ᠰᠢ ᠶᠢᠨ ᠫᠢᠩ ᠫᠠᠫᠦ᠋ᠶᠠ ᠰᠢᠨ᠎ᠡ ᠬᠢᠨᠧᠶᠠ ᠶᠢᠨ ᠪᠦᠲ᠋ᠦ᠋ᠺ ᠰᠤᠷᠭᠠᠭᠤᠯᠢ ᠶᠢᠨ ᠬᠦᠷᠢᠶᠠᠯᠠᠩ ᠤᠨ ᠬᠢᠨ ᠳᠤ ᠬᠠᠷᠢᠭᠤ ᠵᠠᠬᠢᠳᠠᠯ ᠢᠯᠡᠭᠡᠵᠠᠢ
ᠨᠡᠶᠢᠲᠡᠯᠡᠭᠰᠡᠨ ᠴᠠᠭ᠄
2020-07-08
     ᠤᠢᠢᠷ᠎ᠡ ᠶᠢᠨ ᠡᠳᠦᠷ᠂ ᠤᠯᠤᠰ ᠤᠨ ᠲᠡᠷᠢᠬᠦᠯᠡᠭᠴᠢ ᠰᠢ ᠶᠢᠨ ᠫᠢᠩ ᠫᠠᠫᠦ᠋ᠶᠠ ᠰᠢᠨ᠎ᠡ ᠬᠢᠨᠧᠶᠠ ᠶᠢᠨ ᠪᠦᠲ᠋ᠦ᠋ᠺ ᠰᠤᠷᠭᠠᠭᠤᠯᠢ ᠶᠢᠨ ᠬᠦᠷᠢᠶᠠᠯᠠᠩ ᠤᠨ ᠬᠢᠨ ᠳᠤ ᠬᠠᠷᠢᠭᠤ ᠵᠠᠬᠢᠳᠠᠯ ᠢᠯᠡᠭᠡᠵᠠᠢ᠃ ᠰᠢ ᠶᠢᠨ ᠫᠢᠩ ᠵᠠᠬᠢᠳᠠᠯ ᠳᠠᠭᠠᠨ 2018 ᠤᠨ ᠳᠤ ᠫᠠᠫᠦ᠋ᠶᠠ ᠰᠢᠨ᠎ᠡ ᠬᠢᠨᠧᠶᠠ ᠳᠤ ᠠᠶᠢᠯᠴᠢᠯᠠᠬᠤ ᠳᠠᠭᠠᠨ ᠪᠦᠲ᠋ᠦ᠋ᠺ ᠰᠤᠷᠭᠠᠭᠤᠯᠢ ᠶᠢᠨ ᠬᠦᠷᠢᠶᠠᠯᠠᠩ ᠤᠨ ᠠᠰᠢᠬᠯᠠᠯᠳᠠ ᠳᠤ ᠤᠷᠤᠬᠤ ᠶᠤᠰᠤᠯᠠᠯ ᠳᠤ ᠤᠷᠤᠯᠴᠠᠬᠰᠠᠨ ᠪᠠᠶᠢᠳᠠᠯ ᠢᠶᠠᠨ ᠪᠠᠶᠠᠷ ᠬᠦᠷ ᠲᠠᠢ ᠡᠷᠬᠢᠴᠡᠬᠦᠯᠵᠤ᠂ ᠰᠤᠷᠭᠠᠭᠤᠯᠢ ᠶᠢᠨ ᠬᠦᠷᠢᠶᠡᠯᠡᠩ ᠤᠨ ᠰᠤᠷᠭᠠᠭᠤᠯᠢ ᠡᠷᠬᠢᠯᠡᠭᠰᠡᠨ ᠠᠮᠵᠢᠯᠲᠠ ᠪᠦᠳᠦᠮᠵᠢ ᠶᠢ ᠨᠤᠳᠠᠯᠠᠨ ᠂ ᠰᠤᠷᠭᠠᠭᠤᠯᠢ ᠶᠢᠨ ᠬᠦᠷᠢᠶᠠᠯᠠᠩ ᠤᠨ ᠤᠢᠢᠷ᠎ᠡ ᠶᠢᠨ ᠬᠤᠭᠤᠴᠠᠭᠠᠨ ᠳᠤ ᠰᠢᠨ᠎ᠡ ᠳᠢᠳᠢᠮᠯᠢᠭ ᠠᠭᠤᠰᠬᠢᠨ ᠦᠷᠪᠢᠰᠤᠯ ᠤᠨ ᠬᠢᠵᠢᠭ ᠤᠨ ᠪᠠᠶᠢᠳᠠᠯ ᠤᠨ ᠨᠦᠯᠦᠭᠡ ᠶᠢ ᠢᠯᠠᠨ ᠲᠠᠪᠠᠵᠤ ᠬᠢᠴᠢᠶᠠᠯ ᠢᠶᠠᠨ ᠰᠡᠷᠬᠦᠭᠡᠭᠰᠡᠨ ᠳᠤ ᠪᠠᠶᠠᠷᠯᠠᠵᠤ ᠪᠠᠶᠢᠬᠤ ᠪᠠᠨ ᠢᠯᠡᠳᠭᠡᠵᠤ᠂ ᠲᠤᠮᠳᠠᠳᠤ ᠤᠯᠤᠰ ᠦᠷᠬᠦᠯᠵᠢᠯᠡᠨ ᠰᠤᠷᠭᠠᠭᠤᠯᠢ ᠶᠢᠨ ᠬᠦᠷᠢᠶᠠᠯᠠᠩ ᠤᠨ ᠬᠦᠭᠵᠢᠯᠳᠠ ᠳᠤ ᠴᠢᠬᠤᠯᠠ ᠪᠦᠬᠦᠢ ᠲᠠᠮᠵᠢᠯᠭᠡ ᠪᠠ ᠬᠠᠪᠰᠤᠷᠤᠯᠭ᠎ᠠ ᠦᠵᠡᠬᠦᠯᠤᠨ᠎ᠡ ᠭᠡᠵᠤ ᠵᠢᠭᠠᠵᠤ ᠭᠠᠷᠭᠠᠪᠠ᠃      ᠡᠮᠤᠨᠡᠭᠡᠨ᠂ ᠫᠠᠫᠦ᠋ᠶᠠ ᠰᠢᠨ᠎ᠡ ᠬᠢᠨᠧᠶᠠ ᠶᠢᠨ ᠪᠦᠲ᠋ᠦ᠋ᠺ ᠰᠤᠷᠭᠠᠭᠤᠯᠢ ᠶᠢᠨ ᠬᠦᠷᠢᠶᠠᠯᠠᠩ ᠤᠨ ᠰᠤᠷᠭᠠᠭᠤᠯᠢ ᠶᠢᠨ ᠲᠠᠯ᠎ᠡ ᠶᠢᠨ ᠬᠢᠨ ᠲᠡᠷᠢᠬᠦᠯᠡᠭᠴᠢ ᠰᠢ ᠶᠢᠨ ᠫᠢᠩ ᠳᠤ ᠵᠠᠬᠢᠳᠠᠯ ᠢᠯᠡᠭᠡᠵᠤ᠂ ᠲᠡᠷᠢᠬᠦᠯᠡᠭᠴᠢ ᠰᠢ ᠶᠢᠨ ᠫᠢᠩ ᠤᠨ ᠰᠤᠷᠭᠠᠭᠤᠯᠢ ᠶᠢᠨ ᠬᠦᠷᠢᠶᠠᠯᠠᠩ ᠤᠨ ᠬᠦᠭᠵᠢᠯᠳᠠ ᠶᠢ ᠬᠠᠯᠠᠮᠵᠢᠯᠠᠵᠤ ᠪᠠᠶᠢᠬᠤ ᠳᠤ ᠴᠢᠩ ᠰᠡᠳᠬᠢᠯ ᠠᠴᠠ ᠪᠠᠨ ᠲᠡᠯᠡᠷᠬᠠᠵᠤ᠂ ᠲᠤᠮᠳᠠᠳᠤ ᠤᠯᠤᠰ ᠤᠨ ᠪᠦᠬᠦ ᠪᠦᠮᠪᠦᠷᠴᠡᠭ ᠤᠨ ᠰᠢᠨ᠎ᠡ ᠳᠢᠳᠢᠮᠯᠢᠭ ᠠᠭᠤᠰᠬᠢᠨ ᠦᠷᠪᠢᠰᠤᠯ ᠤᠨ ᠬᠢᠵᠢᠭ ᠲᠠᠢ ᠲᠡᠮᠡᠴᠡᠬᠦ ᠤᠯᠠᠨ ᠤᠯᠤᠰ ᠤᠨ ᠬᠠᠮᠳᠤᠷᠠᠯᠴᠠᠭ᠎ᠠ ᠶᠢ ᠠᠬᠢᠭᠤᠯᠬᠤ ᠳᠤ ᠢᠳᠡᠪᠬᠢᠳᠠᠢ ᠬᠤᠪᠢ ᠨᠠᠮᠡᠷᠢ ᠦᠵᠡᠬᠦᠯᠦᠭᠰᠡᠨ ᠢ ᠲᠡᠭᠡᠳᠤ ᠬᠡᠮᠵᠢᠶ᠎ᠡ ᠪᠠᠷ ᠦᠨᠡᠯᠡᠵᠤ᠂ ᠲᠤᠮᠳᠠᠳᠤ ᠤᠯᠤᠰ ᠤᠨ ᠬᠠᠪᠰᠤᠷᠤᠯᠭ᠎ᠠ ᠪᠠᠷ ᠲᠤᠰ ᠰᠤᠷᠭᠠᠭᠤᠯᠢ ᠶᠢᠨ ᠬᠢᠨ ᠬᠢᠵᠢᠭ ᠤᠨ ᠪᠠᠶᠢᠳᠠᠯ ᠤᠨ ᠨᠦᠯᠦᠭᠡ ᠶᠢ ᠢᠯᠠᠨ ᠲᠠᠪᠠᠵᠤ ᠬᠢᠴᠢᠶᠠᠯ ᠢᠶᠠᠨ ᠰᠡᠷᠬᠦᠭᠡᠬᠦ ᠶᠢ ᠪᠠᠶᠠᠯᠡᠬᠦᠯᠤᠨ᠎ᠡ ᠭᠡᠵᠤ ᠢᠯᠡᠳᠭᠡᠵᠠᠢ᠃      ᠪᠦᠲ᠋ᠦ᠋ᠺ ᠰᠤᠷᠭᠠᠭᠤᠯᠢ ᠶᠢᠨ ᠬᠦᠷᠢᠶᠠᠯᠡᠩ 2018 ᠤᠨ ᠤ 11 ᠰᠠᠷ᠎ᠡ ᠳᠤ ᠠᠰᠢᠬᠯᠠᠯᠳᠠ ᠳᠤ ᠤᠷᠤᠬᠰᠡᠨ ᠠᠴᠠ ᠨᠠᠭᠠᠰᠢ 3000 ᠰᠢᠬᠠᠮ ᠰᠤᠷᠤᠬᠴᠢ ᠡᠯᠰᠡᠵᠤ᠂ ᠲᠤᠬᠠᠢ ᠶᠢᠨ ᠭᠠᠵᠠᠷ ᠤᠨ ᠰᠤᠷᠭᠠᠭᠤᠯᠢ ᠡᠷᠬᠢᠯᠡᠬᠦ ᠨᠦᠬᠦᠴᠡᠯ ᠢ ᠰᠠᠶᠢᠵᠢᠷᠠᠭᠤᠯᠤᠨ᠂ ᠫᠠᠫᠦ᠋ᠶᠠ ᠰᠢᠨ᠎ᠡ ᠬᠢᠨᠧᠶᠠ ᠶᠢᠨ ᠵᠠᠰᠠᠭ ᠤᠨ ᠤᠷᠳᠤᠨ ᠪᠤᠯᠤᠨ ᠠᠷᠠᠳ ᠲᠦᠮᠡᠨ ᠤ ᠰᠠᠶᠢᠨ ᠦᠨᠡᠯᠡᠯᠳᠠ ᠶᠢ ᠤᠯᠤᠬᠰᠡᠨ ᠪᠠᠶᠢᠨ᠎ᠡ᠃    
 
ᠢᠷᠡᠯᠲᠡ᠄ ᠲᠤᠮᠳᠠᠲᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠬᠡᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号