ᠤᠯᠠᠮᠵᠢᠯᠠᠯᠳᠤ ᠡᠮᠴᠢᠯᠡᠭᠡᠨ ᠤ ᠠᠷᠭ᠎ᠠ ᠪᠤᠯᠬᠤ ᠭᠠᠯ ᠲᠠᠷᠨᠢ ᠶᠢᠨ ᠵᠠᠰᠠᠯ ᠮᠠᠯᠴᠢᠨ ᠲᠦᠮᠡᠨ ᠤ ᠬᠦᠷᠢᠶᠠᠯᠠᠯ  ᠢ ᠤᠯᠵᠤ ᠪᠠᠶᠢᠨ᠎ᠠ
ᠨᠡᠶᠢᠲᠡᠯᠡᠭᠰᠡᠨ ᠴᠠᠭ᠄
2020-07-09
     ᠮᠤᠩᠭᠤᠯ ᠡᠮ ᠡᠮᠨᠡᠯᠭᠡ ᠶᠢᠨ ᠤᠶᠢᠯᠡᠴᠢᠯᠡᠭᠡᠨ ᠤ ᠴᠢᠳᠠᠪᠤᠷᠢ ᠶᠢ ᠲᠡᠭᠡᠭᠰᠢᠯᠡᠭᠦᠯᠵᠦ ᠦᠷᠭᠡᠨ ᠤᠯᠠᠨ ᠮᠠᠯᠴᠢᠨ ᠲᠦᠮᠡᠨ ᠳᠤ ᠨᠠᠩ ᠰᠠᠶᠢᠨ ᠤᠶᠢᠯᠡᠴᠢᠯᠡᠭᠦ ᠶᠢᠨ ᠡᠭᠦᠳᠡᠨ ᠠᠴᠠ ᠮᠠᠨ ᠤ ᠬᠤᠰᠢᠭᠤᠨ ᠤ ᠮᠤᠩᠭᠤᠯ ᠡᠮᠨᠡᠯᠭᠡ ᠶᠢᠨ ᠶᠠᠷᠤᠩᠭᠡᠶᠢᠯᠡᠭᠰᠡᠨ ᠡᠮᠨᠡᠯᠭᠡ ᠶᠢᠨ ᠬᠤᠷᠢᠶ᠎ᠠ ᠨᠢ ᠠᠳᠢᠰ ᠪᠢᠯᠢᠭ ᠤᠬᠠᠭᠠᠨ ᠤ ᠰᠤᠷᠭᠠᠯᠳᠠ ᠶᠢᠨ ᠡᠭᠦᠰᠭᠡᠨ ᠪᠠᠶᠢᠭᠤᠯᠤᠭᠴᠢ ᠰᠦᠭᠡ ᠪᠠᠭᠰᠢ ᠶᠢ ᠤᠷᠢᠵᠤ ᠪᠢᠯᠢᠭ ᠤᠬᠠᠭᠠᠨ ᠤ ᠲᠠᠯ᠎ᠠ ᠪᠠᠷ ᠬᠢ ᠬᠢᠴᠢᠶᠠᠯ ᠲᠠᠶᠢᠯᠤᠮᠵᠢ ᠪᠤᠯᠤᠨ ᠤᠯᠠᠮᠵᠢᠯᠠᠯᠳᠤ ᠵᠠᠰᠠᠯ ᠤᠨ ᠡᠮᠴᠢᠯᠡᠭᠡ ᠬᠢᠯᠭᠡᠵᠦ ᠮᠠᠯᠴᠢᠨ ᠲᠦᠮᠡᠨ ᠤ ᠬᠠᠯᠠᠭᠤᠨ ᠬᠦᠷᠢᠶᠠᠯᠠᠯ ᠢ ᠤᠯᠵᠣ ᠪᠠᠶᠢᠨ᠎ᠠ᠃      ᠠᠩᠬᠠᠨ ᠤ ᠬᠢᠴᠢᠶᠠᠯ ᠢᠶᠠᠷ ᠰᠥᠭᠡ ᠪᠠᠭᠰᠢ ᠠᠴᠠ ᠮᠠᠯᠴᠢᠨ ᠲᠦᠮᠡᠨ ᠤ ᠡᠳᠤᠷ ᠲᠤᠳᠤᠮ ᠤᠨ ᠠᠮᠢᠳᠤᠷᠠᠯ ᠤᠨ ᠲᠤᠮᠳᠠ ᠪᠠᠨ ᠪᠡᠶ᠎ᠡ ᠰᠡᠳᠬᠢᠯ ᠢᠶᠠᠨ ᠲᠠᠶᠢᠪᠤᠩ ᠪᠠᠶᠢᠯᠭᠠᠬᠤ ᠶᠢ ᠤᠷᠢᠶᠠᠯᠠᠨ ︽ᠲᠤᠳᠤᠭᠠᠳᠤ ᠰᠡᠳᠬᠢᠯ ᠤᠨ ᠨᠠᠶᠢᠷᠰᠠᠭ ᠪᠢᠯᠢᠭ ᠤᠬᠠᠭᠠᠨ ᠤ ᠰᠢᠮᠡᠵᠢᠯᠳᠡ︾ ᠭᠡᠭᠦ ᠰᠡᠳᠦᠪ ᠢᠶᠠᠷ ᠲᠠᠶᠢᠯᠤᠮᠵᠢ ᠭᠢᠵᠤ ᠲᠠᠷᠠᠭ᠎ᠠ ᠨᠢ ᠨᠢᠭᠤᠷᠳᠠᠨ ᠡᠮᠴᠢᠯᠡᠭᠡ ᠬᠢᠵᠦ ᠤᠯᠠᠮᠵᠢᠯᠠᠯᠳᠤ ᠡᠮᠴᠢᠯᠡᠭᠡᠨ ᠤ ᠠᠷᠭ᠎ᠠ ᠪᠣᠯᠬᠤ ᠭᠠᠯ ᠲᠠᠷᠨᠢ ᠪᠠᠷ ᠮᠠᠯᠴᠢᠨ ᠲᠦᠮᠡᠨ ᠤ ᠡᠪᠡᠳᠴᠢᠨ ᠡᠮᠬᠡᠭ ᠢ ᠵᠠᠰᠠᠭᠰᠠᠨ ᠪᠠᠶᠢᠨ᠎ᠠ᠃
     ᠦᠤᠰᠢᠨ ᠬᠤᠰᠢᠭᠤᠨ ᠤ ᠮᠤᠩᠭᠤᠯ ᠡᠮᠨᠡᠯᠭᠡ ᠶᠢᠨ ᠶᠠᠷᠤᠩᠭᠡᠶᠢᠯᠡᠭᠰᠡᠨ ᠡᠮᠨᠡᠯᠭᠡ ᠶᠢᠨ ᠬᠤᠷᠢᠶᠠᠨ ᠤ ᠠᠯᠪᠠᠨ ᠭᠡᠷ ᠤᠨ ᠡᠷᠬᠢᠯᠡᠭᠴᠢ ᠽᠡᠨᠳᠡᠨ᠄ ︽ᠰᠦᠭᠡ ᠪᠠᠭᠰᠢ ᠶᠡᠭᠡ ᠬᠦᠷᠢᠶᠠᠯᠠᠯ ᠲᠠᠢ᠂ ᠲᠡᠭᠦᠨ ᠤ ᠬᠢᠴᠢᠶᠠᠯ ᠢ ᠰᠤᠨᠤᠰᠴᠤ ᠡᠮᠴᠢᠯᠡᠭᠦᠯᠭᠦ ᠰᠠᠨᠠᠭ᠎ᠠ ᠲᠠᠢ ᠬᠦᠮᠦᠨ ᠤᠯᠠᠨ ᠪᠠᠶᠢᠨ᠎ᠠ᠃ ᠢᠩᠬᠢᠭᠡᠳ ᠪᠢᠳᠡ ᠮᠠᠯᠴᠢᠨ ᠲᠠᠷᠢᠶᠠᠴᠢᠨ ᠳᠤ ᠨᠠᠩ ᠰᠠᠶᠢᠨ ᠤᠶᠢᠯᠡᠴᠢᠯᠡᠭᠦ ᠡᠬᠦᠳᠡᠨ ᠠᠴᠠ ᠬᠠᠮᠳᠤᠷᠠᠨ ᠠᠵᠢᠯᠯᠠᠬᠤ ᠲᠦᠯᠥᠪᠯᠡᠭᠡ ᠭᠠᠷᠭᠠᠵᠤ ᠪᠠᠶᠢᠩᠭᠤ ᠶᠢᠨ ᠴᠢᠨᠠᠷ ᠲᠠᠢ ᠬᠠᠮᠳᠤᠷᠠᠨ ᠠᠵᠢᠯᠯᠠᠬᠤ ᠪᠠᠷ ᠪᠤᠯᠤᠭᠰᠠᠨ ᠪᠠᠶᠢᠨ᠎ᠠ︾ ᠬᠡᠪᠡ᠃
     ᠣᠶᠢᠯᠠᠭᠠᠭᠰᠠᠨ ᠢᠶᠠᠷ᠂ ᠰᠦᠭᠡ ᠪᠠᠭᠰᠢ ᠰᠡᠷ᠎ᠡ ᠪᠥᠷᠢ ᠨᠢᠭᠡ ᠤᠳᠠᠭ᠎ᠠ ᠬᠤᠰᠢᠭᠤ ᠮᠤᠩᠭᠤᠯ ᠡᠮᠨᠡᠯᠭᠡ ᠶᠢᠨ ᠶᠠᠷᠤᠩᠭᠡᠶᠢᠯᠡᠭᠰᠡᠨ ᠡᠮᠨᠡᠯᠭᠡ ᠶᠢᠨ ᠬᠤᠷᠢᠶ᠎ᠠ ᠶᠢᠨ ᠤᠷᠢᠯᠭ᠎ᠠ ᠪᠠᠷ ᠮᠠᠨ ᠤ ᠬᠤᠰᠢᠭᠤᠨ ᠳᠤ ᠢᠷᠡᠵᠦ 5 — 7 ᠡᠳᠤᠷ  ᠤᠨ ᠬᠤᠭᠤᠴᠠᠭ᠎ᠠ ᠲᠠᠢ ᠲᠤᠰᠬᠠᠢ ᠬᠢᠴᠢᠶᠠᠯ ᠲᠠᠶᠢᠯᠤᠮᠵᠢ ᠬᠢᠵᠦ ᠡᠪᠡᠳᠴᠢᠳᠡᠨ ᠢ ᠨᠢᠭᠤᠷᠳᠠᠨ ᠡᠮᠴᠢᠯᠡᠵᠦ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号