ᠤᠯᠠᠮᠵᠢᠯᠠᠯᠳᠤ ᠨᠦᠳᠥᠭᠰᠡᠨ ᠠᠮᠤ ᠪᠠᠷ ᠠᠮᠢᠳᠣᠷᠠᠯ ᠤᠨ ᠬᠠᠳᠠᠭᠤ ᠪᠡᠷᠭᠡ ᠶᠢ ᠢᠯᠠᠭᠰᠡᠨ ᠨᠤᠷᠪᠤᠷᠢᠨᠴᠢᠨ
ᠨᠡᠶᠢᠲᠡᠯᠡᠭᠰᠡᠨ ᠴᠠᠭ᠄
2020/8/20
    ᠪᠢᠳᠠ ᠦᠰᠪᠤᠷᠢ ᠶᠢᠨ ᠨᠠᠰᠤᠨ ᠳᠠᠭᠠᠨ ᠲᠠᠩᠳᠠ ᠶᠡᠭᠡ ᠬᠦᠮᠦᠰ ᠠᠴᠠ᠄ ︽ᠠᠮᠢᠳᠤᠷᠠᠯ ᠭᠡᠭᠴᠢ ᠶᠠᠭᠤ ᠪᠤᠢ︖ ᠠᠮᠢᠲᠠᠨ ᠤᠤ︖ ᠲᠠᠨᠤᠰ ᠲᠡᠷᠡ ᠶᠢ ᠬᠡᠴᠡᠬᠦᠤ ᠬᠡᠮᠡᠡ ᠶᠠᠷᠢᠭᠠᠳ ᠪᠠᠶᠢᠬᠤ ᠶᠤᠮ︾ ᠭᠡᠮᠡᠨ ᠭᠡᠨᠡᠨ ᠴᠠᠶᠢᠯᠭᠠᠨ ᠢᠶᠠᠷ ᠠᠰᠠᠭᠤᠳᠠᠭ᠃ ᠬᠠᠷᠢᠭᠤ ᠳᠤᠨᠢ᠄ ︽ᠬᠦᠮᠤᠨ ᠪᠣᠯᠭᠠᠠ ᠤ ᠠᠮᠢᠳᠤᠷᠠᠯ ᠤᠨ ᠬᠤᠪᠢ ᠲᠠᠪᠢᠯᠠᠩ ᠨᠢ ᠠᠳᠠᠯᠢ ᠪᠤᠰᠤ ᠪᠠᠶᠢᠳᠠᠭ᠂ ᠦᠪᠡᠷ ᠤᠨ ᠪᠠᠶ᠎ᠠ ᠪᠠᠷ ᠢᠶᠠᠨ ᠲᠤᠭᠤᠯᠵᠤ ᠦᠩᠬᠡᠷᠡᠬᠡᠪᠠᠯ ᠰᠠᠶ᠋ᠢ ᠮᠡᠳᠡᠳᠡᠭ ᠬᠡᠴᠡᠬᠦᠤ ᠤᠷᠤᠰᠢᠬᠤᠢ ᠶᠤᠮ ᠳ᠋ᠠ︕︾ ᠭᠡᠰᠡᠨ ᠬᠠᠷᠢᠭᠤᠯᠲᠠ ᠤᠯᠳᠠᠭ᠃ ᠬᠡᠬᠦ ᠳᠤ ᠲᠠᠪᠤᠨ ᠨᠠᠰᠤᠳᠠᠢ ᠮᠢᠨᠤ ᠰᠡᠳᠬᠢᠯ ᠳᠤ ᠡᠨᠡ ᠠᠮᠢᠳᠠᠨ ᠬᠡᠵᠤ ᠲᠤᠭᠰᠢᠨ ᠬᠠᠷᠬᠢᠰ ︽ᠮᠠᠩᠭᠤᠰ︾ ᠰᠢᠬ ᠯᠡ ᠬᠦᠮᠤᠡ ᠢ ᠢᠳᠡᠳᠡᠭ ᠠᠷᠢᠶᠠᠳᠠᠨ ᠪᠠᠶᠢᠬ᠎ᠠ ᠬᠡᠵᠤ ᠪᠤᠳᠤᠳᠠᠭ ᠪᠠᠶᠢᠬᠰᠡᠨ᠃ ᠥᠬᠡᠯᠡᠢ ᠪᠤᠯᠤᠭᠠᠳ ᠰᠠᠶ᠋ᠢ ᠠᠮᠢᠳᠤᠷᠠᠯ ᠢ ᠪᠢᠳᠠ ᠡᠨᠡ ᠬᠦ ᠲᠤᠭᠠᠯᠠᠵᠦ ᠲᠠᠯᠪᠢᠭᠰᠠᠨ ᠨᠠᠰᠤ ᠪᠠᠷ ᠢᠶᠠᠨ ᠦᠩᠬᠡᠷᠡᠬᠡᠵᠤ ᠤᠶᠢᠯᠠᠭᠠᠬᠤ ᠪᠠᠶᠢᠵᠠᠢ ᠭᠡᠰᠡᠨ ᠢ ᠮᠡᠳᠡᠯ᠎ᠠ᠃
    ᠡ᠊ᠡᠳᠡ ᠪᠢᠳᠠ ︽ᠠᠮᠢᠳᠤᠷᠠᠯ︾ ᠤᠨ ᠬᠠᠳᠠᠭᠤ ᠪᠡᠷᠭᠡ ᠲᠠᠢ ᠲᠠᠮᠡᠴᠡᠯᠳᠥᠭᠰᠡᠨ ᠮᠠᠯᠴᠢᠨ ᠨᠤᠷᠪᠤᠷᠢᠨᠴᠢᠨ ᠲᠠᠢ ᠲᠠᠨᠢᠯᠴᠠᠶ᠎ᠠ᠃ ᠲᠡᠷᠡ ᠪᠣᠯ ᠦᠤᠰᠢᠨ ᠬᠤᠰᠢᠭᠤᠨ ᠤ ᠰᠦᠯᠳᠡ ᠰᠤᠮᠤᠨ ᠤ ᠲᠦᠩᠽᠢ ᠭᠠᠴᠠᠭᠠᠨ ᠤ ᠮᠠᠯᠴᠢᠨ ᠪᠢᠯᠠ᠃ ᠮᠠᠯᠴᠢᠨ ᠬᠦᠮᠤᠨ ᠬᠡᠵᠤ ᠮᠠᠯ ᠮᠠᠯᠵᠢᠬᠤ ᠪᠠᠷ ᠢᠶᠠᠨ ᠠᠮᠢᠳᠤᠷᠠᠯ ᠤᠨ ᠲᠦᠰᠢᠭ ᠢᠶᠠᠨ ᠪᠤᠯᠭᠠᠵᠤ ᠶᠠᠪᠤᠳᠠᠭ᠃ ᠭᠡᠭᠦ ᠳᠡᠭᠡᠨ ᠲᠡᠬᠦᠨ ᠳᠤ ᠵᠦᠪᠬᠡᠨ 279 ᠮᠥ ᠪᠠᠯᠡᠷ ᠭᠠᠵᠠᠷ ᠤᠨ ᠪᠡᠯᠴᠢᠬᠡᠷ ᠲᠠᠢ ᠪᠠᠶᠢᠵᠣ᠂ ᠭᠠᠴᠠᠭᠠᠨ ᠳᠠᠭᠠᠨ ᠪᠡᠯᠴᠢᠭᠡᠷ ᠤᠨ ᠬᠡᠮᠵᠢᠶ᠎ᠡ ᠪᠠᠷ ᠬᠠᠮᠤᠭ ᠪᠠᠭ᠎ᠠ ᠨᠢ ᠪᠠᠶᠢᠵᠠᠢ᠃ ᠲᠡᠷᠡ ᠮᠠᠯ ᠤᠨ ᠢᠶᠠᠨ ᠲᠤᠭ᠎ᠠ ᠲᠤᠯᠤᠭᠠᠢ ᠶᠢ ᠦᠰᠭᠡᠵᠤ ᠠᠮᠢᠳᠤᠷᠠᠯ ᠢᠶᠠᠨ ᠲᠡᠭᠡᠭᠰᠢᠯᠡᠬᠦᠯᠬᠦ ᠪᠤᠳᠤᠯ ᠲᠠᠢ ᠪᠠᠶᠢᠭᠰᠠᠨ ᠴᠤ ᠪᠡᠯᠴᠢᠭᠡᠷ ᠨᠢ ᠪᠠᠭ᠎ᠠ ᠪᠣᠯᠬᠤᠷ ᠮᠠᠯ ᠢᠶᠠᠨ ᠥᠰᠭᠡᠬᠦ ᠶᠢᠨ ᠠᠷᠭ᠎ᠠ ᠥᠭᠡᠢ ᠭᠠᠴᠢᠭᠳᠠᠵᠦ ᠪᠠᠶᠢᠪᠠ᠃ ᠨᠡᠩ ᠴᠤ ᠪᠡᠯᠴᠢᠭᠡᠷᠯᠡᠭᠦᠯᠬᠦ ᠶᠢ ᠬᠤᠷᠢᠭᠯᠠᠵᠤ ᠬᠠᠰᠢᠶᠠᠯᠠᠨ ᠮᠠᠯᠵᠢᠭᠰᠠᠨ ᠠᠴᠠ ᠲᠠᠳᠡᠠ ᠤ ᠬᠢᠨ ᠠᠯᠠᠭ᠎ᠠ ᠲᠠᠷᠤᠮ᠎ᠠ ᠲᠠᠷᠢᠶ᠎ᠠ ᠪᠠᠶᠢᠬᠤ ᠦᠭᠡᠢ ᠲᠡᠭᠡᠷ᠎ᠠ ᠠᠴᠠ ᠪᠤᠷᠳᠤᠭᠤᠷ ᠠᠪᠬᠤ ᠵᠤᠭᠤᠰ ᠴᠤ ᠦᠭᠡᠢ ᠪᠠᠶᠢᠵᠠᠢ᠃ ᠶᠠᠭ ᠠᠮᠢᠳᠤᠷᠠᠬᠤ ᠶᠢᠨ ᠠᠷᠭ᠎ᠠ ᠦᠬᠡᠢ ᠪᠤᠯᠬᠤ ᠳᠤ ᠪᠦᠰᠡᠬᠦᠢ ᠨᠢ ᠴᠤ ᠬᠡᠷ ᠬᠡᠤᠬᠡᠳ ᠢᠶᠠᠨ ᠬᠠᠶᠠᠭᠠᠳ ᠲᠡᠭᠦᠨ ᠠᠴᠠ ᠰᠠᠯᠤᠨ ᠤᠳᠴᠠᠢ᠃ ᠡᠶᠢᠨ ᠬᠦ ᠠᠮᠢᠳᠤᠷᠠᠯ ᠤᠨ ᠲᠠᠷᠣᠭᠠᠰᠤ ᠵᠣᠪᠠᠯᠠᠩ ᠨᠢ ᠨᠤᠷᠪᠤᠷᠢᠨᠴᠢᠨ ᠳᠤ ᠠᠶᠤᠩᠭ᠎ᠠ ᠨᠢᠷᠭᠡᠭᠰᠡᠡ ᠮᠡᠳᠤ ᠪᠣᠯᠵᠣ᠂ ᠡᠨᠡ ᠪᠦᠳᠤᠬᠦᠨ ᠡᠷ᠎ᠡ ᠶᠢ ᠰᠡᠳᠬᠢᠯ ᠤᠨ ᠵᠤᠪᠠᠯᠠᠩ ᠳᠤ ᠤᠨᠠᠭᠠᠵᠠᠢ᠃ ᠬᠡᠰᠡᠨ ᠴᠤ ᠲᠡᠷᠡ ᠭᠠᠭᠴᠠ ᠦᠷ᠎ᠡ ᠪᠠᠨ ᠪᠤᠳᠤᠭᠠᠳ ᠡᠳᠡᠭᠡᠷ ᠭᠠᠰᠠᠯᠠᠩ ᠵᠤᠪᠠᠯᠠᠩ ᠢ ᠰᠢᠳᠤ ᠵᠠᠭᠤᠨ ᠲᠤᠭᠤᠯᠬᠤ ᠬᠡᠷᠡᠭᠲᠠᠢ ᠭᠡᠮᠡᠨ ᠦᠪᠡᠷ ᠲᠡᠭᠡᠨ ᠡᠷᠴᠢ ᠵᠤᠷᠢᠭ ᠨᠡᠮᠡᠵᠦ᠂ ᠬᠦᠤ ᠳᠡᠭᠡᠨ ᠲᠦᠰᠢᠭ ᠪᠤᠯᠤᠨ᠎ᠡ ᠭᠡᠰᠡᠨ ᠭᠠᠭᠴᠠ ᠦᠵᠦᠭᠦᠷᠳᠤ ᠰᠡᠳᠭᠢᠯ ᠢᠶᠠᠷ ᠴᠡᠴᠡᠷᠯᠢᠭ ᠲᠤ ᠬᠦᠷᠬᠡᠬᠦ ᠨᠠᠰᠤᠨ ᠳᠤ ᠬᠦᠷᠥᠭᠰᠡᠨ ᠬᠦᠤ ᠪᠠᠨ ᠳᠠᠭᠠᠭᠤᠯᠤᠨ ᠦᠤᠰᠢᠨ ᠬᠤᠰᠢᠭᠤ ᠶᠢ ᠵᠤᠷᠢᠵᠤ᠂ ᠬᠡᠷ ᠲᠦᠷᠢᠶᠡᠰᠤᠯᠡᠨ ᠬᠦᠯᠤᠰᠤᠨ ᠠᠵᠢᠯ ᠬᠢᠵᠤ᠂ ᠬᠦᠤ ᠪᠠᠨ ᠴᠡᠴᠡᠷᠯᠢᠭ ᠲᠤ ᠬᠦᠷᠬᠡᠬᠦ ᠶᠠᠭᠠᠷᠠᠯᠳᠠᠢ ᠠᠮᠢᠳᠤᠷᠠᠯ ᠢᠶᠠᠨ ᠡᠬᠢᠯᠡᠭᠦᠯᠦᠭᠡᠳ ᠨᠢᠭᠡ ᠮᠡᠳᠡᠬᠦ ᠳᠤ ᠬᠡᠳᠤᠨ ᠵᠢᠯ ᠤᠨ ᠨᠢᠭᠤᠷ ᠢ ᠦᠵᠡᠵᠠᠢ᠃     ᠨᠤᠷᠪᠤᠷᠢᠨᠴᠢᠨ᠄ ︽ᠬᠦᠯᠤᠰᠤᠨ ᠠᠵᠢᠯ ᠬᠢᠬᠦ ᠨᠢ ᠲᠦᠢᠯ ᠤᠨ ᠬᠠᠯᠠ ᠲᠠᠢ ᠭᠡᠴᠡᠬᠦᠦ ᠠᠵᠦ ᠪᠠᠶᠢᠳᠠᠭ ᠴᠥ ᠶᠠᠭᠠᠬᠢᠬᠤᠪ᠂ ᠮᠥᠨ ᠬᠥᠯᠥᠰᠥᠨ ᠠᠵᠢᠯ ᠢ ᠬᠠᠯᠠᠰᠢᠷᠠᠯ ᠥᠭᠡᠢ ᠬᠢᠵᠥ ᠪᠠᠶᠢᠮᠠᠨᠵᠢᠨ ᠰᠠᠶ᠋ᠢ ᠬᠦᠤ ᠪᠢᠳᠠ ᠬᠤᠶᠡᠭᠤᠯᠠ ᠶᠢᠨ ᠠᠮᠢᠳᠤᠷᠠᠯ ᠢ ᠠᠷᠭᠠᠴᠠᠭᠠᠵᠣ ᠲᠡᠶᠢᠯᠦᠨ᠎ᠠ᠃ ᠬᠠᠮᠤᠭ ᠠᠰᠠᠭᠤᠳᠠᠯ ᠨᠢ ᠬᠦᠤ ᠪᠠᠨ ᠰᠤᠷᠭᠠᠭᠤᠯᠢ ᠠᠴᠠ ᠪᠠᠨ ᠲᠤᠰᠴᠤ ᠲᠡᠶᠢᠯᠬᠦ ᠦᠭᠡᠢ ᠪᠤᠯᠬᠤ ᠳᠤ ᠪᠢ ᠦᠪᠡᠷ ᠢᠶᠠᠨ ᠨᠢᠬᠡ ᠶᠠᠭᠤᠮ᠎ᠠ ᠬᠢᠬᠦ ᠶᠢ ᠰᠡᠳᠤᠵᠦ ᠡᠬᠢᠯᠡᠪᠡ᠃ ᠮᠡᠨ ᠤ ᠤᠳᠤ ᠶᠢᠨ ᠢᠳᠡᠳᠡᠭ ᠬᠠᠭᠤᠷᠣᠭᠰᠠᠠ ᠠᠮᠤ ᠨᠢ ᠪᠦᠷ ᠮᠠᠰᠢᠨ ᠢᠶᠠᠷ ᠪᠤᠯᠪᠠᠰᠤᠷᠠᠭᠤᠯᠵᠤ ᠬᠠᠯᠢᠰᠤ ᠶᠢ ᠨᠢ ᠬᠠᠭᠤᠯᠵᠣ ᠦᠢᠯᠡᠳᠴᠥ ᠭᠠᠷᠭᠠᠭᠰᠠᠨ ᠪᠠᠶᠢᠳᠠᠭ᠃ ᠮᠠᠰᠢᠨ ᠢᠶᠠᠷ ᠴᠠᠶᠢᠯᠭᠠᠭᠰᠠᠠ ᠠᠮᠤ ᠨᠢ ᠦᠨᠥᠷ ᠠᠮᠳᠠ ᠪᠠᠷ ᠲᠡᠶᠢᠮᠤ ᠰᠠᠶᠢᠬᠠᠨ ᠪᠢᠰᠢ᠃ ᠲᠡᠬᠡᠬᠡᠳ ᠪᠢ ᠨᠤᠳᠤᠭ ᠤᠨ ᠪᠤᠭᠤᠷᠤᠯᠴᠤᠳ ᠤᠨ ᠲᠦᠬᠦᠬᠡᠢ ᠤᠯᠠᠭᠠᠨ ᠠᠮᠤ ᠪᠠᠨ ᠵᠠᠭᠤᠷᠮᠠᠭ ᠰᠢᠭ᠋ ᠴᠢᠨᠠᠵᠤ ᠰᠢᠬᠦᠬᠡᠳ ᠲᠡᠬᠢᠨ ᠰᠢᠷᠡᠮᠡᠨ ᠲᠤᠭᠤᠭᠠᠨ ᠳᠤ ᠨᠠᠩᠬᠢ ᠡᠯᠡᠰᠤ ᠬᠢᠵᠥ ᠬᠠᠯᠠᠭᠠᠭᠠᠳ ᠠᠮᠣ ᠪᠠᠨ ᠬᠢᠵᠥ ᠬᠤᠳᠬᠤᠭᠤᠷ ᠮᠤᠳᠤ ᠪᠠᠷ ᠬᠤᠤᠡᠬᠤᠨ ᠬᠠᠭᠤᠷᠴᠤ ᠪᠤᠯᠭᠤᠭᠠᠳ᠂ ᠲᠡᠷᠠᠭ᠎ᠠ ᠨᠢ ᠬᠠᠳᠠᠨ ᠤᠭᠤᠷ ᠲᠤ ᠮᠤᠳᠤᠨ ᠮᠠᠨᠴᠤ ᠪᠠᠷ ᠨᠦᠳᠤᠵᠤ ᠴᠡᠶᠢᠯᠭᠠᠳᠠᠭ ᠬᠠᠭᠤᠴᠢᠨ ᠵᠤᠷᠰᠢᠯ ᠢ ᠤᠯᠠᠮᠵᠢᠯᠠᠵᠤ ᠦᠢᠯᠠᠳᠪᠤᠷᠢᠯᠡᠭᠰᠡᠨ ᠠᠮᠤ ᠬᠢᠯ᠎ᠠ︾ ᠬᠡᠵᠤ ᠬᠡᠯᠡᠨ᠎ᠡ᠃ ᠨᠤᠷᠪᠤᠷᠢᠨᠴᠢᠨ ᠤ ᠤᠯᠠᠮᠵᠢᠯᠠᠯᠳᠤ ᠨᠦᠳᠥᠭᠰᠡᠨ ᠠᠮᠤ ᠨᠢᠬᠡᠳᠤᠬᠡᠷ ᠵᠢᠯ ᠳᠤ ᠬᠦᠮᠤᠨ ᠤ ᠬᠦᠴᠤ ᠪᠠᠷ ᠨᠦᠳᠤᠵᠤ᠂ ᠬᠦᠯᠤᠰᠤ ᠪᠠᠨ ᠤᠷᠤᠰᠬᠠᠵᠦ ᠶᠠᠳᠠᠷᠠᠯ ᠲᠠᠢ ᠪᠠᠶᠢᠭᠰᠠᠨ ᠴᠤ ᠪᠤᠷᠤᠯᠠᠭᠤᠯᠭ᠎ᠠ ᠨᠢ ᠲᠠᠶᠢᠮᠤ ᠴᠥ ᠰᠠᠶᠢᠨ ᠪᠢᠰᠢ᠃ ᠮᠦᠨ ᠯᠠ ᠲᠠᠨᠢᠯ ᠬᠦᠮᠤᠰ ᠬᠠᠮᠳᠤ ᠰᠤᠷᠤᠯᠭᠠᠳᠠᠳ ᠨᠢ ᠬᠡᠵᠢᠶᠡᠳᠠ ᠵᠢᠭᠠᠬᠠᠨ ᠠᠪᠴᠤ ᠢᠳᠡᠳᠡᠭ ᠪᠠᠶᠢᠵᠠᠢ᠃ ᠭᠡᠪᠡᠴᠥ ᠲᠡᠷᠡ ᠣᠯᠠᠮᠵᠢᠯᠠᠯᠳᠣ ᠬᠠᠭᠤᠷᠣᠭᠰᠠᠠ ᠠᠮᠣ ᠪᠣᠯᠪᠠᠰᠣᠷᠠᠭᠤᠯᠬᠤ ᠠᠵᠢᠯ ᠢᠶᠠᠨ ᠶᠡᠷᠥ ᠠᠴᠠ ᠲᠠᠶᠠᠭᠳᠠᠭ᠎ᠠ ᠦᠬᠡᠢ᠂ ᠴᠦᠬᠦᠷᠡᠯ ᠦᠬᠡᠢ ᠦᠷᠬᠦᠯᠵᠢᠯᠠᠭᠦᠯᠵᠥ ᠪᠠᠶᠢᠪᠠ᠃ ᠣᠬᠠᠭᠠᠠ ᠰᠥᠪᠡᠭᠴᠢᠯᠡᠯ ᠲᠠᠢ ᠲᠡᠷᠡ ᠦᠪᠡᠷ ᠢᠶᠠᠨ ᠬᠠᠳᠠᠨ ᠤᠭᠤᠷ ᠲᠤ ᠠᠮᠤ ᠨᠦᠳᠤᠳᠡᠭ ᠮᠠᠰᠢᠨ ᠵᠤᠬᠢᠶᠠᠨ ᠭᠠᠷᠭᠠᠵᠥ᠂ ᠠᠮᠣ ᠨᠥᠳᠥᠬᠦ ᠳᠤ ᠲᠦᠬᠦᠮ ᠮᠥᠷᠳᠡᠭᠡᠡ ᠬᠥᠴᠥᠨ ᠳᠤ ᠠᠷᠪᠢᠳᠠᠢ ᠪᠤᠯᠭᠠᠵᠣ᠂ ᠨᠢᠬᠡ ᠡᠳᠤᠷ ᠲᠤ 100 ᠵᠢᠩ ᠤᠨ ᠬᠠᠯᠢᠰᠤ ᠲᠠᠢ ᠠᠮᠤ ᠬᠠᠭᠤᠷᠪᠠᠯ ᠠᠭᠠᠭ ᠢ ᠨᠢ ᠡᠯᠬᠡᠭᠳᠡᠭᠡᠳ ᠴᠡᠪᠠᠷ ᠠᠮᠤ 50 ᠵᠢᠩ ᠭᠠᠷᠳᠠᠭ ᠠᠴᠠ ᠬᠠᠭᠠᠰ ᠢᠯᠡᠬᠦᠤ ᠶᠢ ᠨᠢ ᠪᠤᠷᠣᠯᠠᠭᠤᠯᠳᠠᠭ ᠪᠠᠶᠢᠯ᠎ᠠ᠃     ︽ᠠᠮᠢᠳᠣᠷᠠᠯ︾ ᠨᠢ ᠡᠨᠡ ᠬᠦ ᠴᠦᠬᠦᠷᠡᠰᠢ ᠥᠬᠡᠢ ᠴᠢᠷᠮᠠᠶᠢᠳᠠᠭ ᠬᠦᠮᠤᠨ ᠢ ᠢᠪᠡᠭᠡᠭᠰᠡᠡ ᠪᠤᠯᠤᠯᠳᠠᠢ᠃ ᠤᠳᠤᠬᠠᠠ ᠳᠤ ᠨᠤᠷᠪᠤᠷᠢᠨᠴᠢᠨ ᠤ ︽ᠦᠯᠥᠩ︾ ᠨᠠᠷ᠎ᠡ ᠲᠡᠮᠳᠡᠭᠳᠣ ᠤᠯᠠᠮᠵᠢᠯᠠᠯᠳᠤ ᠨᠤᠳᠤᠭ ᠤᠨ ᠠᠷᠭ᠎ᠠ ᠪᠠᠷ ᠬᠠᠭᠤᠷᠴᠤ ᠬᠠᠳᠠᠨ ᠤᠭᠤᠷ ᠲᠤ ᠨᠦᠳᠤᠵᠤ ᠴᠠᠶᠢᠯᠭᠠᠭᠰᠡᠨ᠂ ᠰᠢᠮ᠎ᠡ ᠲᠡᠵᠢᠬᠡᠯ ᠲᠠᠢ ᠵᠥᠭᠡᠯᠡᠡ ᠠᠭᠠᠭ ᠲᠠᠢ ᠠᠮᠤ ᠨᠢ ᠦᠤᠰᠢᠨ ᠬᠤᠰᠢᠭᠤᠨ ᠠᠴᠠ ᠭᠠᠳᠠᠨ᠎ᠡ ᠪᠠᠰᠡ ᠮᠠᠨ ᠤ ᠬᠤᠳᠠ ᠶᠢᠨ ᠡᠯ᠎ᠡ ᠬᠤᠰᠢᠭᠤ ᠲᠤᠭᠤᠷᠢᠭ ᠲᠤ ᠨᠢᠬᠡᠨᠳᠡ ᠲᠤᠭᠳᠠᠪᠤᠷᠢ ᠲᠠᠢ ᠬᠡᠷᠡᠭᠯᠡᠭᠴᠢᠳ ᠲᠠᠢ ᠪᠤᠯᠵᠦ᠂ ᠡᠨᠡ ᠬᠦ ᠠᠮᠦ ᠶᠢᠨ ᠦᠨᠦᠷ ᠠᠮᠲᠠ ᠨᠢ ᠬᠡᠷᠡᠭᠯᠡᠭᠴᠢᠳ ᠤᠨ ᠠᠷᠠᠭᠠᠠ ᠳᠤᠨᠢ ᠠᠭᠤᠰᠴᠤ᠂ ᠠᠮᠳᠠᠨ ᠳᠤᠨᠢ ᠤᠷᠤᠭᠰᠠᠨ ᠬᠦᠮᠦᠰ ᠨᠢ ᠲᠡᠳᠡᠨ ᠤ ᠠᠮᠦ ᠶᠢ ᠪᠤᠰᠤᠳ ᠲᠤ ᠲᠠᠨᠢᠯᠴᠠᠭᠤᠯᠵᠦ᠂ ᠠᠷᠠᠯᠵᠢᠶ᠎ᠠ ᠮᠠᠶᠢᠮᠠᠢ ᠶᠢ ᠨᠢ ᠤᠯᠠᠮ ᠰᠠᠶᠢᠨ ᠪᠤᠯᠭᠠᠵᠠᠢ᠃ ︽ᠨᠢᠬᠡ ᠪᠥᠯᠥᠭ ᠬᠥᠮᠥᠰ ᠪᠠᠰᠡ ᠰᠤᠷᠠᠭ ᠢᠶᠠᠷ ᠢᠷᠡᠵᠤ ᠠᠪᠴᠥ ᠪᠠᠶᠢᠨ᠎ᠠ᠃ ᠪᠠᠰᠡ ᠠᠮᠤ ᠠᠪᠬᠤ ᠪᠠᠷ ᠤᠴᠠᠷᠠᠭᠰᠡᠳ ᠨᠢ ᠡᠨᠡ ᠠᠮᠤ ᠴᠢᠨᠢ ᠴᠢ ᠪᠢᠳᠡᠨ ᠤ ᠪᠠᠭ᠎ᠠ ᠶᠢᠨ ᠦᠶ᠎ᠡ ᠳᠤ ᠡᠵᠢ ᠠᠪᠤ ᠶᠢᠨ ᠮᠢᠨᠢ ᠦᠪᠡᠷ ᠢᠶᠠᠨ ᠲᠡᠷᠢᠵᠤ ᠬᠠᠭᠤᠷᠴᠤ ᠪᠢᠳᠡᠨ ᠳᠤ ᠢᠳᠡᠬᠦᠯᠵᠤ ᠪᠠᠶᠢᠬᠰᠡᠨ ᠲᠡᠷᠡ ᠲᠤᠷᠡᠰᠤᠮᠵᠢ ᠲᠠᠢ ᠠᠮᠤ ᠪᠠᠶᠢᠨ᠎ᠡ ᠬᠡᠵᠤ ᠵᠤᠭᠤᠭᠳᠠᠬᠤ ᠨᠢ ᠰᠤᠨᠤᠰᠲᠠᠨ᠎ᠠ︾ ᠭᠡᠵᠦ ᠨᠤᠷᠪᠤᠷᠢᠨᠴᠢᠨ ᠮᠦᠰᠢᠶᠡᠳᠤ ᠲᠦᠭᠦᠷᠡᠩ ᠶᠠᠷᠢᠨ᠎ᠠ᠃ ᠤᠳᠤ ᠲᠡᠳᠡᠨ ᠤ ᠬᠢᠨ ᠡᠳᠤᠷ ᠲᠡᠭᠡᠨ 500 ᠵᠢᠩ ᠤᠨ ᠬᠠᠯᠢᠰᠤ ᠲᠠᠢ ᠠᠮᠤ ᠬᠠᠭᠤᠷᠪᠠᠯ ᠠᠭᠠᠭ ᠢ ᠨᠢ ᠡᠯᠬᠡᠭᠳᠡᠭᠡᠳ ᠴᠡᠪᠠᠷ ᠠᠮᠤ 250 ᠵᠢᠩ ᠭᠠᠷᠴᠥ᠂ ᠵᠢᠩ ᠪᠦᠷᠢ ᠶᠢ 13 ᠲᠦᠭᠦᠷᠢᠭ ᠢᠶᠠᠷ ᠬᠤᠳᠠᠯᠳᠤᠬᠤ ᠳᠤ 3 ᠲᠦᠭᠦᠷᠢᠭ ᠤᠨ ᠴᠡᠪᠡᠷ ᠤᠷᠤᠯᠭ᠎ᠠ ᠲᠠᠢ ᠪᠤᠯᠳᠠᠭ᠃ ᠡᠳᠥᠷ ᠤᠨ ᠬᠠᠭᠤᠷᠴᠥ ᠪᠣᠯᠪᠠᠰᠣᠷᠠᠭᠤᠯᠣᠬᠰᠠᠠ ᠠᠮᠥ ᠪᠠᠨ ᠡᠳᠥᠷ ᠲᠡᠭᠡᠨ ᠬᠤᠳᠠᠯᠳᠤᠠ ᠲᠠᠭᠤᠰᠬᠠᠵᠣ᠂ ᠵᠠᠷᠢᠮ ᠳᠠᠭᠠᠨ ᠪᠠᠰᠡ ᠬᠦᠷᠤᠯᠴᠡᠬᠦ ᠥᠬᠡᠢ ᠠᠴᠠ ᠪᠣᠯᠵᠣ ᠭᠠᠷ ᠬᠤᠭᠤᠰᠤᠨ ᠪᠤᠴᠠᠳᠠᠭ ᠬᠡᠷᠡᠭᠯᠡᠭᠴᠢᠳ ᠭᠠᠷᠴᠤ ᠪᠤᠢ᠃ ᠡᠭᠦᠨ ᠠᠴᠠ ᠭᠠᠳᠠᠨ᠎ᠠ ᠪᠠᠰᠡ ᠠᠷᠪᠢᠨ ᠬᠦᠮᠤᠡ ᠲᠡᠬᠦᠨ ᠢ ᠲᠡᠭᠤᠷᠢᠶᠠᠨ ᠤᠯᠠᠮᠵᠢᠯᠠᠯᠳᠤ ᠨᠦᠳᠥᠭᠰᠡᠨ ᠠᠮᠤ ᠬᠤᠳᠠᠯᠳᠤᠵᠤ ᠡᠬᠢᠯᠡᠭᠰᠡᠨ ᠪᠠᠶᠢᠨ᠎ᠡ᠃ 2016 ᠤᠨ ᠳᠤ ᠲᠥᠡᠭᠽᠢ ᠭᠠᠴᠠᠭ᠎ᠠ ᠠᠴᠠ ᠨᠣᠷᠪᠣᠷᠢᠡᠴᠢᠨ ᠢ ᠤᠯᠤᠰ ᠤᠨ ᠲᠡᠰ ᠤᠨ ᠶᠠᠳᠠᠭᠤ ᠬᠦᠴᠢᠷᠳᠡᠯᠲᠠᠢ ᠡᠷᠤᠬᠡ ᠪᠠᠷ ᠮᠡᠳᠡᠬᠦᠯᠥᠬᠡᠳ ᠦᠤᠰᠢᠨ ᠬᠤᠰᠢᠭᠤᠨ ᠤ ᠵᠠᠰᠠᠭ ᠤᠨ ᠤᠷᠳᠤᠨ ᠠᠴᠠ ᠲᠦᠷᠥ ᠶᠢᠨ ᠪᠤᠳᠤᠯᠭ᠎ᠠ ᠲᠠᠢ ᠤᠶᠠᠯᠳᠤᠭᠤᠯᠵᠤ᠂ ᠬᠤᠰᠢᠭᠤᠨ ᠤ ᠬᠠᠪᠢ ᠪᠠᠷ ᠲᠡᠭᠦᠨ ᠳᠤ 70 ᠭᠠᠷᠤᠢ ᠲᠡᠭᠰᠢ ᠲᠥᠷᠪᠡᠯᠵᠢᠨ  ᠮᠧᠲᠷ ᠤᠨ ᠨᠢᠬᠡ ᠠᠰᠡᠷ ᠬᠤᠪᠢᠶᠠᠨ ᠥᠭᠴᠤ ᠥᠨᠳᠤᠰᠤᠨ ᠠᠮᠢᠳᠤᠷᠠᠯ ᠢ ᠨᠢ ᠰᠢᠢᠳᠪᠤᠷᠢᠯᠡᠭᠰᠡᠨ ᠪᠥᠭᠡᠳ ᠠᠷᠪᠠᠭᠠᠳ ᠵᠢᠯ ᠤᠨ ᠴᠦᠬᠦᠷᠡᠯ ᠥᠬᠡᠢ ᠴᠢᠷᠮᠠᠶᠢᠯᠭ᠎ᠠ ᠪᠠᠷ ᠲᠡᠮᠵᠢᠨ ᠨᠤᠷᠪᠤᠷᠢᠨᠴᠢᠨ ᠠᠮᠢᠳᠣᠷᠠᠯ ᠤᠨ ᠬᠠᠳᠠᠭᠤ ᠪᠡᠷᠬᠡ ᠶᠢ ᠢᠯᠡᠨ ᠲᠠᠪᠠᠵᠣ᠂ ᠶᠠᠳᠠᠭᠤ ᠠᠴᠠ ᠪᠠᠨ ᠠᠩᠬᠢᠵᠢᠷᠠᠵᠤ ᠴᠢᠨᠠᠬᠡᠯᠢᠭᠵᠢᠯ ᠤᠨ ᠵᠠᠮ ᠢᠶᠠᠷ ᠤᠷᠤᠭᠰᠢᠯᠠᠵᠤ ᠪᠠᠶᠢᠭ᠎ᠠ ᠨᠢ ᠶᠠᠭᠤᠲᠠᠢ ᠪᠢᠰᠢᠷᠡᠭᠦᠰᠢᠲᠠᠢ ᠪᠢᠯᠡ᠃     ᠬᠦᠮᠤᠨ ᠪᠤᠯᠭᠠᠨ ᠤ ᠠᠮᠢᠳᠤᠷᠠᠯ ᠤᠨ ᠬᠤᠪᠢ ᠲᠡᠪᠢᠯᠠᠩ ᠨᠢ ᠠᠳᠠᠯᠢ ᠪᠤᠰᠤ ᠪᠠᠶᠢᠳᠠᠭ᠃ ᠠᠶᠢᠯ ᠪᠤᠯᠭᠠᠨ ᠳᠤ ᠪᠦᠷ ᠠᠮᠢᠳᠤᠷᠠᠯ ᠤᠨ ᠬᠡᠴᠡᠬᠦᠤ ᠲᠠᠷᠣᠭᠠᠰᠤ ᠪᠠᠶᠢᠳᠠᠭ᠃ ︽ᠪᠤᠷᠤᠭᠠᠨ ᠤ ᠲᠠᠷᠠᠭ᠎ᠠ ᠰᠤᠯᠤᠩᠭ᠎ᠠ ᠲᠡᠳᠡᠳᠠᠭ︾ ᠮᠡᠳᠤ ᠪᠠᠷ ᠠᠮᠢᠳᠣᠷᠠᠯ ᠤᠨ ᠬᠠᠳᠠᠭᠤ ᠪᠡᠷᠭᠡ ᠶᠢ ᠢᠯᠡᠨ ᠲᠠᠪᠠᠪᠠᠯ ᠦᠩᠬᠡ ᠬᠡᠷᠡᠯ ᠲᠠᠢ ᠰᠠᠶᠢᠨ ᠰᠠᠶᠢᠬᠠᠠ ᠢᠷᠡᠭᠡᠳᠤᠢ ᠪᠢᠳᠡᠨ ᠢ ᠤᠭᠳᠤᠳᠠᠭ ᠭᠡᠳᠡᠭ ᠢ ᠢᠳᠡᠭᠡᠷᠠᠢ ᠬᠦᠮᠦᠰ ᠡ︕ ᠶᠠᠮᠠᠷᠪᠠ ᠬᠥᠴᠢᠷ ᠵᠤᠪᠠᠯᠠᠩ ᠳᠤ ᠤᠴᠠᠷᠠᠭᠰᠠᠨ ᠴᠤ ᠵᠤᠷᠢᠭ ᠢᠶᠠᠨ ᠡᠷᠴᠢᠯᠡᠵᠤ ᠲᠠᠰᠤᠷᠠᠯᠳᠠ ᠥᠭᠡᠢ ᠴᠢᠷᠮᠠᠶᠢᠪᠠᠯ ᠠᠮᠢᠳᠤᠷᠠᠯ ᠲᠠᠨ ᠢ ᠢᠪᠡᠭᠡᠨ ᠬᠠᠶᠢᠷᠠᠯᠠᠬᠤ ᠨᠢ ᠯᠠᠪᠲᠠᠢ᠃ ᠡᠨᠡ ᠬᠦ ᠮᠠᠯᠴᠢᠨ ᠬᠦᠮᠤᠨ ᠤ ᠴᠦᠭᠦᠷᠡᠰᠢ ᠦᠭᠡᠢ ᠴᠢᠷᠮᠠᠶᠢᠨ ᠲᠡᠮᠡᠴᠡᠳᠡᠭ ᠵᠤᠷᠢᠭ ᠰᠠᠨᠠᠭ᠎ᠠ ᠨᠢ ᠵᠠᠯᠠᠭᠠᠴᠤᠳ ᠪᠢᠳᠠᠠ ᠤ ᠰᠤᠷᠤᠯᠴᠠᠬᠤ ᠲᠠᠭᠤᠷᠢᠶᠠᠯ ᠪᠤᠯᠬᠤ ᠨᠢ ᠯᠠᠪᠲᠠᠢ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号