ᠤᠷᠳᠤᠰ ᠬᠤᠲᠠ ᠶᠢᠨ ᠮᠤᠩᠭᠤᠯ ᠦᠨᠳᠦᠰᠦᠳᠡᠨ ᠤ ᠬᠤᠶᠠᠳᠤᠭᠠᠷ ᠲᠤᠮᠳᠠᠲᠤ ᠰᠤᠷᠭᠠᠭᠤᠯᠢ ᠶᠢᠨ 96 ᠰᠣᠷᠣᠭᠴᠢ ᠴᠦᠮ ᠬᠦᠰᠡᠭᠰᠡᠨ ᠰᠤᠷᠭᠠᠭᠤᠯᠢ ᠳᠤ ᠪᠠᠨ ᠲᠠᠪᠰᠢᠨ ᠤᠷᠤᠯ᠎ᠠ
ᠨᠡᠶᠢᠲᠡᠯᠡᠭᠰᠡᠨ ᠴᠠᠭ᠄
2020-07-30
     ᠡᠨᠡ ᠵᠢᠯ ᠤᠷᠳᠤᠰ ᠬᠤᠲᠠ ᠶᠢᠨ ᠮᠤᠩᠭᠤᠯ ᠦᠨᠳᠤᠰᠦᠳᠡᠨ ᠤ ᠬᠤᠶᠠᠳᠤᠭᠠᠷ ᠲᠤᠮᠳᠠᠲᠤ ᠰᠤᠷᠭᠠᠭᠤᠯᠢ ᠶᠢᠨ 96 ᠰᠣᠷᠣᠭᠴᠢ ᠤᠯᠤᠰ ᠤᠨ ᠨᠢᠬᠡᠳᠦᠯᠳᠡᠢ ᠰᠢᠯᠭᠠᠯᠳᠠ ᠳᠤ ᠲᠦᠷᠪᠡᠨ ᠲᠠᠯᠠᠪᠠᠢ ᠬᠤᠪᠢᠶᠠᠨ ᠤᠷᠤᠯᠴᠠᠵᠤ ᠦᠪᠡᠷ ᠦᠪᠡᠷ ᠤᠨ ᠮᠡᠳᠡᠯᠬᠡ ᠤᠶᠤᠨ ᠢᠶᠠᠨ  ᠰᠤᠷᠢᠨ ᠨᠡᠶᠢᠬᠡᠮ ᠤᠨ ᠰᠢᠨᠵᠢᠯᠡᠬᠦ ᠤᠬᠠᠭᠠᠨ ᠤ ᠲᠦᠷᠦᠯ ᠳᠤ ᠴᠡᠩᠭᠡᠷᠴᠡᠴᠡᠭ 486 ᠬᠤᠪᠢ ᠪᠠᠷ ᠲᠡᠷᠢᠬᠦᠯᠡᠵᠦ ᠪᠠᠶᠢᠭᠠᠯᠢ ᠶᠢᠨ ᠰᠢᠨᠵᠢᠯᠡᠬᠦ ᠤᠬᠠᠭᠠᠨ ᠤ ᠲᠦᠷᠦᠯ ᠳᠤ ᠬᠢᠯᠪᠠᠭᠠᠨ 449 ᠬᠤᠪᠢ ᠪᠠᠷ ᠰᠤᠷᠭᠠᠭᠤᠯᠢ ᠳᠤ ᠪᠠᠨ ᠲᠡᠷᠢᠬᠦᠯᠡᠯ᠎ᠡ᠃ ᠰᠤᠷᠪᠤᠯᠵᠢᠯᠠᠭᠴᠢ ᠤᠷᠳᠤᠰ ᠬᠤᠲᠠ ᠶᠢᠨ ᠮᠤᠩᠭᠤᠯ ᠦᠨᠳᠦᠰᠦᠳᠡᠨ ᠤ ᠬᠤᠶᠠᠳᠤᠭᠠᠷ ᠲᠤᠮᠳᠠᠲᠤ ᠰᠤᠷᠭᠠᠭᠤᠯᠢ ᠳᠤ ᠬᠦᠷᠬᠦ ᠳᠤ ᠪᠠᠭᠰᠢ ᠨᠠᠷ ᠶᠠᠭ ᠰᠤᠷᠤᠭᠴᠢᠳ ᠢᠶᠠᠨ ᠵᠤᠬᠢᠶᠠᠨ ᠪᠠᠶᠢᠭᠤᠯᠵᠤ ᠰᠦᠯᠵᠢᠶᠡᠨ ᠳᠡᠭᠡᠷ᠎ᠡ ᠬᠡᠷᠬᠢᠨ ᠡᠷᠡᠮᠡᠯᠵᠡᠯ ᠲᠠᠭᠯᠠᠵᠤ ᠲᠤᠰᠬᠠᠢ ᠮᠡᠷᠬᠡᠵᠢᠯ ᠢᠶᠠᠨ ᠰᠤᠩᠭᠤᠬᠤ ᠶᠢ ᠨᠠᠷᠢᠨ ᠲᠤᠳᠤᠷᠬᠠᠢ ᠲᠠᠶᠢᠯᠪᠤᠷᠢᠯᠠᠨ ᠵᠢᠭᠠᠵᠤ ᠪᠠᠶᠢᠯ᠎ᠠ᠃ ᠤᠶᠢᠯᠠᠭᠠᠭᠰᠠᠨ ᠢᠶᠠᠷ 96 ᠰᠤᠷᠤᠭᠴᠢ ᠠᠴᠠ ᠵᠢᠩᠬᠢᠨᠢ ᠠᠩᠬᠢ ᠶᠢᠨ ᠨᠢᠬᠡᠳᠦᠬᠡᠷ ᠪᠦᠯᠦᠭ ᠲᠤ 15 ᠰᠤᠷᠤᠭᠴᠢ᠂ ᠵᠢᠩᠬᠢᠨᠢ ᠠᠩᠬᠢ ᠶᠢᠨ ᠬᠤᠶᠠᠳᠤᠭᠠᠷ ᠪᠦᠯᠦᠭ ᠲᠤ 55 ᠰᠤᠷᠤᠭᠴᠢ ᠡᠯᠰᠡᠭᠳᠡᠨ ᠲᠡᠭᠡᠲᠤ ᠵᠡᠷᠭᠡ ᠶᠢᠨ ᠲᠤᠰᠬᠠᠢ ᠮᠡᠷᠬᠡᠵᠢᠯ ᠤᠨ ᠠᠩᠬᠢ ᠎ ᠳᠤ 26 ᠰᠤᠷᠤᠭᠴᠢ ᠡᠯᠰᠡᠭᠳᠡᠨ ᠤᠷᠤᠵᠤ ᠪᠦᠬᠦᠳᠡᠭᠡᠷ ᠬᠦᠰᠡᠭᠰᠡᠨ ᠰᠤᠷᠭᠠᠭᠤᠯᠢ ᠳᠤ ᠪᠠᠨ ᠲᠠᠪᠰᠢᠨ ᠤᠷᠤᠭᠰᠠᠨ ᠪᠠᠶᠢᠨ᠎ᠠ᠃      ᠰᠤᠷᠤᠭᠴᠢ ᠬᠢᠯᠪᠠᠭᠠᠨ᠄ ︽ᠰᠢᠯᠭᠠᠯᠳᠠ ᠠᠴᠠ ᠡᠮᠦᠨ᠎ᠡ ᠰᠠᠨᠳᠤᠷᠤᠭᠰᠠᠨ ᠰᠡᠳᠬᠢᠯᠬᠡ ᠪᠠᠨ ᠲᠠᠷᠤᠬᠤ ᠶᠢᠨ ᠲᠦᠯᠦᠭᠡ ᠦᠷᠯᠦᠬᠡ ᠳᠤ ᠪᠠᠨ ᠤᠷᠤᠢ ᠰᠢᠭ᠋ ᠪᠤᠰᠳᠠᠭ᠃ ᠤᠷᠤᠢ ᠪᠤᠰᠤᠯ᠎ᠠ ᠬᠡᠰᠡᠨ ᠴᠣ᠋ 6 ᠴᠠᠭ ᠠᠴᠠ ᠡᠮᠦᠨ᠎ᠡ ᠠᠩᠬᠢ ᠳᠤ ᠪᠠᠨ ᠤᠴᠢᠵᠦ ᠨᠤᠮ ᠢᠶᠠᠨ ᠦᠵᠡᠬᠡᠳ ᠴᠡᠬᠡᠵᠢᠯᠡᠬᠦ ᠴᠢᠬᠤᠯᠠᠳᠠᠢ ᠪᠠᠨ ᠦᠵᠡᠨ᠎ᠡ᠃ ᠪᠠᠶᠢᠭᠠᠯᠢ ᠶᠢᠨ ᠰᠢᠨᠵᠢᠯᠡᠬᠦ ᠤᠬᠠᠭᠠᠨ ᠰᠤᠷᠴᠤ ᠪᠠᠶᠢᠬᠤ ᠤᠴᠢᠷ ᠠᠴᠠ ᠭᠤᠤᠯᠳᠠᠭᠤ ᠲᠤᠮᠢᠶ᠎ᠠ᠂ ᠠᠮᠢᠳᠤ ᠪᠤᠳᠠᠰ ᠴᠡᠭᠡᠵᠢᠯᠡᠬᠦ ᠠᠴᠠ ᠭᠠᠳᠠᠨ᠎ᠠ ᠮᠤᠩᠭᠤᠯ ᠬᠡᠯᠡ᠂ ᠡᠷᠳᠡᠨ ᠤ ᠬᠡᠯᠡ ᠪᠠᠨ ᠰᠠᠶᠢᠨ ᠴᠡᠬᠡᠵᠢᠯᠡᠭᠰᠡᠨ ᠶᠤᠮ᠃ ᠪᠢ 449 ᠬᠤᠪᠢ ᠰᠢᠯᠭᠠᠵᠦ ᠰᠢᠯᠭᠠᠬᠤ ᠬᠡᠰᠡᠨ ᠬᠤᠪᠢ ᠳᠤ ᠪᠠᠨ ᠬᠦᠷᠴᠦ ᠴᠢᠳᠠᠭ᠎ᠠ ᠦᠬᠡᠢ ᠰᠠᠨᠠᠭ᠎ᠠ ᠳᠤᠮᠳᠠᠬᠠᠨ ᠪᠠᠶᠢᠵᠦ ᠲᠦᠰᠦᠬᠡᠯᠡᠭᠰᠡᠨ ᠳᠤ ᠪᠠᠨ ᠬᠦᠷᠴᠦ ᠴᠢᠳᠠᠭ᠎ᠠ ᠦᠬᠡᠢ᠃ ᠤᠳᠤ ᠶᠡᠭᠡ ᠰᠤᠷᠭᠠᠭᠤᠯᠢ ᠳᠤ ᠪᠠᠨ ᠲᠤᠰᠬᠠᠢ ᠮᠡᠷᠭᠡᠵᠢᠯ ᠢᠶᠠᠨ ᠰᠤᠷᠤᠭᠠᠳ ᠬᠤᠵᠢᠮ ᠤᠨ ᠵᠠᠮ ᠢᠶᠠᠨ ᠡᠬᠢᠯᠡᠬᠦᠯᠦᠶ᠎ᠡ ᠬᠡᠵᠦ ᠪᠤᠳᠤᠵᠤ ᠪᠠᠶᠢᠨ᠎ᠠ︾ ᠬᠡᠪᠡ᠃       ᠰᠤᠷᠤᠭᠴᠢ ᠮᠦᠴᠢᠷ᠄ ︽ᠰᠢᠯᠭᠠᠯᠳᠠ ᠠᠴᠠ ᠡᠮᠦᠨ᠎ᠡ ᠬᠢᠷᠢ ᠪᠦᠲᠦᠮᠵᠢ ᠪᠠᠷ ᠪᠠᠨ ᠠᠪᠤ ᠡᠵᠢ ᠶᠢ ᠪᠠᠨ ᠪᠠᠶᠠᠰᠬᠠᠶ᠎ᠠ ᠬᠡᠵᠦ ᠪᠤᠳᠤᠭᠠᠳ ᠡᠷᠳᠡ ᠪᠤᠰᠴᠤ ᠲᠡᠪᠳᠡᠷ ᠨᠤᠮ ᠢᠶᠠᠨ ᠦᠵᠡᠬᠡᠳ ᠮᠡᠳᠡᠯᠬᠡ ᠪᠠᠨ ᠪᠠᠳᠤᠳᠬᠠᠵᠤ ᠵᠢᠭᠠᠬᠠᠨ ᠲᠠᠷᠤᠭᠠᠰᠤ ᠲᠠᠢ ᠪᠠᠶᠢᠪᠠ᠃ ᠪᠠᠭᠰᠢ ᠪᠢᠳᠠᠨ ᠢ ᠲᠠᠷᠤᠭᠠᠰᠤ ᠠᠪᠴᠤ ᠪᠤᠯᠬᠤ ᠦᠬᠡᠢ ᠬᠡᠮᠡᠨ ᠲᠠᠶᠢᠪᠤᠰᠢᠷᠠᠭᠤᠯᠵᠤ ᠪᠠᠶᠢᠭᠰᠠᠨ ᠠᠴᠠ ᠪᠢ ᠰᠡᠳᠬᠢᠯ ᠎ ᠳᠤ ᠪᠠᠨ ᠶᠡᠭᠡ ᠲᠠᠷᠤᠭᠠᠰᠤ ᠠᠪᠤᠭᠰᠠᠨ ᠦᠬᠡᠢ ᠡᠩ ᠤᠨ ᠪᠠᠶᠢᠳᠠᠯ ᠢᠶᠠᠷ ᠰᠢᠯᠭᠠᠭᠤᠯᠵᠠᠢ᠃ ᠴᠢᠯᠦᠭᠡ ᠲᠠᠯᠪᠢᠭᠠᠳ ᠪᠢ ᠬᠦᠳᠡᠭᠡ ᠳᠤ ᠪᠠᠨ ᠬᠠᠷᠢᠵᠤ ᠠᠪᠤ ᠡᠵᠢ ᠪᠠᠨ ᠬᠠᠪᠰᠤᠷᠪᠠ᠃ ᠡᠨᠡ ᠤᠳᠠᠭ᠎ᠠ ᠺᠤᠮᠫᠢᠦᠲ᠋ᠧᠷ᠂ ᠭᠠᠷ ᠤᠳᠠᠰᠤ ᠪᠠᠷ ᠲᠤᠰᠬᠠᠢ ᠮᠡᠷᠭᠡᠵᠢᠯ ᠢᠶᠠᠨ ᠬᠡᠷᠭᠢᠨ ᠰᠤᠩᠭᠤᠬᠤ ᠲᠤᠬᠠᠢ ᠪᠡᠯᠡᠳᠬᠡᠯ ᠬᠢᠵᠦ ᠲᠠᠷᠠᠭ᠎ᠠ ᠨᠢ ᠲᠡᠭᠡᠲᠤ ᠰᠤᠷᠭᠠᠭᠤᠯᠢ ᠳᠤ ᠶᠠᠪᠤᠬᠤ ᠪᠡᠯᠡᠳᠭᠡᠯ ᠢᠶᠠᠨ ᠬᠢᠨ᠎ᠡ᠃ ᠲᠡᠭᠡᠲᠤ ᠰᠤᠷᠭᠠᠭᠤᠯᠢ ᠪᠤᠯ ᠨᠢᠬᠡ ᠬᠦᠮᠦᠨ ᠤ ᠪᠡᠶ᠎ᠡ ᠪᠠᠨ ᠲᠠᠭᠠᠭᠠᠬᠤ ᠴᠢᠳᠠᠪᠤᠷᠢ ᠶᠢ ᠰᠢᠯᠭᠠᠳᠠᠭ ᠴᠠᠭ᠂ ᠲᠡᠭᠡᠬᠦᠯᠡᠷ ᠲᠤᠰᠬᠠᠢ ᠮᠡᠷᠭᠡᠵᠢᠯ ᠢᠶᠠᠨ ᠰᠠᠶᠢᠨ ᠰᠤᠷᠬᠤ ᠦᠬᠡᠢ ᠪᠤᠯ ᠨᠡᠶᠢᠬᠡᠮ ᠳᠡᠭᠡᠷ᠎ᠡ ᠲᠦᠰᠢᠭ ᠦᠬᠡᠢ᠂ ᠴᠢᠭᠯᠡᠬᠦᠷ ᠦᠬᠡᠢ ᠵᠦᠭᠯᠡᠬᠦᠷ ᠰᠢᠭ ᠪᠤᠯᠤᠨ᠎ᠠ︾ ᠭᠡᠵᠦ ᠪᠠᠶᠢᠪᠠ᠃      ᠰᠤᠷᠤᠭᠴᠢ ᠴᠡᠩᠭᠡᠷᠴᠡᠴᠡᠭ᠄ ︽ᠴᠢᠷᠮᠠᠶᠢᠯᠭ᠎ᠠ ᠬᠦᠮᠦᠨ ᠢ ᠭᠤᠮᠤᠳᠠᠭᠠᠳᠠᠭ ᠦᠬᠡᠢ ᠬᠡᠰᠡᠨ ᠶᠤᠰᠤ ᠤᠬᠠᠭᠠᠨ ᠢ ᠪᠢ ᠦᠢᠯᠡᠳᠦᠯᠬᠡ ᠪᠠᠷ ᠬᠡᠷᠡᠴᠢᠯᠡᠵᠡᠢ᠃ ᠪᠢ ᠨᠤᠶᠢᠷ ᠢᠶᠠᠨ ᠬᠠᠶᠠᠵᠤ ᠪᠤᠰᠤᠭᠰᠠᠨ ᠤ ᠳ᠋ᠦᠩ ᠳᠤ ᠦᠨᠦᠳᠦᠷ ᠤᠨ ᠦᠷ᠎ᠡ ᠪᠦᠲᠦᠮᠵᠢ ᠶᠢ ᠠᠪᠴᠢᠷᠠᠭᠰᠠᠨ ᠶᠤᠮ᠃ ᠲᠠᠷᠠᠭᠠᠴᠢ ᠶᠢᠨ ᠤᠳᠠᠭᠠᠨ ᠤ ᠲᠡᠭᠡᠲᠤ ᠰᠢᠯᠭᠠᠯᠳᠠ ᠳᠤ ᠤᠷᠤᠯᠴᠠᠬᠤ ᠲᠡᠬᠦᠦ ᠨᠠᠷ ᠎ ᠲᠤ ᠪᠠᠨ ᠤᠳᠤ ᠶᠢᠨ ᠬᠢᠷᠢ ᠪᠦᠲᠦᠮᠵᠢ ᠰᠠᠨᠠᠭᠠᠨ ᠳᠤ ᠴᠢᠨᠢ ᠬᠦᠷᠬᠦ ᠦᠬᠡᠢ ᠴᠤ ᠢᠷᠡᠬᠦ ᠨᠢᠬᠡᠨ ᠵᠢᠯ ᠳᠤ ᠪᠠᠨ ᠴᠦᠬᠦᠷᠦᠯ ᠦᠬᠡᠢ ᠴᠢᠷᠮᠠᠶᠢᠪᠠᠯ ᠰᠢᠯᠭᠠᠯᠳᠠ ᠶᠢᠨ ᠬᠤᠪᠢ ᠭᠠᠷᠬᠤ ᠡᠳᠦᠷ ᠴᠢᠮ᠎ᠠ ᠳᠤ ᠪᠠᠶᠠᠷ ᠵᠢᠷᠭᠠᠯ ᠪᠤᠯᠵᠤ ᠢᠷᠡᠨ᠎ᠡ ᠭᠡᠵᠦ ᠰᠠᠨᠠᠭᠤᠯᠤᠶ᠎ᠠ︾ ᠭᠡᠪᠡ᠃      ᠬᠡᠷ ᠤᠨ ᠠᠬᠠᠮᠠᠳ ᠨᠤᠮᠢᠨ᠄ ︽ᠪᠢᠳᠠ ᠬᠦᠳᠡᠭᠡ ᠳᠤ ᠪᠠᠨ ᠪᠠᠶᠢᠬᠤ ᠤᠴᠢᠷ ᠠᠴᠠ ᠬᠡᠤᠭᠡᠳ ᠤᠨ ᠢᠶᠠᠨ ᠰᠤᠷᠤᠯᠭ᠎ᠠ ᠎ ᠳᠤ ᠶᠡᠭᠡ ᠲᠤᠰᠠ ᠳᠡᠮ ᠪᠤᠯᠵᠦ ᠳᠡᠶᠢᠯᠬᠦ ᠦᠬᠡᠢ᠂ ᠰᠤᠷᠤᠯᠭ᠎ᠠ ᠶᠢᠨ ᠬᠠᠮᠢᠶ᠎ᠠ ᠲᠠᠢ ᠵᠢᠭᠠᠵᠤ ᠰᠤᠷᠭᠠᠬᠤ ᠶᠢ ᠶᠡᠭᠡ ᠮᠡᠳᠡᠬᠦ ᠦᠬᠡᠢ᠂ ᠡᠨᠡ ᠤᠳᠠᠭᠠᠨ ᠤ ᠰᠢᠯᠭᠠᠯᠳᠠ ᠳᠤ ᠦᠪᠡᠷ ᠢᠶᠠᠨ ᠪᠡᠶ᠎ᠡ ᠪᠠᠨ ᠳᠠᠭᠠᠭᠠᠵᠦ ᠴᠢᠷᠮᠠᠶᠢᠵᠦ ᠪᠠᠶᠢᠭᠠᠳ ᠰᠢᠯᠢᠳᠡᠭ ᠬᠢᠷᠢ ᠪᠦᠲᠦᠮᠵᠢ ᠤᠯᠤᠭᠰᠠᠨ ᠪᠤᠯᠬᠤᠷ ᠪᠠᠶᠠᠷᠯᠠᠵᠤ ᠪᠠᠶᠢᠨ᠎ᠠ᠃ ᠪᠤᠰᠤᠳ ᠰᠤᠷᠤᠭᠴᠢ ᠴᠤ ᠶᠠᠮᠠᠷ ᠰᠢᠯᠭᠠᠭᠰᠠᠨ ᠴᠤ ᠪᠦᠷ ᠬᠠᠮᠢᠶ᠎ᠠ ᠦᠬᠡᠢ᠂ ᠬᠤᠵᠢᠮ ᠡᠬᠡ ᠤᠯᠤᠰ᠂ ᠪᠠᠭᠰᠢ ᠲᠠᠢ ᠪᠠᠨ ᠬᠠᠶᠢᠷ᠎ᠠ ᠬᠠᠯᠠᠮᠵᠢ ᠲᠠᠢ ᠰᠠᠶᠢᠬᠠᠨ ᠶᠠᠪᠤᠬᠤ ᠶᠢ ᠪᠦᠬᠦ ᠬᠡᠷ ᠤᠨ ᠠᠬᠠᠮᠠᠳ ᠬᠦᠰᠡᠵᠦ ᠪᠠᠶᠢᠬᠤ ᠡ ᠬᠡᠵᠦ ᠪᠤᠳᠤᠵᠦ ᠪᠠᠶᠢᠨ᠎ᠠ︾ ᠭᠡᠪᠡ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号