠯᠭᠡᠬᠦ︾ ᠵᠤᠷᠢᠭ ᠰᠠᠨᠠᠭ᠎ᠠ ᠪᠠᠷ ᠮᠤᠤᠡᠤᠰᠤ ᠶᠢᠨ ᠡᠯᠡᠰᠦᠨ  ᠳᠤ ᠠᠮᠢ ᠠᠬᠤᠢ ᠶᠢᠨ ᠭᠠᠶᠢᠬᠠᠮᠰᠢᠭ ᠢ ᠪᠦᠲᠦᠭᠡᠵᠡᠢ᠃ ᠮᠦᠨ ᠴᠦ ᠨᠢᠴᠦᠬᠦᠨ ᠡᠯᠡᠰᠦ ᠪᠠᠨ ᠨᠤᠭᠤᠭᠠᠨ ᠪᠦᠷᠢᠲᠦ ᠪᠤᠯᠭᠠᠭᠰᠠᠨ ᠦᠷ᠎ᠡ ᠪᠦᠲᠦᠮᠵᠢ ᠪᠠᠨ ᠨᠤᠮᠢᠨ ᠨᠤᠭᠤᠭᠠᠨ ᠦᠷ᠎ᠡ ᠠᠰᠢᠭ ᠪᠤᠯᠭᠠᠨ ᠬᠤᠪᠢᠷᠠᠭᠠᠬᠤ ᠤᠯᠠᠨ ᠰᠦᠪᠡᠭᠴᠢᠯᠡᠯᠲᠡ ᠬᠢᠵᠦ ᠮᠠᠯᠴᠢᠨ ᠲᠦᠮᠡᠨ ᠤ ᠠᠮᠢᠳᠤᠷᠠᠯ ᠳᠤ ᠦᠢᠯᠡᠴᠢᠯᠡᠭᠦᠯᠵᠦ ᠴᠢᠳᠠᠭᠰᠠᠨ ᠪᠠᠶᠢᠨ᠎ᠠ᠃ ᠲᠡᠳᠡᠨᠠᠷ ᠨᠤᠮᠢᠨ ᠲᠠᠩᠰᠤᠭ ᠦᠦᠰᠢᠨ ᠢ ᠪᠠᠶᠢᠭᠤᠯᠤᠭᠰᠠᠨ ᠰᠠᠭᠤᠷᠢᠨ ᠲᠡᠭᠡᠷ᠎ᠡ ᠪᠠᠨ ᠨᠤᠮᠢᠨ ᠲᠠᠩᠰᠤᠭ ᠬᠦᠭᠵᠢᠨ ᠮᠠᠨᠳᠤᠯᠳᠠ ᠳᠤ ᠬᠦᠷᠬᠦ ᠪᠠᠷ ᠲᠤᠷᠠᠳᠤᠭᠰᠠᠨ ᠨᠢ ᠤᠷᠤᠨ ᠨᠤᠲᠤᠭ ᠤᠨ ᠪᠤᠲᠠᠲᠠᠢ ᠳᠠᠭᠠᠨ ᠲᠤᠬᠢᠷᠠᠭᠰᠠᠨ ᠰᠤᠩᠭᠤᠯᠳᠠ ᠪᠤᠯᠬᠤ ᠪᠦᠭᠡᠳ ᠠᠮᠢ ᠠᠬᠤᠢ ᠶᠢ ᠲᠡᠷᠢᠭᠦᠨ ᠳᠤ  ᠲᠠᠯᠪᠢᠵᠦ ᠴᠢᠬᠤᠯᠠᠴᠢᠯᠠᠨ ᠪᠤᠬᠢᠷᠳᠠᠯ ᠦᠭᠡᠢ ᠬᠦᠭᠵᠢᠯᠲᠡ ᠪᠠᠷ ᠵᠢᠯᠤᠭᠤᠳᠤᠮᠵᠢ ᠪᠤᠯᠭᠠᠭᠰᠠᠨ ᠴᠢᠨᠠᠷ ᠰᠠᠶᠢᠲᠠᠢ ᠬᠦᠭᠵᠢᠯᠲᠡ ᠶᠢᠨ ᠰᠡᠳᠬᠢᠴᠡ ᠲᠠᠢ ᠨᠡᠶᠢᠴᠡᠵᠦ ᠪᠠᠶᠢᠨ᠎ᠠ᠃
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ