ᠮᠠᠨ ᠤ ᠬᠤᠰᠢᠭᠤᠨ ᠤ 25 ᠰᠤᠷᠤᠭᠴᠢ ︽ᠬᠠᠸᠠᠩ ᠲᠢᠭ︾ ᠮᠣᠩᠭᠤᠯ ᠤᠷᠠᠨ ᠪᠢᠴᠢᠯᠭᠡ ᠶᠢᠨ ᠰᠢᠯᠭᠠᠷᠠᠭᠤᠯᠤᠯᠳᠠ  ᠳᠤ ᠰᠢᠯᠢᠳᠡᠭ ᠬᠢᠷᠢ ᠪᠦᠳᠤᠮᠵᠢ ᠤᠯᠤᠯ᠎ᠠ
ᠨᠡᠶᠢᠲᠡᠯᠡᠭᠰᠡᠨ ᠴᠠᠭ᠄
2020-07-29
     7 ᠰᠠᠷ᠎ᠠ ᠶᠢᠨ 26 ᠤ ᠡᠳᠦᠷ᠂ ᠤᠷᠳᠤᠰ ᠬᠤᠲᠠ ᠶᠢᠨ ᠨᠠᠢᠮᠠᠳᠠᠬᠢ ᠤᠳᠠᠭᠠᠨ ᠤ ︽ᠬᠠᠸᠠᠩ ᠲᠢᠭ︾ ᠮᠣᠩᠭᠤᠯ ᠤᠷᠠᠨ ᠪᠢᠴᠢᠯᠭᠡ ᠶᠢᠨ ᠪᠤᠯᠪᠠᠰᠤᠷᠠᠯ ᠤᠨ ᠰᠤᠷᠤᠯᠭ᠎ᠠ ᠲᠡᠭᠦᠰᠬᠦ ᠶᠤᠰᠤᠯᠠᠯ ᠤᠲᠤᠭ ᠬᠤᠰᠢᠭᠤᠨ ᠳᠤ ᠶᠠᠪᠤᠭᠳᠠᠵᠤ ᠪᠤᠯᠪᠠᠰᠤᠷᠠᠯ ᠳᠤ ᠮᠠᠨ ᠤ ᠬᠤᠰᠢᠭᠤᠨ ᠠᠴᠠ 25 ᠰᠤᠷᠤᠭᠴᠢ ᠤᠷᠤᠯᠴᠠᠨ ᠰᠢᠯᠢᠳᠡᠭ ᠬᠢᠷᠢ ᠪᠦᠳᠤᠮᠵᠢ ᠤᠯᠤᠯ᠎ᠠ᠃       ᠪᠤᠯᠪᠠᠰᠤᠷᠠᠯ ᠨᠢ ᠲᠠᠪᠤᠨ ᠡᠳᠤᠷ ᠤᠨ ᠬᠤᠭᠤᠴᠠᠭ᠎ᠠ ᠲᠠᠢ ᠶᠠᠪᠤᠭᠳᠠᠨ ᠪᠤᠯᠪᠠᠰᠤᠷᠠᠯ ᠤᠨ ᠲᠠᠷᠠᠭ᠎ᠠ ᠰᠢᠯᠭᠠᠷᠠᠭᠤᠯᠤᠯᠳᠠ ᠭᠢᠵᠤ ᠪᠥᠭᠦ ᠬᠤᠳᠠ ᠠᠴᠠ ᠨᠡᠶᠢᠳᠡ 100 ᠭᠠᠷᠤᠢ ᠰᠤᠷᠤᠭᠴᠢ ᠤᠷᠤᠯᠴᠠᠨ ᠮᠠᠨ ᠤ ᠬᠤᠰᠢᠭᠤᠨ ᠠᠴᠠ ᠨᠠᠶᠢᠳᠡ 25 ᠰᠤᠷᠤᠭᠴᠢ ᠤᠷᠤᠯᠴᠠᠵᠤ ᠡᠭᠦᠨ ᠳᠤ ᠬᠤᠰᠢᠭᠤ ᠮᠤᠩᠭᠤᠯ ᠦᠨᠳᠤᠰᠤᠳᠡᠨ ᠤ ᠲᠤᠷᠰᠢᠯᠳᠡ ᠶᠢᠨ ᠪᠠᠭ᠎ᠠ ᠰᠤᠷᠠᠭᠠᠭᠤᠯᠢ ᠶᠢᠨ ᠭᠤᠷᠪᠠᠳᠤᠭᠠᠷ ᠣᠨ ᠳᠤ ᠰᠤᠷᠤᠯᠴᠠᠵᠤ ᠪᠠᠶᠢᠭ᠎ᠠ ᠠᠶᠠᠯ᠎ᠠ᠂ ᠡᠯᠧᠮᠧᠨ᠋ᠲ ᠣᠷᠠᠨ ᠪᠢᠴᠢᠯᠭᠡ ᠶᠢᠨ ᠰᠢᠯᠭᠠᠷᠠᠭᠤᠯᠤᠯᠳᠠ ᠶᠢᠨ ᠨᠢᠭᠡᠳᠦᠭᠡᠷ ᠲᠠᠰ ᠲᠤ ᠲᠤᠳᠤᠷᠠᠭᠰᠠᠨ ᠪᠠᠶᠢᠨ᠎ᠠ᠃       ᠨᠡᠷᠡᠲᠦ ᠤᠷᠠᠨ ᠪᠢᠴᠢᠯᠭᠡᠳᠡᠨ᠂ ᠤᠯᠤᠰ ᠤᠨ ᠳᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠮᠣᠩᠭᠤᠯ ᠤᠷᠠᠨ ᠪᠢᠴᠢᠯᠭᠡ ᠶᠢᠨ ᠦᠪᠯᠡᠨ ᠤᠯᠠᠮᠵᠢᠯᠠᠭᠴᠢ ᠪᠤᠤ ᠶᠢᠨ ᠱᠠᠨ ᠨᠦᠬᠦᠷ ᠣᠷᠳᠣᠰ ᠬᠤᠲᠠ ᠶᠢᠨ ᠬᠡᠪᠴᠢᠶᠡᠨ ᠤ ︽ᠬᠠᠸᠠᠩ ᠲᠢᠭ︾ ᠮᠣᠩᠭᠤᠯ ᠤᠷᠠᠨ ᠪᠢᠴᠢᠯᠭᠡ ᠶᠢᠨ ᠠᠩᠭᠢ ᠶᠢ ᠡᠷᠬᠢᠯᠡᠵᠦ ᠤᠷᠢᠳ ᠬᠤᠵᠢᠳ ᠨᠡᠶᠢᠲᠡ 600 ᠭᠠᠷᠤᠢ ᠪᠠᠭᠰᠢ᠂ 3600 ᠭᠠᠷᠤᠢ ᠰᠤᠷᠤᠭᠴᠢᠳ ᠢ ᠬᠦᠮᠦᠵᠢᠭᠦᠯᠦᠨ ᠭᠠᠷᠭᠠᠵᠠᠢ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号