ᠪᠠᠭᠠᠴᠤᠳ ᠬᠡᠤᠬᠡᠳ ᠤᠨ ᠷᠣᠺ ᠬᠠᠮᠲᠤᠯᠢᠭ ᠤᠨ ᠲᠤᠭᠯᠠᠯᠲᠠ ᠭᠤᠶᠤ ᠶᠠᠪᠤᠭᠳᠠᠯ᠎ᠠ
ᠨᠡᠶᠢᠲᠡᠯᠡᠭᠰᠡᠨ ᠴᠠᠭ᠄
2020-08-11
     8 ᠰᠠᠷ᠎ᠠ ᠶᠢᠨ 8 ᠤ ᠡᠳᠣᠷ᠂ ︽ᠰᠡᠳᠭᠢᠯ ᠤᠨ ᠡᠭᠡᠰᠢᠭᠯᠡᠩ︾ ᠠᠩᠬᠠᠳᠠᠭᠴᠢ ᠤᠳᠠᠭᠠᠨ ᠤ ᠪᠠᠭᠠᠴᠤᠳ ᠬᠡᠤᠬᠡᠳ ᠤᠨ ᠷᠣᠺ ᠬᠠᠮᠲᠤᠯᠢᠭ ᠤᠨ ᠲᠤᠭᠯᠠᠯᠲᠠ ᠦᠦᠰᠢᠨ ᠠᠭᠤᠳᠠᠮ ᠲᠠᠯᠠᠪᠡᠢ ᠳᠤ ᠶᠠᠪᠣᠭᠳᠠᠯ᠎ᠠ᠃      ᠲᠤᠭᠯᠠᠯᠲᠠ ᠳᠤ ᠮᠠᠨ ᠤ ᠬᠤᠰᠢᠭᠤᠨ ᠤ ᠷᠣᠺ ᠤᠷᠠᠯᠢᠭ ᠳᠤ ᠪᠠᠭ᠋ᠠᠲᠠᠢ ᠭᠡᠤᠭᠡᠳ ᠪᠠᠭᠠᠴᠤᠳ ᠢᠶᠠᠷ ᠪᠦᠷᠢᠯᠳᠦᠭᠰᠡᠨ ︽ᠤᠴᠢᠰ︾ ᠬᠠᠮᠲᠤᠯᠢᠭ᠂ ︽ᠠᠶᠢᠬᠠᠨ︾ ᠬᠠᠮᠲᠤᠯᠢᠭ ᠠᠴᠠ ᠤᠳᠠᠭᠠᠨ ᠡᠳᠤᠷ ᠵᠤᠵᠠᠭᠠᠨ ᠬᠤᠨᠤᠭ ᠢᠶᠠᠷ ᠪᠤᠯᠪᠠᠰᠤᠷᠠᠭᠰᠠᠨ ᠦᠷ᠎ᠠ ᠪᠦᠳᠤᠭᠡᠯ ᠢᠶᠠᠨ ᠲᠠᠶᠠᠭᠠᠷ ᠤᠯᠠᠨ ᠤ ᠬᠠᠷᠠᠭ᠎ᠠ ᠶᠢ ᠪᠠᠶᠠᠰᠬᠠᠨ ᠰᠣᠨᠣᠷ ᠢ ᠮᠢᠯᠢᠶᠠᠵᠦ ᠢᠷᠠᠭᠤ ᠲᠠᠭᠤᠨ ᠤ ᠠᠶᠢᠵᠠᠮ ᠡᠭᠡᠰᠢᠭ ᠢᠶᠠᠷ ᠦᠵᠡᠭᠴᠢᠳ ᠲᠦᠮᠡᠨ ᠳᠤ ᠠᠵᠠ ᠵᠢᠷᠭᠠᠯ ᠪᠠᠶᠠᠷ ᠬᠦᠷ ᠠᠪᠴᠢᠷᠠᠯ᠎ᠠ᠃      ︽ᠲᠤᠭᠤᠷᠭ᠎ᠠ︾ ᠲᠠᠭᠤᠤ ᠬᠦᠭᠵᠢᠮ ᠤᠨ ᠠᠵᠢᠯᠯᠠᠬᠤ ᠦᠷᠭᠦᠭᠡ ᠨᠢ ᠰᠤᠷᠤᠭᠴᠢᠳ ᠲᠤ ᠲᠤᠰᠬᠠᠶᠢᠯᠠᠨ ᠷᠤᠺ ᠲᠠᠭᠤᠤ ᠤᠷᠠᠯᠢᠭ ᠤᠨ ᠪᠤᠯᠪᠠᠰᠤᠷᠠᠯ ᠬᠦᠷᠳᠡᠭᠡᠳᠡᠭ ᠠᠵᠢᠯᠯᠠᠬᠤ ᠦᠷᠭᠦᠭᠡ ᠪᠠᠶᠢᠵᠤ ᠤᠳᠠᠭᠠᠨ ᠬᠤᠭᠤᠴᠠᠭᠠᠨ ᠤ ᠪᠤᠯᠪᠠᠰᠤᠷᠠᠯ ᠰᠤᠷᠭᠠᠯᠳᠠ ᠪᠠᠷ ᠲᠠᠮᠵᠢᠨ ᠡᠨᠡ ᠤᠳᠠᠭᠠᠨ ᠤ ᠷᠤᠺ ᠬᠠᠮᠳᠤᠯᠢᠭ ᠤᠨ ᠲᠤᠰᠬᠠᠢ ᠲᠤᠭᠯᠠᠯᠳᠠ ᠶᠢ ᠵᠤᠬᠢᠶᠠᠨ ᠪᠠᠶᠢᠭᠤᠯᠤᠨ ᠶᠠᠪᠤᠭᠳᠠᠭᠤᠯᠵᠠᠢ᠃
     ︽ᠲᠤᠭᠤᠷᠭ᠎ᠠ︾ ᠳᠠᠭᠤᠤ ᠬᠦᠭᠵᠢᠮ ᠤᠨ ᠠᠵᠢᠯᠯᠠᠬᠤ ᠦᠷᠭᠦᠭᠡᠨ ᠤ ᠪᠠᠭᠰᠢ ᠳᠡᠯᠡᠬᠡᠢ᠄ ︽ᠬᠡᠤᠬᠡᠳ ᠤᠳ ᠪᠤᠯᠪᠠᠰᠤᠷᠠᠭᠠᠳ ᠬᠤᠶᠠᠷ ᠠᠴᠠ ᠭᠤᠷᠪᠠᠨ ᠵᠢᠯ᠂ ᠵᠠᠷᠢᠮ ᠨᠢ ᠭᠤᠷᠪᠠ ᠠᠴᠠ ᠳᠦᠷᠪᠡᠨ ᠵᠢᠯ ᠪᠤᠯᠤᠭᠰᠠᠨ ᠪᠠᠶᠢᠨ᠎ᠠ᠃ ᠡᠨᠡᠬᠦ ᠲᠤᠭᠯᠠᠯᠲᠠ ᠶᠢ ᠦᠷᠨᠢᠬᠦᠯᠦᠭᠰᠡᠨ ᠵᠣᠷᠢᠯᠭ᠎ᠠ ᠨᠢ ᠷᠣᠺ ᠬᠠᠮᠲᠤᠯᠢᠭ ᠢ ᠳᠠᠨᠢᠭᠤᠯᠣᠨ ᠮᠡᠳᠡᠷᠡᠬᠦᠯᠬᠦ ᠬᠡᠰᠡᠨ ᠶᠣᠮ᠃ ᠶᠡᠭᠡ ᠬᠤᠲᠠ ᠪᠠᠷ ᠤᠯᠠᠨ ᠪᠠᠶᠢᠳᠠᠭ᠂ ᠭᠡᠪᠡᠴᠦ ᠮᠠᠨ ᠤ ᠠᠳᠡ ᠡᠶᠢᠮᠦᠷᠬᠦᠦ ᠷᠣᠺ ᠬᠠᠮᠲᠤᠯᠢᠭ ᠪᠣᠯ ᠪᠠᠶᠢᠳᠠᠭ ᠦᠭᠡᠢ︾ ᠭᠡᠪᠡ᠃      ᠬᠤᠶᠠᠷ ᠬᠠᠮᠲᠤᠯᠢᠭ ᠤᠨ ᠬᠡᠤᠬᠡᠳ ᠠᠴᠠ ︽ᠡᠬᠡ ᠤᠷᠤᠨ︾᠂ ︽ᠬᠠᠮᠤᠭ ᠮᠤᠩᠭᠤᠯ︾᠂ ︽ᠲᠡᠪᠴᠢᠶ᠎ᠡ︾ ᠵᠡᠷᠭᠡ ᠠᠷᠪᠠᠭᠠᠳ ᠲᠤᠭᠯᠠᠯᠲᠠ ᠭᠠᠷᠭᠠᠵᠤ ᠦᠪᠡᠷ ᠥᠪᠠᠷ ᠤᠨ ᠤᠷ᠎ᠠ ᠠᠪᠢᠶᠠᠰ ᠢᠶᠠᠨ ᠪᠠᠳᠠᠷᠠᠭᠤᠯᠤᠭᠰᠠᠨ ᠢᠶᠠᠷ ᠪᠠᠷᠠᠬᠤ ᠦᠭᠡᠢ ᠳᠦᠷᠪᠡᠨ ᠤᠲᠠᠰᠤᠲᠤ ᠬᠤᠭᠤᠷᠴᠢᠳ ᠪᠤᠯᠤᠨ ᠷᠣᠺ ᠬᠠᠮᠲᠤᠯᠢᠭ ᠤᠨ ᠬᠠᠮᠲᠤᠷᠠᠭᠰᠠᠨ ᠲᠤᠭᠯᠠᠯᠲᠠ ᠨᠢ ᠣᠯᠠᠨ ᠤ ᠰᠠᠳᠬᠢᠯ ᠢ ᠪᠠᠶᠠᠰᠬᠠᠨ ᠬᠦᠭᠵᠢᠬᠡᠵᠣ ᠪᠠᠶᠢᠯ᠎ᠠ᠃      ᠰᠤᠷᠤᠭᠴᠢ ᠬᠠᠩᠭᠠᠯ᠄ ︽ᠪᠢ ᠭᠢᠲ᠋ᠠᠷ ᠰᠤᠷᠤᠭᠠᠳ ᠨᠢᠭᠡ ᠵᠢᠯ ᠭᠠᠷᠤᠢ ᠪᠤᠯᠵᠤ ᠪᠠᠶᠢᠨ᠎ᠠ᠂ ᠦᠨᠦᠳᠦᠷ ᠮᠠᠨ ᠤ ᠬᠠᠮᠲᠤᠯᠢᠭ ᠲᠤᠭᠯᠠᠯᠲᠠ ᠭᠠᠷᠭᠠᠭᠰᠠᠨ᠂ ᠭᠢᠲ᠋ᠠᠷ ᠵᠢᠭᠠᠭᠰᠠᠨ ᠪᠠᠭᠰᠢ ᠳᠤ ᠪᠠᠨ ᠲᠠᠯᠠᠷᠬᠠᠵᠦ ᠨᠠᠮ᠎ᠠ ᠶᠢ ᠦᠵᠡᠬᠦ ᠪᠠᠷ ᠢᠷᠡᠭᠰᠡᠨ ᠲᠦᠷᠦᠯ ᠰᠠᠳᠤᠨ ᠪᠤᠯᠤᠨ ᠦᠵᠡᠭᠴᠢᠳ ᠲᠤ ᠪᠠᠨ ᠪᠠᠶᠠᠷᠯᠠᠯ᠎ᠠ᠂ ᠬᠤᠵᠢᠮ ᠨᠡᠩ ᠢᠯᠡᠬᠦᠦ ᠴᠢᠷᠮᠠᠶᠢᠵᠤ ᠰᠠᠶᠢᠨ ᠬᠢᠲ᠋ᠠᠷᠴᠢᠨ ᠪᠤᠯᠤᠶ᠎ᠠ ᠭᠡᠵᠦ ᠪᠤᠳᠤᠵᠦ ᠪᠠᠶᠢᠨ᠎ᠠ︾ ᠭᠡᠪᠡ᠃
 
ᠢᠷᠡᠯᠲᠡ᠄ ᠥᠥᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号