ᠣᠳᠣᠮ ᠵᠠᠯᠭᠠᠭᠰᠠᠨ ᠤᠷᠠᠨ ᠪᠦᠰᠡᠬᠦᠢ — ᠬᠦᠨᠳᠤᠭᠠᠷᠪᠤ
ᠨᠡᠶᠢᠲᠡᠯᠡᠭᠰᠡᠨ ᠴᠠᠭ᠄
2020-07-27
   ᠡᠨᠡ ᠵᠢᠯ 80 ᠨᠡᠰᠤᠨ ᠤ ᠦᠨᠳᠤᠷ ᠲᠠᠪᠠᠭ᠎ᠠ ᠶᠢ ᠲᠠᠪᠠᠭᠰᠠᠨ ᠬᠦᠨᠳᠤᠭᠠᠷᠪᠤ ᠨᠠᠰᠤᠳᠠᠨ 1941 ᠤᠨ ᠤ ᠡᠪᠤᠯ ᠦᠤᠰᠢᠨ ᠬᠤᠰᠢᠭᠤᠨ ᠤ ᠲᠤᠯᠢ ᠨᠤᠳᠤᠭ ᠤᠨ ᠰᠡᠩᠬᠡᠷᠢᠨᠴᠢᠨ ᠯᠾᠡᠮᠠᠰᠤᠸ᠎ᠠ ᠶᠢᠨ ᠲᠤᠯᠤᠭᠠᠨ ᠬᠡᠤᠬᠡᠳ ᠤᠨ ᠲᠠᠪᠤᠳᠤᠭᠠᠷ ᠨᠢ ᠪᠤᠯᠤᠨ ᠵᠠᠶᠠᠭᠠᠵᠡᠢ᠃    ᠲᠡᠷᠡ ᠬᠠᠷᠠᠬᠠᠨ ᠪᠠᠭ᠎ᠠ ᠳᠤᠨᠢ ᠠᠶᠢᠯ ᠤᠨ ᠡᠬᠦᠳᠡᠨ ᠳᠤ ᠡᠷᠬᠦᠭᠳᠡᠨ ᠲᠡᠬᠦᠨ ᠤ ᠡᠷᠬᠦᠭᠰᠡᠨ ᠡᠵᠢ ᠨᠤᠷᠪᠤᠷᠠᠭ᠎ᠠ ᠪᠤᠯᠤᠨ ᠲᠦᠷᠦᠭᠰᠡᠨ ᠡᠬᠡ ᠯᠾᠡᠮᠠᠰᠤᠸ᠎ᠠ ᠨᠢ ᠴᠦᠮ ᠦᠢᠯᠡ ᠤᠳᠠᠰᠤᠨ ᠳᠠᠭᠠᠨ ᠤᠷᠠᠨ ᠬᠦᠮᠤᠰ ᠪᠠᠶᠢᠵᠤ᠂ ᠲᠡᠳᠡᠨ ᠤ ᠨᠦᠯᠦᠬᠡ ᠪᠠᠷ ᠲᠤᠯᠤᠭᠠᠨ ᠨᠠᠰᠤᠨ ᠠᠴᠠ ᠪᠠᠨ ᠡᠬᠢᠯᠡᠨ ᠦᠢᠯᠡ ᠤᠳᠠᠰᠤ ᠲᠠᠢ ᠤᠷᠤᠯᠳᠤᠵᠤ᠂ ᠱᠠᠬᠠᠢ ᠶᠢᠨ ᠵᠤᠯᠤᠭ ᠰᠢᠷᠢᠬᠦ᠂ ᠬᠡᠷ ᠤᠨ ᠬᠦᠮᠤᠰ ᠤᠨ ᠤᠷᠠᠩᠬᠠᠢ ᠴᠤᠭᠤᠷᠬᠠᠢ ᠶᠢ ᠨᠦᠬᠦᠵᠤ ᠪᠦᠭᠯᠡᠬᠦ ᠦᠢᠯᠡ ᠤᠳᠠᠰᠤᠨ ᠤ ᠠᠵᠢᠯ ᠲᠠᠢ ᠦᠢᠷᠠᠳᠬᠤ ᠪᠤᠯᠵᠡᠢ᠃ ᠲᠡᠬᠦᠨ ᠤ ᠦᠢᠯᠡ ᠤᠳᠠᠰᠤ ᠰᠤᠷᠬᠤ ᠶᠠᠪᠤᠴᠠ ᠳᠤ ᠡᠷᠬᠦᠭᠰᠡᠨ ᠡᠵᠢ ᠪᠠ ᠲᠦᠷᠦᠭᠰᠡᠨ ᠡᠬᠡ ᠨᠢ ᠲᠦᠢᠯ ᠤᠨ ᠴᠢᠩᠭ᠎ᠠ ᠪᠠᠶᠢᠵᠤ᠂ ︽ᠤᠷᠠᠨ ᠬᠠᠷ᠎ᠠ ᠨᠢᠳᠤᠨ ᠳᠤ ᠴᠢᠨᠢ ᠤᠡᠭᠭᠠᠰᠤ ᠤᠷᠭᠤᠭᠠᠳ ᠪᠦᠭᠯᠡᠴᠢᠬᠡᠪᠡ ᠤᠤ︖ ᠬᠤᠷᠤᠭᠤ ᠶᠢ ᠴᠢᠨᠢ ᠵᠡᠬᠦᠦ ᠪᠠᠷ ᠬᠠᠳᠬᠤᠶ᠎ᠠ︾ ᠬᠡᠵᠤ ᠠᠶᠤᠯᠭᠠᠵᠤ ᠪᠠᠶᠢᠵᠡᠢ᠃ ᠲᠡᠬᠡᠬᠡᠳ ᠲᠡᠷᠡ ᠬᠦᠳᠡᠭᠡ ᠭᠠᠳᠠᠨ᠎ᠠ ᠮᠠᠯ ᠳᠤ ᠶᠠᠪᠤᠬᠤ ᠳᠤ ᠦᠢᠯᠡ ᠤᠳᠠᠰᠤ ᠤᠶᠤᠬᠤ᠂ ᠬᠠᠷᠢᠬᠤ ᠳᠤ ᠲᠦᠯᠡᠭᠡ ᠡᠬᠦᠷᠴᠤ᠂ ᠰᠦᠨᠢ ᠨᠢ ᠳ᠋ᠸᠡᠭ ᠤᠨ ᠬᠡᠷᠡᠯ ᠳᠤ ᠬᠡᠤᠬᠡᠳ ᠢᠶᠠᠨ ᠬᠦᠬᠦᠬᠦᠯᠬᠦ ᠶᠢᠨ ᠴᠢᠯᠦᠬᠡᠨ ᠳᠤ ᠪᠠᠰᠠ ᠦᠢᠯᠡ ᠤᠳᠠᠰᠤ ᠤᠶᠤᠳᠠᠭ ᠪᠠᠶᠢᠵᠡᠢ᠃ ᠲᠡᠷᠡ ᠠᠷᠪᠠᠨ ᠬᠡᠤᠬᠡᠳ ᠤᠨ ᠡᠵᠢ ᠪᠤᠯᠬᠤ ᠳᠠᠭᠠᠨ ᠨᠢᠬᠡ ᠶᠢ ᠨᠢ ᠴᠤ ᠤᠷᠠᠩᠬᠠᠢ ᠴᠤᠭᠤᠷᠬᠠᠢ ᠶᠠᠪᠤᠭᠤᠯᠤᠬᠰᠠᠨ ᠤᠴᠢᠷ ᠦᠬᠡᠢ ᠪᠦᠬᠡᠳ ᠠᠶᠢᠯ ᠰᠠᠭᠠᠬᠠᠯᠳᠠ ᠶᠢᠨ ᠬᠡᠤᠬᠡᠳ ᠲᠤ ᠬᠤᠪᠴᠠᠰᠤ ᠬᠤᠨᠡᠷ᠂ ᠱᠠᠬᠠᠢ ᠭᠤᠳᠤᠯ ᠢ ᠨᠢ ᠤᠶᠤᠵᠤ ᠲᠡᠮ ᠲᠤᠰᠠ ᠦᠵᠡᠬᠦᠯᠵᠤ ᠪᠠᠶᠢᠵᠡᠢ᠃     ᠬᠦᠨᠳᠤᠭᠠᠷᠪᠤ ᠶᠡᠬᠡᠴᠤᠳ ᠤᠨ ᠴᠢᠩᠭ᠎ᠠ ᠬᠠᠳᠠᠭᠤ ᠰᠤᠷᠭᠠᠯ ᠢᠶᠠᠷ ᠦᠢᠯᠡ ᠤᠳᠠᠰᠤᠨ ᠳᠤ ᠤᠷᠠᠨ ᠪᠤᠯᠤᠬᠰᠠᠨ ᠪᠦᠬᠡᠳ ᠦᠪᠡᠷ ᠤᠨ ᠬᠡᠤᠬᠡᠳ ᠢᠶᠠᠨ ᠴᠤ ᠦᠢᠯᠡ ᠤᠳᠠᠰᠤᠨ ᠳᠤ ᠴᠢᠩᠭ᠎ᠠ ᠰᠤᠷᠭᠠᠵᠤ᠂ ᠬᠡᠤᠬᠡᠳ ᠢᠶᠠᠨ ᠪᠠᠭ᠎ᠠ ᠰᠤᠷᠭᠠᠭᠤᠯᠢ ᠠᠴᠠ ᠡᠬᠢᠯᠡᠨ ᠦᠢᠯᠡ ᠤᠳᠠᠰᠤᠨ ᠳᠤ ᠰᠤᠷᠭᠠᠵᠤ᠂ ᠬᠡᠤᠬᠡᠨᠴᠤᠳ ᠲᠡᠭᠡᠨ ᠵᠤᠯᠤᠭ ᠨᠠᠭᠠᠵᠤ ᠦᠭᠴᠤ᠂ ᠭᠠᠷᠠᠭ ᠢᠶᠠᠷ ᠬᠠᠷᠢᠵᠤ ᠢᠷᠡᠬᠦ ᠳᠤ ᠡᠬᠦᠷᠬᠡ ᠪᠠᠨ ᠪᠡᠶᠡᠯᠡᠬᠦᠯᠦᠭᠰᠡᠨ ᠪᠠᠶᠢᠬᠤ ᠬᠡᠷᠡᠭᠳᠡᠢ ᠪᠠᠶᠢᠳᠠᠭ᠃ ᠲᠡᠬᠡᠵᠤ ᠦᠢᠯᠡ ᠤᠳᠠᠰᠤᠨ ᠳᠤ ᠲᠠᠪᠳᠠᠨ ᠪᠤᠯᠪᠠᠰᠤᠷᠠᠭᠤᠯᠤᠬᠰᠠᠨ ᠠᠴᠠ ᠲᠡᠬᠦᠨ ᠤ ᠶᠡᠭᠡ ᠬᠡᠤᠬᠡᠨ ᠡᠷᠳᠡᠨᠢᠴᠡᠴᠡᠭ ᠨᠢ ᠴᠤ ᠦᠤᠰᠢᠨ ᠨᠤᠳᠤᠭ ᠲᠠᠭᠠᠨ ᠴᠤᠯᠭᠤᠷᠠᠭᠰᠠᠨ ᠤᠷᠠᠨ ᠤᠶᠤᠳᠠᠯᠴᠢᠨ ᠪᠤᠯᠵᠤ᠂ ᠤᠳᠤ ᠡᠵᠢ ᠠᠴᠠ ᠪᠠᠨ ᠤᠷᠳᠤᠰ ᠮᠠᠬᠠᠢ ᠤᠶᠤᠬᠤ ᠤᠷ᠎ᠠ ᠡᠷᠳᠡᠮ ᠢ ᠪᠦᠷᠢᠨ ᠡᠵᠡᠮᠰᠢᠵᠤ ᠠᠪᠤᠬᠰᠠᠨ ᠪᠠᠶᠢᠨ᠎ᠠ᠃     ᠬᠦᠨᠳᠤᠭᠠᠷᠪᠤ ᠨᠠᠰᠤᠳᠠᠨ ᠲᠡᠬᠡᠷ᠎ᠡ ᠵᠠᠭᠤᠨ ᠤ ᠨᠠᠶᠠᠭᠠᠳ ᠤᠨ ᠠᠴᠠ ᠡᠬᠢᠯᠡᠨ ᠤᠳᠠᠭᠠᠨ ᠵᠢᠯ ᠤᠷᠬᠢᠵᠤ ᠵᠤᠬᠰᠤᠭᠠᠭᠰᠠᠨ ᠤᠷᠳᠤᠰ ᠮᠠᠬᠠᠢ ᠪᠠᠨ ᠤᠶᠤᠵᠤ᠂ ᠤᠷᠢᠳ ᠬᠤᠵᠢᠳ ᠲᠤᠭᠤᠷᠢᠮ ᠤᠨ ᠰᠦᠮ᠎ᠡ ᠳᠤ ᠠᠷᠪᠠᠨ ᠵᠦᠢᠷᠡᠢ ᠂ ᠭᠠᠯᠠᠭᠤᠳᠤ ᠶᠢᠨ ᠰᠦᠮ᠎ᠡ ᠳᠤ ᠭᠤᠷᠪᠠᠨ ᠵᠦᠢᠷᠡᠢ᠂ ᠦᠤᠰᠢᠨᠵᠤᠤ ᠰᠦᠮ᠎ᠡ ᠳᠤ ᠨᠢᠬᠡ ᠵᠦᠢᠷᠡᠢ᠂ ᠠᠭᠤᠯᠠ ᠶᠢᠨ ᠰᠦᠮ᠎ᠡ ᠶᠢᠨ ᠪᠠᠭ᠎ᠠ ᠤᠯᠠᠭᠠᠨ ᠬᠡᠬᠡᠨ ᠳᠤ ᠬᠤᠶᠡᠷ ᠵᠦᠢᠷᠡᠢ ᠤᠷᠳᠤᠰ ᠮᠠᠬᠠᠢ ᠶᠢ ᠲᠤᠰ ᠲᠤᠰ ᠤᠶᠤᠵᠤ ᠦᠭᠬᠦᠭᠰᠡᠨ ᠪᠦᠬᠡᠳ ᠬᠡᠷ ᠤᠨ ᠬᠢᠨ ᠤ ᠪᠠᠨ 47 ᠬᠦᠮᠤᠨ ᠳᠤ ᠴᠦᠮ ᠤᠷᠳᠤᠰ ᠮᠠᠬᠠᠢ ᠤᠶᠤᠵᠤ ᠦᠭᠴᠡᠢ᠃     ᠤᠳᠤ ᠲᠡᠷᠡ ᠲᠦᠷᠦᠭᠰᠡᠨ ᠡᠵᠢ ᠶᠢᠨ ᠢᠶᠠᠨ ᠵᠠᠭᠤ ᠭᠠᠷᠤᠢ ᠵᠢᠯ ᠪᠤᠯᠤᠭᠰᠠᠨ ᠮᠠᠬᠠᠢ ᠶᠢ ᠬᠡᠷᠢᠶᠡᠰᠤ ᠪᠤᠯᠭᠠᠨ ᠨᠡᠨᠳᠢᠩᠨᠡᠨ ᠬᠠᠳᠠᠭᠠᠯᠠᠵᠤ ᠪᠠᠶᠢᠬᠤ ᠮᠦᠷᠳᠡᠬᠡᠨ ᠦᠪᠡᠷ ᠤᠨ ᠬᠡᠤᠬᠡᠨ᠂ ᠪᠡᠷᠢ᠂ ᠠᠶᠢᠯ ᠠᠶᠢᠮᠠᠭ ᠤᠨ ᠬᠢᠨ ᠳᠡᠭᠡᠨ ᠤᠷᠳᠤᠰ ᠮᠠᠬᠠᠢ ᠤᠷᠠᠯᠠᠵᠤ ᠤᠶᠤᠬᠤ ᠡᠷᠳᠡᠮ ᠮᠡᠷᠬᠡᠵᠢᠯ ᠢ ᠵᠢᠭᠠᠵᠤ᠂ ᠵᠠᠷᠢᠮ ᠨᠢ ᠨᠢᠬᠡᠨᠳᠡ ᠪᠡᠶ᠎ᠡ ᠪᠠᠨ ᠲᠠᠭᠠᠭᠠᠵᠤ ᠤᠶᠤᠬᠤ ᠬᠡᠮᠵᠢᠶᠡᠨ ᠳᠤ ᠬᠦᠷᠴᠡᠢ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号