ᠮᠠᠶᠢᠷᠠᠠᠰᠦ᠋ᠮ᠎ᠠ ᠶᠢᠨ ︽ᠰᠢᠨ᠎ᠠ ᠮᠠᠶᠢᠷᠠᠠ︾
ᠨᠡᠶᠢᠲᠡᠯᠡᠭᠰᠡᠨ ᠴᠠᠭ᠄
2020/8/20
    ᠦᠤᠰᠢᠨ ᠵᠡᠬᠦᠨ ᠮᠠᠶᠢᠷᠠᠠ ᠠᠴᠠ ᠤᠯᠪᠠᠭ᠎ᠠ ᠲᠠᠢ ᠦᠤᠰᠢᠨ ᠬᠤᠰᠢᠭᠤᠨ ᠤ ᠳᠤᠭ ᠪᠠᠯᠭᠠᠰᠤ ᠶᠢᠨ ᠮᠠᠶᠢᠷᠠᠠᠰᠦ᠋ᠮ᠎ᠠ ᠭᠠᠴᠠᠭᠠᠠ ᠳᠤ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠳᠠᠶᠢᠯᠠᠯᠳᠤᠭᠠᠠ ᠪᠠ ᠬᠦᠳᠡᠭᠡ ᠳᠤᠰᠬᠤᠨ ᠢ ᠬᠦᠭᠵᠢᠬᠦᠯᠬᠦ ᠪᠠᠶᠢᠯᠳᠤᠬᠤ ᠪᠤᠳᠤᠯᠭ᠎ᠠ ᠵᠢᠴᠢ ᠭᠠᠴᠠᠭ᠎ᠠ ᠳᠤᠰᠬᠤᠨ ᠤ ᠬᠠᠮᠳᠤ ᠶᠢᠨ ᠠᠵᠤ ᠠᠬᠤᠢ ᠶᠢ ᠬᠦᠭᠵᠢᠬᠦᠯᠬᠦ ᠠᠵᠢᠯ ᠤᠨ ᠡᠮᠦᠨ᠎ᠡ ᠡᠩᠨᠡᠬᠡᠡ ᠳᠤ ᠬᠤᠰᠢᠭᠤᠴᠢᠯᠠᠵᠦ ᠶᠠᠪᠤᠭ᠎ᠠ ᠰᠢᠨ᠎ᠠ ᠴᠠᠭ ᠦᠶ᠎ᠠ ᠶᠢᠨ ︽ᠮᠠᠶᠢᠷᠠᠠ︾ ᠪᠠᠶᠢᠳᠠᠭ᠃ ᠳᠡᠷᠡ ᠪᠤᠯ ᠳᠠᠷᠤᠢ ᠦᠤᠰᠢᠨ ᠬᠤᠰᠢᠭᠤᠨ ᠤ ᠪᠠᠶᠢᠭᠠᠯᠢ ᠶᠢᠨ ᠡᠬᠢ ᠪᠠᠶᠠᠯᠢᠭ ᠤᠨ ᠳᠤᠪᠴᠢᠶᠠᠠ ᠤ ᠺᠠᠳ᠋ᠷ᠂ ᠮᠠᠶᠢᠷᠠᠠᠰᠦ᠋ᠮ᠎ᠠ ᠭᠠᠴᠠᠭᠠᠠ ᠤ ᠨᠢᠬᠡᠳᠦᠬᠡᠷ ᠱᠦᠵᠢ ᠮᠦᠩᠬᠡᠳᠠᠯᠠᠢ ᠪᠤᠯᠤᠨ᠎ᠠ᠃     ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠠᠵᠢᠯ ᠤᠨ ᠳᠠᠶᠢᠴᠢᠨ ︽ᠮᠠᠶᠢᠷᠠᠠ︾     ᠶᠠᠳᠠᠭᠤ ᠶᠢ ᠳᠡᠳᠬᠦᠬᠦ ᠠᠵᠢᠯ ᠪᠤᠯ ᠭᠠᠴᠠᠭ᠎ᠠ ᠳᠤᠰᠬᠤᠨ ᠳᠤ ᠳᠤᠮᠢᠯᠠᠭᠳᠠᠭᠰᠠᠠ ᠨᠢᠬᠡᠳᠦᠬᠡᠷ ᠱᠦᠵᠢ ᠶᠢᠨ ᠮᠠᠩᠯᠠᠢ ᠳᠤ ᠪᠠᠶᠢᠷᠢᠯᠠᠬᠤ ᠮᠠᠰᠢ ᠴᠢᠬᠤᠯᠠ ᠠᠵᠢᠯ ᠶᠤᠮ᠃ ᠪᠢᠳᠡ ᠮᠦᠩᠬᠡᠳᠠᠯᠠᠢ ᠱᠦᠵᠢ ᠶᠢᠨ ᠳᠠᠭᠠᠭᠤᠯᠭ᠎ᠠ ᠪᠠᠷ ᠮᠠᠶᠢᠷᠠᠠᠰᠦ᠋ᠮ᠎ᠠ ᠭᠠᠴᠠᠭᠠᠠ ᠤ ᠶᠠᠳᠠᠭᠤ ᠠᠴᠠ ᠠᠩᠬᠢᠵᠢᠷᠠᠭᠰᠠᠠ ᠡᠷᠦᠬᠡ ᠪᠠᠳᠠᠷᠠᠭᠤᠯ ᠤᠨ ᠬᠢᠨ ᠳᠤ ᠤᠴᠢᠪᠠ᠃ 2002 ᠤᠨ ᠳᠤ ᠪᠠᠳᠠᠷᠠᠭᠤᠯ ᠪᠦᠰᠡᠬᠦᠢ ᠰᠡᠴᠡᠨᠪᠠᠳᠮ᠎ᠠ ᠲᠠᠢ ᠪᠠᠨ ᠳᠤᠭᠤᠨᠤ ᠪᠤᠰᠬᠠᠬᠤ ᠳᠤ ᠠᠬ᠎ᠠ ᠳᠡᠬᠦᠦ ᠤᠯᠠᠠ ᠠᠴᠠ ᠪᠤᠯᠵᠦ ᠠᠷᠠᠢ 671 ᠮᠦ ᠪᠡᠯᠴᠢᠬᠡᠷ᠂ 22 ᠬᠤᠨᠢ ᠬᠤᠪᠢᠳᠠᠵᠦ᠂ ᠬᠦᠯᠦᠰᠤᠨ ᠠᠵᠢᠯ ᠬᠢᠬᠦ ᠪᠠᠷ ᠠᠮᠢᠳᠤᠷᠠᠯ ᠢᠶᠠᠨ ᠠᠷᠭᠠᠴᠠᠭᠠᠵᠦ ᠪᠠᠶᠢᠵᠠᠢ᠃ ︽ᠭᠠᠢ ᠭᠠᠵᠠᠷ ᠳᠤᠤᠷ᠎ᠡ ᠠᠴᠠ︾ ᠬᠡᠳᠡᠭᠴᠢᠯᠡᠡ ᠪᠠᠳᠠᠷᠠᠭᠤᠯ ᠨᠢᠬᠡ ᠤᠳᠠᠭᠠᠠ ᠤ ᠠᠵᠢᠯ ᠤᠨ ᠡ᠊ᠨᠳᠡᠭᠳᠡᠯ ᠢᠶᠠᠷ ᠪᠠᠷᠠᠭᠤᠨ ᠨᠢᠳᠤ ᠪᠠᠨ ᠠᠯᠳᠠᠵᠦ᠂ ᠰᠤᠬᠤᠷ ᠵᠠᠮᠳᠡᠭ ᠪᠤᠯᠪᠠ᠃ ︽ᠳᠠᠩ ᠢᠶᠠᠷ ᠢᠷᠡᠬᠦ ᠵᠤᠪᠠᠯᠠᠩ ᠦᠬᠡᠢ︾ ᠬᠡᠵᠦ ᠪᠠᠰᠠ ᠤᠨᠤᠭᠠᠭᠰᠠᠠ ᠦᠬᠡ᠃ ᠳᠦᠳᠡ ᠤᠳᠠᠯ ᠦᠬᠡᠢ ᠪᠦᠰᠡᠬᠦᠢ ᠰᠡᠴᠡᠨᠪᠠᠳᠮ᠎ᠠ ᠨᠢ ᠪᠠᠰᠠ ᠴᠢᠰᠦᠨ ᠤ ᠳᠠᠷᠤᠯᠳᠠ ᠪᠤᠭᠤᠨᠢ᠂ ᠴᠢᠰᠦᠨ ᠤ ᠰᠢᠬᠢᠷᠯᠢᠭ ᠪᠤᠭᠤᠨᠢ ᠡᠪᠡᠳᠴᠢᠨ ᠳᠤ ᠨᠡᠷᠪᠡᠭᠳᠡᠵᠦ ᠳᠡᠳᠡ ᠬᠤᠶᠠᠭᠤᠯᠠ ᠶᠢᠨ ᠠᠮᠢᠳᠤᠷᠠᠯ ᠬᠦᠴᠢᠷᠳᠡᠯᠳᠡᠢ ᠳᠡᠬᠡᠷ᠎ᠡ ᠠᠴᠠ ᠨᠢ ᠤᠷᠤᠭᠤᠳᠠᠵᠦ᠂ 2016 ᠤᠨ ᠳᠤ ᠶᠠᠳᠠᠭᠤ ᠡᠷᠦᠬᠡ ᠪᠠᠷ ᠳᠠᠩᠰᠠᠯᠠᠭᠳᠠᠭᠰᠠᠠ ᠪᠠᠶᠢᠨ᠎ᠠ᠃ ︽ᠡᠨᠡ ᠠᠶᠢᠯ ᠢ ᠳᠡᠳᠬᠦᠬᠦ ᠳᠤ ᠪᠢᠳᠡ ᠦᠨᠡᠬᠡᠷ ᠶᠡᠭᠡ ᠬᠦᠴᠦ ᠬᠦᠯᠦᠰᠦ᠂ ᠵᠤᠭᠤᠰ ᠮᠦᠩᠬᠦ ᠵᠠᠷᠤᠴᠠᠭᠤᠯᠤᠭᠰᠠᠠ᠂ 68 ᠳᠡᠭᠰᠢ ᠳᠦᠷᠪᠡᠯᠵᠢᠨ ᠮᠧᠲᠷ ᠤᠨ ᠪᠠᠶᠢᠰᠢᠩ᠂ 170 ᠳᠡᠭᠰᠢ ᠳᠦᠷᠪᠡᠯᠵᠢᠨ  ᠮᠧᠲᠷ ᠤᠨ ᠰᠠᠷᠠᠪᠴᠢ᠂ 200 ᠳᠡᠭᠰᠢ ᠳᠦᠷᠪᠡᠯᠵᠢᠨ ᠮᠧᠲᠷ ᠤᠨ ᠡᠪᠡᠰᠦᠨ ᠫᠧᠩ ᠪᠠᠷᠢᠵᠦ ᠦᠭᠪᠡ᠂ 1 ᠺᠢᠯᠤᠮᠧᠲᠷ ᠤᠨ ᠦᠨᠳᠦᠷ ᠭᠥᠴᠥᠳᠡᠯᠳᠤ ᠴᠠᠬᠢᠯᠭᠠᠠ ᠤᠳᠠᠰᠤ ᠳᠠᠳᠠᠪᠠ᠂ 1 ᠰᠧᠮᠧᠨ᠋ᠲ᠋ᠠᠷ ᠪᠤᠬ᠎ᠠ ᠠᠪᠴᠤ ᠦᠭᠪᠡ︾ ᠬᠡᠵᠦ ᠮᠦᠩᠬᠡᠳᠠᠯᠠᠢ ᠠᠯᠠᠭᠠᠠ ᠤ ᠵᠢᠷᠤᠭᠠᠰᠤ ᠪᠠᠨ ᠰᠢᠬ ᠳᠤᠳᠤᠷᠬᠠᠢ ᠳᠤᠭᠠᠴᠢᠪᠠ᠃ ᠰᠡᠴᠡᠨᠪᠠᠳᠮ᠎ᠠ ᠶᠢᠨ ᠬᠡᠯᠡᠬᠦ ᠪᠠᠷ᠂ ᠳᠡᠳᠡᠡ ᠤ ᠬᠢ 108 ᠮᠦ ᠤᠰᠤᠨ ᠭᠠᠵᠠᠷ ᠲᠠᠢ ᠴᠤ ᠱᠠᠩᠳᠠ ᠭᠠᠵᠠᠷ ᠪᠤᠯᠬᠤᠷ ᠬᠠᠪᠤᠷ ᠤᠨ ᠳᠠᠷᠢᠶᠠᠯᠠᠭ᠎ᠠ ᠶᠢᠨ ᠦᠶ᠎ᠡ ᠳᠤ ᠰᠢᠪᠠᠷᠳᠠᠵᠦ ᠯᠠᠭᠤᠳᠠᠭᠠᠳ ᠪᠤᠰᠤᠳ ᠠᠴᠠ ᠨᠢᠬᠡ ᠰᠠᠷ᠎ᠠ ᠬᠤᠴᠤᠷᠴᠤ ᠲᠠᠷᠢᠳᠠᠭ ᠪᠤᠯᠬᠤᠷ ᠳᠠᠷᠢᠶᠠᠯᠠᠩ ᠤᠨ ᠤᠨᠠᠯᠳᠠ ᠨᠢ ᠶᠡᠭᠡ ᠪᠠᠷ ᠨᠦᠯᠦᠬᠡᠯᠡᠭᠳᠡᠳᠡᠭ ᠬᠡᠨ᠎ᠡ᠃ ᠡᠨᠡ ᠠᠰᠠᠭᠤᠳᠠᠯ ᠢ ᠦᠨᠳᠦᠰᠦᠨ ᠠᠴᠠ ᠨᠢ ᠰᠢᠢᠳᠪᠦᠷᠢᠯᠡᠬᠦ ᠶᠢᠨ ᠳᠦᠯᠦᠬᠡ ᠮᠦᠩᠬᠡᠳᠠᠯᠠᠢ ᠪᠠᠶᠢᠭᠤᠯᠭ᠎ᠠ ᠨᠢᠬᠡᠴᠢ ᠲᠠᠢ ᠪᠠᠨ ᠵᠦᠪᠳᠡᠯᠴᠡᠵᠦ ᠪᠠᠶᠢᠭᠠᠳ ᠮᠦᠩᠬᠦ ᠵᠤᠭᠤᠰ ᠴᠤᠭᠯᠠᠭᠤᠯᠵᠦ᠂ ᠳᠡᠳᠡᠡ ᠤ ᠳᠠᠷᠢᠶᠠᠠ ᠭᠠᠵᠠᠷ ᠲᠤ 86 ᠳᠡᠷᠬᠡ ᠰᠢᠷᠤᠢ ᠳᠡᠬᠡᠬᠡᠪᠦᠷᠢᠯᠡᠡ ᠤᠷᠤᠭᠤᠯᠵᠦ᠂ ᠬᠦᠷᠦᠰᠦᠨ ᠤ ᠴᠢᠨᠠᠷ ᠢ ᠨᠢ ᠰᠠᠶᠢᠵᠢᠷᠠᠭᠤᠯᠵᠠᠢ᠃ ᠬᠦᠮᠦᠨ ᠲᠠᠢ ᠰᠠᠴᠠᠭᠤᠯᠤᠨ ᠤᠷᠭᠤᠬᠤ ᠡᠷᠳᠡᠨᠢ ᠰᠢᠰᠢ ᠪᠤᠯᠤᠨ ᠵᠠᠪᠰᠠᠷ ᠵᠠᠢ ᠦᠬᠡᠢ ᠴᠢᠬᠢ ᠪᠠᠷᠢᠬᠰᠠᠠ ᠪᠤᠷᠤ ᠴᠠᠷᠭᠠᠰᠤ ᠨᠢ ᠡᠬᠦᠨ ᠤ ᠦᠷ᠎ᠡ ᠳ᠋ᠦᠩ ᠢ ᠬᠡᠷᠡᠴᠢᠯᠡᠡ ᠪᠠᠶᠢᠯ᠎ᠠ᠃     ᠪᠠᠳᠠᠷᠠᠭᠤᠯ ᠤᠨ ᠦᠬᠡᠷ ᠤᠨ ᠬᠠᠰᠢᠶᠠᠠ ᠳᠤ ᠬᠦᠴᠦ ᠳᠠᠷᠭᠤ ᠰᠠᠶᠢᠳᠠᠢ 9 ᠰᠧᠮᠧᠨ᠋ᠲ᠋ᠠᠷ ᠪᠢᠷᠠᠭᠤ ᠳᠡᠳᠡᠡ ᠤ ᠠᠮᠢᠳᠤᠷᠠᠯ ᠤᠳᠤ ᠬᠢᠷᠢ ᠵᠡᠷᠬᠡ ᠳᠤ ᠬᠦᠷᠦᠭᠰᠡᠡ ᠬᠡᠳᠡᠭ ᠢ ᠬᠠᠷᠠᠭᠤᠯᠤᠨ ᠳᠠᠶᠢᠪᠤᠩ ᠬᠡᠪᠢᠨ᠎ᠠ᠃ ᠬᠠᠪᠰᠤᠷᠤᠨ ᠳᠡᠳᠬᠦᠬᠦ ᠪᠠᠶᠢᠭᠤᠯᠭ᠎ᠠ ᠨᠢᠬᠡᠴᠢ ᠶᠢᠨ ᠳᠡᠮᠵᠢᠯᠬᠡ ᠪᠠᠷ ᠪᠠᠳᠠᠷᠠᠭᠤᠯ ᠤᠨ ᠠᠮᠢᠳᠤᠷᠠᠯ ᠨᠢᠬᠡᠨᠳᠡ ᠳᠡᠩᠬᠡᠷᠡᠵᠠᠢ᠃ ︽ᠡᠨᠡ ᠨᠠᠮᠤᠷ 13 ᠪᠢᠷᠠᠭᠤ ᠬᠤᠳᠠᠯᠳᠤᠬᠤ ᠰᠠᠨᠠᠭ᠎ᠠ ᠲᠠᠢ᠂ ᠪᠤᠰᠤᠳ ᠢ ᠨᠢ ᠠᠶᠢᠮᠠᠭ ᠵᠡᠷᠬᠡᠯᠡᠳᠡᠭᠡ ᠶᠢᠨ ᠬᠢᠨ ᠪᠤᠬ᠎ᠠ ᠳᠠᠯᠪᠢᠬᠤ ᠪᠠᠷ ᠵᠢᠬᠡᠯᠡᠵᠦ ᠶᠠᠪᠤᠬᠰᠠᠠ︾ ᠬᠡᠵᠦ ᠰᠡᠴᠡᠨᠪᠡᠳᠮ᠎ᠡ ᠬᠡᠯᠡᠪᠡ᠃   ᠮᠦᠩᠬᠡᠳᠠᠯᠠᠢ ᠶᠢᠨ ᠳᠠᠨᠢᠯᠴᠠᠭᠤᠯᠭ᠎ᠠ ᠠᠴᠠ ᠡᠳᠡᠡ ᠤ ᠬᠢ 2018 ᠤᠨ ᠳᠤ 19 ᠪᠢᠷᠠᠭᠤ᠂ 2019 ᠤᠨ ᠳᠤ 21 ᠪᠢᠷᠠᠭᠤ ᠬᠤᠳᠠᠯᠳᠤᠵᠦ᠂ ᠰᠧᠮᠧᠨ᠋ᠲ᠋ᠠᠷ ᠪᠢᠷᠠᠭᠤᠨ ᠤ ᠬᠦᠨᠳᠦᠴᠡ ᠪᠠᠭ᠎ᠠ ᠳᠠᠭᠠᠨ 400 ᠵᠢᠩ᠂ ᠶᠡᠭᠡ ᠳᠡᠭᠡᠨ 670 ᠵᠢᠩ ᠬᠦᠷᠳᠡᠭ ᠬᠡᠭᠴᠢ ᠶᠢ ᠤᠢᠢᠯᠠᠭᠠᠪᠠ᠃ ᠵᠠᠬ᠎ᠠ ᠳᠡᠯᠬᠡᠬᠦᠷ ᠤᠨ ᠦᠨ᠎ᠠ ᠬᠠᠩᠰᠢ ᠪᠠᠷ ᠰᠧᠮᠧᠨ᠋ᠲ᠋ᠡᠷ ᠦᠬᠡᠷ ᠢ ᠠᠮᠢᠳᠤ ᠪᠠᠷ ᠬᠤᠳᠠᠯᠳᠤᠪᠠᠯ ᠵᠢᠩ ᠪᠦᠷᠢ ᠳᠡᠭᠡᠨ 28 ᠳᠦᠬᠦᠷᠢᠭ᠂ ᠠᠯᠠᠭᠠᠳ ᠬᠤᠳᠠᠯᠳᠤᠪᠠᠯ ᠵᠢᠩ ᠪᠦᠷᠢ ᠳᠡᠭᠡᠨ 35 ᠳᠦᠬᠦᠷᠢᠭ ᠲᠤ ᠬᠦᠷᠬᠦ ᠪᠠᠷ ᠪᠤᠳᠤᠪᠠᠯ ᠪᠠᠳᠠᠷᠠᠭᠤᠯ ᠤᠨ ᠠᠮᠢᠳᠤᠷᠠᠯ ᠨᠡᠷ᠎ᠡ ᠲᠠᠢ ᠪᠠᠨ ᠠᠳᠠᠯᠢ ᠪᠠᠳᠠᠷᠠᠵᠦ ︽ᠪᠠᠶᠠᠠ︾ ᠪᠠᠳᠠᠷᠠᠭᠤᠯ ᠪᠤᠯᠵᠠᠢ᠃     ᠪᠠᠳᠠᠷᠠᠭᠤᠯ ᠤᠨ ᠬᠢ ᠠᠴᠠ ᠭᠠᠷᠤᠭᠠᠳ ᠪᠢᠳᠡ ᠠᠷᠴᠠᠠ ᠪᠠᠯᠠᠷ ᠢᠶᠠᠷ ᠮᠤᠰᠬᠢᠯᠳᠤᠬᠰᠠᠠ ᠨᠤᠳᠤᠭ ᠤᠨ ᠰᠢᠷ᠎ᠠ ᠵᠠᠮ ᠢᠶᠠᠷ ᠬᠠᠭᠠᠰ ᠴᠠᠭ ᠨᠦᠳᠦᠵᠦ᠂ ᠳᠤᠰ ᠭᠠᠴᠠᠭᠠᠠ ᠤ ᠵᠡᠮᠳᠡᠭ ᠮᠠᠯᠴᠢᠨ ᠮᠦᠩᠬᠡᠪᠢᠯᠢᠭ ᠤᠨ ᠳᠤ ᠬᠦᠷᠪᠡ᠃ ᠤᠤᠯ ᠨᠢ ᠮᠦᠩᠬᠡᠳᠠᠯᠠᠢ ᠡᠨᠡ ᠵᠢᠯ ᠵᠠᠮᠳᠡᠭᠴᠤᠳ ᠤᠨ ᠬᠤᠯᠪᠤᠭ᠎ᠠ ᠲᠠᠢ ᠬᠠᠷᠢᠯᠴᠠᠵᠦ ᠪᠠᠶᠢᠭᠠᠳ ᠮᠦᠩᠬᠡᠪᠢᠯᠢᠭ ᠲᠤ 160 ᠲᠡᠭᠰᠢ ᠳᠦᠷᠪᠡᠯᠵᠢᠨ ᠮᠧᠲᠷ ᠤᠨ ᠡᠪᠡᠰᠦᠨ ᠫᠧᠩ ᠪᠠᠷᠢᠵᠦ ᠦᠭᠬᠦᠭᠰᠡᠡ ᠪᠠᠶᠢᠯ᠎ᠠ᠃ ᠳᠡᠷᠡ ᠮᠦᠩᠬᠡᠪᠢᠯᠢᠭ ᠠᠴᠠ ᠡᠪᠡᠰᠦᠨ ᠫᠧᠩ ᠤᠨ ᠪᠠᠷᠢᠯᠭ᠎ᠠ ᠶᠢᠨ ᠴᠢᠨᠠᠷ ᠢ ᠤᠢᠢᠯᠠᠭᠠᠬᠤ ᠶᠢᠨ ᠳᠠᠭᠠᠤ ᠪᠠᠷᠢᠯᠭᠠᠴᠢᠨ ᠤ ᠬᠦᠯᠦᠰᠦ ᠮᠦᠩᠬᠦ ᠶᠢ ᠳᠤᠭᠠᠴᠢᠬᠤ ᠠᠰᠠᠭᠤᠳᠠᠯ ᠢ ᠨᠠᠶᠢᠳᠠᠪᠤᠷᠢᠵᠢᠭᠤᠯᠪᠠ᠃     ᠭᠠᠴᠠᠭᠠᠠ ᠤ ᠬᠠᠮᠳᠤ ᠶᠢᠨ ᠠᠵᠤ ᠠᠬᠤᠢ ᠶᠢ ᠬᠦᠭᠵᠢᠬᠦᠯᠬᠦ ᠠᠵᠢᠯ ᠤᠨ ᠭᠠᠪᠰᠢᠭᠠᠢ ︽ᠮᠠᠶᠢᠷᠠᠠ︾     ᠮᠦᠩᠬᠡᠳᠠᠯᠠᠢ ᠶᠢᠨ ᠮᠠᠶᠢᠷᠠᠠᠰᠦ᠋ᠮ᠎ᠠ ᠭᠠᠴᠠᠭᠠᠠ ᠳᠤ ᠬᠢᠭᠰᠡᠡ ᠬᠠᠮᠤᠭ ᠤᠯᠵᠠᠷᠬᠠᠯ ᠲᠠᠢ ᠠᠵᠢᠯ ᠬᠡᠪᠡᠯ ︽ᠦᠤᠰᠢᠨ ᠬᠤᠰᠢᠭᠤᠨ ᠤ ᠮᠠᠶᠢᠷᠠᠠᠰᠦ᠋ᠮ᠎ᠠ ᠶᠢᠨ ᠬᠠᠳᠠᠭᠤᠴᠠᠶᠢᠳᠠᠮ ᠤᠮᠳᠠᠭᠠᠠ ᠤ ᠬᠢᠵᠠᠭᠠᠷᠳᠤ ᠺᠤᠮᠫᠠᠨᠢ︾ ᠶᠢ ᠪᠠᠶᠢᠭᠤᠯᠤᠬᠰᠠᠠ ᠶᠠᠪᠤᠳᠠᠯ ᠪᠤᠯᠤᠨ᠎ᠠ᠃ ᠮᠠᠶᠢᠷᠠᠠᠰᠦ᠋ᠮ᠎ᠠ ᠭᠠᠴᠠᠭ᠎ᠠ ᠨᠢ ᠬᠠᠳᠠᠭᠤ ᠴᠠᠶᠢᠳᠠᠮ ᠤᠨ ᠤᠰᠤᠨ ᠤ ᠡᠬᠢ ᠰᠤᠷᠪᠤᠯᠵᠢ ᠶᠢᠨ ᠤᠷᠤᠨ ᠳᠤ ᠪᠠᠶᠢᠷᠢᠰᠢᠵᠦ᠂ ᠤᠰᠤᠨ ᠤ ᠡᠬᠢ ᠪᠠᠶᠠᠯᠢᠭ᠂ ᠤᠰᠤᠨ ᠤ ᠴᠢᠨᠠᠷ ᠢᠶᠠᠷ ᠦᠯᠢᠳᠬᠡᠵᠦ ᠪᠤᠯᠤᠰᠢ ᠦᠬᠡᠢ ᠳᠠᠪᠠᠭᠤᠯᠢᠭ ᠳᠠᠯ᠎ᠠ ᠲᠠᠢ ᠶᠤᠮ᠃ ᠠᠯᠢ ᠡᠷᠳᠡ 2014 ᠤᠨ ᠳᠤ ᠮᠠᠶᠢᠷᠠᠠᠰᠦ᠋ᠮ᠎ᠠ ᠭᠠᠴᠠᠭ᠎ᠠ ᠨᠢ ᠤᠰᠤᠨ ᠤ ᠡᠬᠢ ᠪᠡᠶᠠᠯᠢᠭ ᠢᠶᠠᠨ ᠠᠵᠤ ᠠᠬᠤᠢ ᠶᠢᠨ ᠳᠠᠪᠠᠭᠤᠯᠢᠭ ᠪᠤᠯᠭᠠᠠ ᠠᠰᠢᠬᠯᠠᠬᠤ ᠠᠷᠭ᠎ᠠ ᠵᠠᠮ ᠢ ᠰᠦᠪᠡᠭᠴᠢᠯᠡᠵᠦ᠂ ᠪᠤᠯᠠᠭ ᠤᠨ ᠤᠰᠤᠨ ᠤᠮᠳᠠᠭᠠᠨ ᠬᠢᠬᠦ ᠦᠢᠯᠡᠳᠪᠦᠷᠢ ᠶᠢᠨ ᠬᠡᠷ ᠪᠠᠷᠢᠵᠠᠢ᠃ ᠬᠡᠪᠡᠴᠦ ᠡᠯ᠎ᠡ ᠵᠦᠢᠯ ᠤᠨ ᠰᠢᠯᠳᠠᠭᠠᠠ ᠠᠴᠠ ᠪᠤᠯᠤᠭᠠᠳ ᠬᠤᠭᠤᠰᠤᠨ ᠬᠦᠰᠡᠯ᠂ ᠬᠦᠨᠳᠡᠢ ᠬᠡᠷ ᠳᠡᠳᠦᠢ ᠯᠠ ᠬᠤᠴᠤᠷᠤᠭᠰᠠᠠ ᠪᠠᠶᠢᠨ᠎ᠠ ᠃ 2019 ᠤᠨ ᠤ ᠵᠢᠯ ᠤᠨ ᠡᠬᠢᠨ ᠠᠴᠠ ᠮᠦᠩᠬᠡᠳᠠᠯᠠᠢ ᠭᠠᠴᠠᠭᠠᠠ ᠤ ᠭᠤᠷᠪᠠᠠ ᠵᠦᠪᠯᠡᠯ ᠲᠠᠢ ᠵᠦᠪᠳᠡᠯᠴᠡᠵᠦ ᠪᠠᠶᠢᠭᠠᠳ ᠡᠨᠡ ᠪᠦᠯᠦᠭ ᠬᠡᠷ ᠪᠠᠶᠢᠰᠢᠩ ᠢ ᠠᠰᠢᠬᠯᠠᠵᠦ ᠤᠮᠳᠠᠭᠠᠠ ᠤ ᠦᠢᠯᠡᠳᠪᠦᠷᠢ ᠪᠠᠶᠢᠭᠤᠯᠬᠤ ᠪᠠᠷ ᠰᠢᠢᠳᠦᠭᠰᠡᠡ ᠪᠠᠶᠢᠨ᠎ᠠ᠃     ᠰᠢᠨ᠎ᠡ ᠶᠢ ᠡᠬᠦᠳᠴᠦ ᠦᠢᠯᠡᠰ ᠪᠤᠰᠬᠠᠨ᠎ᠠ ᠬᠡᠭᠴᠢ ᠬᠡᠯᠡᠬᠦ ᠳᠤ ᠠᠮᠠᠷ᠂ ᠬᠢᠬᠦ ᠳᠤ ᠬᠦᠴᠢᠷ᠃ ᠤᠮᠳᠠᠭᠠᠠ ᠤ ᠦᠢᠯᠡᠳᠪᠦᠷᠢ ᠪᠠᠶᠢᠭᠤᠯᠬᠤ ᠳᠤ ᠮᠦᠩᠬᠡᠳᠠᠯᠠᠢ ᠪᠤᠯᠤᠨ ᠮᠠᠶᠢᠷᠠᠠᠰᠦ᠋ᠮ᠎ᠠ ᠭᠠᠴᠠᠭᠠᠠ ᠳᠤ ᠶᠠᠭᠤᠨ ᠤ ᠤᠷᠢᠳ ︽ᠤᠰᠤ ᠬᠡᠷᠡᠭᠯᠡᠬᠦ ᠦᠨᠡᠮᠯᠡᠯ︾᠂ ︽ᠢᠳᠡᠬᠡᠡ ᠤᠮᠳᠠᠭᠠᠠ ᠦᠢᠯᠡᠳᠪᠦᠷᠢᠯᠡᠬᠦ ᠶᠢ ᠵᠦᠪᠰᠢᠶᠡᠷᠡᠭᠰᠡᠡ ᠦᠨᠡᠮᠯᠡᠯ︾ ᠬᠡᠬᠦ ᠬᠤᠶᠠᠷ ᠶᠡᠭᠡ ᠦᠨᠡᠮᠯᠡᠯ ᠬᠡᠷᠡᠮ ᠪᠤᠯᠤᠨ ᠬᠦᠨᠳᠡᠯᠢᠳᠪᠡ᠃ ︽ᠤᠰᠤ ᠬᠡᠷᠡᠭᠯᠡᠬᠦ ᠦᠨᠡᠮᠯᠡᠯ︾ ᠢ ᠬᠦᠢᠴᠡᠳᠬᠡᠬᠦ ᠶᠢᠨ ᠳᠦᠯᠦᠬᠡ ᠮᠦᠩᠬᠡᠳᠠᠯᠠᠢ ᠬᠤᠰᠢᠭᠤ ᠵᠠᠰᠠᠭ ᠤᠨ ᠤᠷᠳᠤᠨ᠂ ᠬᠤᠰᠢᠭᠤ ᠤᠰᠤᠨ ᠠᠰᠢᠬᠯᠠᠯᠳᠠ ᠶᠢᠨ ᠶᠠᠪᠤᠳᠠᠯ ᠤᠨ ᠳᠤᠪᠴᠢᠶᠠᠠ ᠳᠤ ᠤᠷᠢᠳ ᠬᠤᠵᠢᠳ 3 ᠰᠠᠷ᠎ᠠ ᠭᠠᠷᠤᠢ ᠬᠦᠶᠦᠵᠦ ᠪᠠᠶᠢᠭᠠᠳ ᠪᠦᠳᠦᠬᠡᠵᠠᠢ᠃ ᠡᠨᠡ ᠬᠤᠭᠤᠴᠠᠭᠠᠠ ᠳᠤ ᠮᠦᠩᠬᠡᠳᠠᠯᠠᠢ ᠮᠠᠰᠢᠨ ᠢᠶᠠᠨ ᠪᠠᠷᠢᠨ ᠮᠠᠶᠢᠷᠠᠠᠰᠦ᠋ᠮ᠎ᠠ ᠭᠠᠴᠠᠭ᠎ᠠ ᠠᠴᠠ ᠬᠤᠰᠢᠭᠤ ᠳᠦᠪ ᠭᠠᠯᠠᠭᠤᠳᠤ ᠪᠠᠯᠭᠠᠰᠤ ᠬᠦᠷᠬᠦ 85  ᠺᠢᠯᠦᠮᠧᠲᠷ ᠤᠨ ᠵᠠᠮ ᠢ ᠪᠠᠷᠤᠭ ᠡᠳᠦᠷ ᠲᠤ ᠨᠢᠬᠡ ᠤᠳᠠᠭ᠎ᠠ ᠨᠤᠭᠤᠯᠵᠦ᠂ ᠵᠠᠷᠢᠮ ᠳᠤᠨᠢ ᠡᠳᠦᠷ ᠲᠤ ᠬᠤᠶᠠᠷ ᠤᠳᠠᠭ᠎ᠠ ᠨᠠᠭᠠᠰᠢ ᠴᠠᠭᠠᠰᠢ ᠳᠠᠪᠬᠢᠬᠰᠠᠠ ᠤᠳᠠᠭ᠎ᠠ ᠴᠤ ᠪᠤᠢ᠃ ᠦᠨᠡᠮᠯᠡᠯ ᠢᠶᠠᠨ ᠬᠦᠢᠴᠡᠳᠬᠡᠬᠡᠳ ᠦᠢᠯᠡᠳᠪᠦᠷᠢᠯᠡᠯ ᠡᠬᠢᠯᠡᠶ᠎ᠡ ᠬᠡᠬᠦ ᠳᠤ ᠪᠠᠷᠢᠬᠰᠠᠠ ᠦᠢᠯᠡᠳᠪᠦᠷᠢ ᠶᠢᠨ ᠳᠠᠰᠤᠭ ᠨᠢ ᠢᠳᠡᠬᠡᠡ ᠤᠮᠳᠠᠭᠠᠠ ᠦᠢᠯᠡᠳᠪᠦᠷᠢᠯᠡᠬᠦ ᠠᠷᠢᠭᠤᠨ ᠴᠡᠪᠡᠷ ᠤᠨ ᠪᠠᠷᠢᠮᠵᠢᠶ᠎ᠡ ᠳᠤ ᠬᠦᠷᠬᠦ ᠦᠬᠡᠢ ᠪᠤᠯᠵᠦ ᠠᠬᠢᠭᠠᠳ 20 ᠳᠦᠮᠡᠡ ᠳᠦᠬᠦᠷᠢᠭ ᠤᠨ ᠪᠡᠯᠡ ᠮᠦᠩᠬᠦ ᠤᠷᠤᠭᠤᠯᠵᠦ᠂ ᠤᠤᠯ ᠤᠨ ᠦᠢᠯᠡᠳᠪᠦᠷᠢ ᠶᠢᠨ ᠬᠡᠷ ᠳᠤᠳᠤᠷ᠎ᠠ ᠪᠠᠨ ᠰᠢᠨ᠎ᠡ ᠪᠠᠷ ᠦᠩᠬᠡᠳᠦ ᠳᠡᠮᠦᠷᠯᠢᠭ ᠤᠨ ᠪᠠᠶᠢᠰᠢᠩ ᠪᠠᠷᠢᠵᠦ ᠪᠢᠯᠡ᠃ ︽ᠰᠠᠶᠢᠨ ᠶᠠᠪᠤᠳᠠᠯ ᠳᠤ ᠰᠠᠭᠠᠳ ᠤᠯᠠᠠ︾ ᠬᠡᠭᠴᠢ ᠪᠠᠷ 2019 ᠤᠨ ᠤ 10 ᠰᠠᠷ᠎ᠠ ᠳᠤ ᠦᠢᠯᠡᠳᠪᠦᠷᠢᠯᠡᠯ ᠤᠨ ᠱᠤᠭᠤᠮ ᠤᠨ ᠮᠠᠰᠢᠨ ᠳᠤᠨᠤᠭᠯᠠᠯ ᠢᠶᠠᠨ ᠤᠬᠰᠠᠷᠠᠵᠦ᠂ ᠡᠨᠡ ᠵᠢᠯ ᠤᠨ ᠴᠠᠭᠠᠠ ᠰᠠᠷ᠎ᠠ ᠳᠤᠷᠰᠢᠨ ᠦᠢᠯᠡᠳᠪᠦᠷᠢᠯᠡᠯ ᠢᠶᠠᠨ ᠡᠬᠢᠯᠡᠬᠦᠯᠦᠶ᠎ᠡ ᠬᠡᠵᠦ ᠪᠠᠶᠢᠳᠠᠯ᠎ᠠ ᠬᠢᠵᠢᠭ ᠤᠨ ᠪᠠᠶᠢᠳᠠᠯ ᠠᠴᠠ ᠪᠤᠯᠤᠭᠠᠳ ᠠᠷᠭ᠎ᠠ ᠦᠬᠡᠢ ᠬᠤᠶᠢᠰᠢᠯᠠᠵᠦ᠂ 5 ᠰᠠᠷ᠎ᠠ ᠠᠴᠠ ᠰᠠᠶ᠋ᠢ ᠳᠤᠷᠰᠢᠨ ᠦᠢᠯᠡᠳᠪᠦᠷᠢᠯᠡᠵᠦ ᠡᠬᠢᠯᠡᠪᠠ᠃     ᠦᠤᠰᠢᠨ ᠬᠤᠰᠢᠭᠤᠨ ᠤ ᠮᠠᠶᠢᠷᠠᠠᠰᠦ᠋ᠮ᠎ᠠ ᠶᠢᠨ ᠬᠠᠳᠠᠭᠤ ᠴᠠᠶᠢᠳᠠᠮ ᠤᠮᠳᠠᠭᠠᠠ ᠤ ᠬᠢᠵᠠᠭᠠᠷᠳᠤ ᠺᠤᠮᠫᠠᠨᠢ ᠨᠢ ︽ᠨᠠᠮ ᠤᠨ ᠡᠬᠦᠷ + ᠠᠵᠤ ᠠᠬᠤᠢᠢᠯᠠᠯ + ᠮᠠᠯᠴᠢᠨ ᠳᠠᠷᠢᠶᠠᠴᠢᠨ ᠡᠷᠦᠬᠡ︾ ᠶᠢᠨ ᠤᠳᠤᠬᠢᠴᠢᠯᠠᠭᠰᠠᠠ ᠡᠵᠡᠩᠨᠡᠯᠳᠡ ᠶᠢᠨ ᠬᠡᠯᠪᠡᠷᠢ ᠮᠡᠶ᠋ᠢᠬ ᠢ ᠪᠦᠷᠢᠯᠳᠦᠬᠦᠯᠵᠡᠢ᠃ ᠳᠠᠷᠤᠢ ᠭᠠᠴᠠᠭ᠎ᠠ ᠨᠠᠮ ᠤᠨ ᠡᠬᠦᠷ ᠤᠨ ᠤᠳᠤᠷᠢᠳᠤᠯᠭ᠎ᠠ ᠪᠤᠯᠤᠨ ᠵᠢᠯᠤᠭᠤᠳᠤᠯᠭ᠎ᠠ ᠳᠤᠤᠷ᠎ᠠ᠂ ᠠᠵᠤ ᠠᠬᠤᠢᠢᠯᠠᠯ ᠶᠢ ᠭᠦᠭᠵᠢᠭᠦᠯᠭᠦ ᠠᠴᠠ ᠦᠢᠯᠡᠳᠪᠦᠷᠢᠯᠡᠯ ᠡᠵᠡᠩᠨᠡᠯᠳᠡ ᠶᠢ ᠬᠠᠷᠢᠭᠤᠴᠠᠵᠦ᠂ ᠮᠠᠯᠴᠢᠨ ᠳᠠᠷᠢᠶᠠᠴᠢᠨ ᠡᠷᠦᠬᠡ ᠠᠵᠤ ᠠᠬᠤᠢᠢᠯᠠᠯ ᠳᠤ ᠬᠤᠪᠢ ᠤᠷᠤᠨ᠂ ᠬᠠᠮᠳᠤ ᠶᠢᠨ ᠠᠵᠤ ᠠᠬᠤᠢ ᠪᠠ ᠶᠠᠳᠠᠭᠤ ᠠᠴᠠ ᠠᠩᠬᠢᠵᠢᠷᠠᠵᠤ ᠪᠠᠶᠠᠵᠢᠨ ᠴᠢᠨᠡᠬᠡᠯᠢᠭᠵᠢᠬᠦ ᠬᠤᠤᠰ ᠦᠷ᠎ᠡ ᠠᠰᠢᠭ ᠢ ᠬᠦᠷᠳᠡᠬᠦ ᠪᠤᠯᠤᠨ᠎ᠠ᠃ ᠳᠤᠰ ᠺᠤᠮᠫᠠᠨᠢ ᠨᠢ ᠭᠤᠤᠯᠳᠠᠭᠤ ᠬᠦᠨᠦᠭ ᠲᠠᠢ ᠤᠰᠤ ᠪᠠ ᠯᠤᠩᠬᠤ ᠲᠠᠢ ᠤᠰᠤ ᠬᠡᠬᠦ ᠬᠤᠶᠠᠷ ᠵᠦᠢᠯ ᠤᠨ ᠪᠦᠳᠦᠬᠡᠭᠳᠡᠬᠦᠨ ᠢ ᠦᠢᠯᠡᠳᠪᠦᠷᠢᠯᠡᠳᠡᠭ᠃ ᠮᠦᠩᠬᠡᠳᠠᠯᠠᠢ᠄ ︽ᠳᠤᠷᠰᠢᠨ ᠦᠢᠯᠡᠳᠪᠦᠷᠢᠯᠡᠯ ᠪᠤᠯᠬᠤ ᠪᠠᠷ ᠪᠢᠳᠡ ᠶᠡᠭᠡ ᠪᠠᠷ ᠳᠦᠰᠦᠬᠡᠯᠡᠬᠦ ᠦᠬᠡᠢ᠂ 1 ᠴᠠᠭ ᠲᠤ 1000 ᠯᠤᠩᠬᠤ᠂ 300 ᠬᠦᠨᠦᠭ ᠦᠢᠯᠡᠳᠪᠦᠷᠢᠯᠡᠭᠰᠡᠡ ᠴᠤ ᠤᠳᠤᠬᠠᠠ ᠤ ᠦᠢᠯᠡᠳᠪᠦᠷᠢᠯᠡᠯ ᠤᠨ ᠴᠢᠳᠠᠮᠵᠢ ᠡᠳᠦᠷ ᠲᠤ 4 ᠴᠠᠭ ᠢᠶᠠᠷ ᠨᠤᠭᠤᠯᠵᠦ ᠪᠤᠳᠤᠪᠠᠯ ᠵᠢᠯ ᠳᠤ 150 ᠳᠦᠮᠡᠡ ᠯᠤᠩᠬᠤ᠂ 42 ᠳᠦᠮᠡᠡ ᠬᠦᠨᠦᠭ ᠤᠰᠤ ᠦᠢᠯᠡᠳᠪᠦᠷᠢᠯᠡᠨ᠎ᠡ᠂ 1 ᠯᠤᠩᠬᠤ ᠠᠴᠠ 0.5 ᠳᠦᠬᠦᠷᠢᠭ᠂ 1 ᠬᠦᠨᠦᠭ ᠠᠴᠠ 2 ᠳᠦᠬᠦᠷᠢᠭ ᠤᠨ ᠠᠰᠢᠭ ᠬᠤᠨᠵᠢᠪᠤᠷᠢ ᠤᠯᠬᠤ ᠪᠠᠷ ᠪᠤᠳᠤᠪᠠᠯ ᠵᠢᠯ ᠳᠤ ᠪᠠᠭ᠎ᠠ ᠳᠠᠭᠠᠨ 50 ᠳᠦᠮᠡᠡ ᠳᠦᠬᠦᠷᠢᠭ ᠤᠨ ᠤᠷᠤᠯᠭ᠎ᠠ ᠤᠯᠤᠨ᠎ᠠ︾ ᠬᠡᠵᠦ ᠺᠤᠮᠫᠠᠨᠢ ᠶᠢᠨ ᠠᠰᠢᠭ ᠤᠷᠤᠯᠭ᠎ᠠ ᠶᠢᠨ ᠳᠤᠬᠠᠢ ᠪᠢᠳᠡᠡ ᠳᠤ ᠨᠠᠷᠢᠨ ᠳᠠᠩᠰᠠ ᠳᠤᠭᠠᠴᠢᠵᠦ ᠦᠭᠬᠦᠯ᠎ᠡ᠃     ᠮᠦᠩᠬᠡᠳᠠᠯᠠᠢ ᠶᠢᠨ ᠳᠠᠨᠢᠯᠴᠠᠭᠤᠯᠬᠤ ᠪᠠᠷ ᠮᠠᠶᠢᠷᠠᠠᠰᠦ᠋ᠮ᠎ᠠ ᠭᠠᠴᠠᠭ᠎ᠠ ᠳᠤ ᠮᠦᠩᠬᠡᠴᠢᠨ᠂ ᠮᠠᠶᠢᠷᠠᠠᠰᠦ᠋ᠮ᠎ᠠ ᠬᠡᠬᠦ ᠬᠤᠶᠠᠷ ᠨᠡᠬᠦᠷᠡᠰᠦᠨ ᠠᠭᠤᠷᠬᠠᠢ ᠪᠠᠶᠢᠵᠦ᠂ ᠭᠠᠴᠠᠭᠠᠠ ᠤ ᠬᠢᠨ ᠠᠵᠤ ᠦᠢᠯᠡᠳᠪᠦᠷᠢ ᠶᠢᠨ ᠤᠷᠴᠢᠨ ᠳᠤᠭᠤᠷᠢᠨ ᠤ ᠴᠡᠭᠴᠡᠯᠡᠯᠳᠡ ᠶᠢᠨ ᠠᠵᠢᠯ ᠳᠤ ᠵᠤᠬᠢᠴᠠᠭᠤᠯᠤᠯᠳᠠ ᠬᠢᠬᠡᠳ ᠪᠠᠰᠠ 50 ᠳᠦᠮᠡᠡ ᠳᠦᠬᠦᠷᠢᠭ ᠤᠨ ᠤᠷᠤᠯᠭ᠎ᠠ ᠤᠯᠳᠠᠭ ᠬᠡᠨ᠎ᠡ᠃ ︽1 ᠭᠠᠴᠠᠭ᠎ᠠ 100 ᠳᠦᠮᠡᠡ ᠳᠦᠬᠦᠷᠢᠭ ᠤᠨ ᠬᠠᠮᠳᠤ ᠶᠢᠨ ᠠᠵᠤ ᠠᠬᠤᠢ ᠶᠢᠨ ᠤᠷᠤᠯᠭ᠎ᠠ ᠲᠠᠢ ᠪᠤᠯᠴᠢᠬᠠᠪᠠᠯ ᠠᠮᠠᠷ ᠦᠬᠡᠢ᠂ ᠠᠷᠪᠢᠨ ᠠᠰᠠᠭᠤᠳᠠᠯ ᠢ ᠰᠢᠢᠳᠪᠦᠷᠢᠯᠡᠬᠡᠳ ᠳᠡᠶᠢᠯᠦᠴᠢᠬᠡᠨ᠎ᠡ︾ ᠬᠡᠵᠦ ᠮᠦᠩᠬᠡᠳᠠᠯᠠᠢ ᠴᠠᠶᠢᠯᠭᠠᠠ ᠶᠠᠷᠢᠨ᠎ᠠ᠃     ᠬᠦᠳᠡᠭᠡ ᠳᠤᠰᠬᠤᠨ ᠢ ᠬᠦᠭᠵᠢᠬᠦᠯᠬᠦ ᠠᠵᠢᠯ ᠤᠨ ᠬᠤᠰᠢᠭᠤᠴᠢ ︽ᠮᠠᠶᠢᠷᠠᠠ︾     ︽ᠮᠠᠯᠴᠢᠳ ᠤᠨ ᠵᠠᠮ ᠤᠨ ᠨᠦᠬᠦᠪᠦᠷᠢ ᠶᠢ ᠠᠯᠢ ᠪᠤᠯᠬᠤ ᠪᠠᠷ 9 ᠰᠠᠷ᠎ᠠ ᠳᠤ ᠦᠭᠪᠡᠯ ᠵᠤᠬᠢᠨ᠎ᠠ᠂ ᠢᠩᠬᠢᠪᠡᠯ ᠮᠠᠯᠴᠢᠳ ᠡᠨᠡ ᠡᠪᠦᠯ᠂ ᠢᠷᠡᠬᠦ ᠬᠠᠪᠤᠷ ᠤᠨ ᠡᠪᠡᠰᠦ ᠪᠤᠷᠳᠤᠭᠠᠠ ᠤ ᠪᠡᠯᠡᠳᠬᠡᠯ ᠠᠵᠢᠯ ᠢᠶᠠᠨ ᠬᠢᠬᠦ ᠳᠤ ᠠᠰᠢᠭ ᠲᠠᠢ︾ ᠬᠡᠵᠦ ᠮᠦᠩᠬᠡᠳᠠᠯᠠᠢ ᠴᠠᠩ ᠴᠢᠩ ᠪᠦᠯᠦᠭᠯᠡᠯ ᠤᠨ ᠳᠠᠪᠤᠳᠤᠭᠠᠷ ᠨᠤᠮᠧᠷᠳᠤ ᠪᠠᠶᠢᠭᠠᠯᠢ ᠶᠢᠨ ᠰᠢᠳᠠᠮᠠᠬᠠᠢ ᠬᠡᠢ ᠶᠢᠨ ᠬᠤᠳᠳᠤᠭ ᠤᠨ ᠮᠠᠯᠴᠢᠳ ᠲᠠᠢ ᠬᠤᠯᠪᠤᠭᠳᠠᠭᠰᠠᠠ ᠵᠠᠮ ᠤᠨ ᠨᠦᠬᠦᠪᠦᠷᠢ ᠶᠢᠨ ᠬᠦᠰᠦᠨᠦᠭᠳᠤ ᠳᠡᠬᠡᠷ᠎ᠡ ᠭᠠᠷ ᠤᠨ ᠦᠰᠦᠭ ᠵᠢᠷᠤᠬᠤ ᠳᠠᠭᠠᠨ ᠠᠵᠤ ᠠᠬᠤᠢᠢᠯᠠᠯ ᠤᠨ ᠬᠠᠷᠢᠭᠤᠴᠠᠯᠭᠠᠳᠠᠠ ᠳᠤ ᠠᠬᠢᠨ ᠳᠠᠬᠢᠨ ᠰᠠᠨᠠᠭᠤᠯᠤᠨ᠎ᠠ᠃ ᠮᠡᠳᠡᠬᠡᠵᠢ ᠂ ᠬᠦᠳᠡᠭᠡ ᠳᠤᠰᠬᠤᠨ ᠢ ᠬᠦᠭᠵᠢᠬᠦᠯᠬᠦ ᠳᠤ ᠮᠠᠯᠴᠢᠨ ᠳᠠᠷᠢᠶᠠᠴᠢᠨ ᠢᠶᠠᠷ ᠦᠨᠳᠦᠰᠦ ᠪᠤᠯᠭᠠᠬᠤ ᠬᠡᠷᠡᠭᠳᠠᠢ᠃ ᠮᠠᠯᠴᠢᠨ ᠳᠠᠷᠢᠶᠠᠴᠢᠨ ᠤ ᠤᠷᠤᠯᠭ᠎ᠠ ᠳᠡᠬᠡᠭᠰᠢᠯᠡᠬᠦ ᠦᠬᠡᠢ ᠪᠤᠯ ᠬᠦᠳᠡᠭᠡ ᠳᠤᠰᠬᠤᠨ ᠢ ᠭᠦᠭᠵᠢᠬᠦᠯᠬᠦ ᠬᠡᠳᠡᠭ ᠨᠢ ᠬᠤᠭᠤᠰᠤᠨ ᠤᠷᠢᠶ᠎ᠠ ᠳᠡᠳᠦᠢ᠃ ᠡᠶᠢᠨ ᠬᠦ ᠮᠦᠩᠬᠡᠳᠠᠯᠠᠢ ᠮᠠᠯᠴᠢᠨ ᠳᠠᠷᠢᠶᠠᠴᠢᠨ ᠲᠠᠢ ᠬᠤᠯᠪᠤᠭᠳᠠᠭᠰᠠᠠ 1  ᠮᠧᠲᠷ ᠵᠠᠮ ᠳᠤ ᠦᠭᠬᠦ 5.5 ᠳᠦᠬᠦᠷᠢᠭ ᠤᠨ ᠨᠦᠬᠦᠪᠦᠷᠢ ᠳᠤ ᠬᠦᠷᠳᠡᠯ᠎ᠡ ᠢᠩᠬᠢᠵᠦ ᠰᠡᠳᠬᠢᠯ ᠠᠯᠭᠠᠰᠠᠳᠠᠭ ᠠᠵᠢ᠃     ᠮᠠᠶᠢᠷᠠᠠᠰᠦ᠋ᠮ᠎ᠠ ᠭᠠᠴᠠᠭ᠎ᠠ ᠨᠢ ᠦᠪᠦᠷ ᠮᠤᠩᠭᠤᠯ ᠤᠨ ᠮᠤᠤᠠᠤᠰᠤ ᠶᠢᠨ ᠠᠷᠴᠠᠠ ᠤ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ᠂ ᠬᠠᠳᠠᠭᠤᠴᠠᠶᠢᠳᠠᠮ ᠤᠨ ᠤᠰᠤᠨ ᠤ ᠡᠬᠢ ᠰᠤᠷᠪᠤᠯᠵᠢ ᠶᠢᠨ ᠤᠷᠤᠨ᠂ ᠨᠡᠬᠦᠷᠡᠰᠦᠨ ᠠᠭᠤᠷᠬᠠᠢ ᠶᠢᠨ ᠤᠷᠤᠨ ᠳᠤ ᠬᠠᠷᠢᠶᠠᠯᠠᠭᠳᠠᠳᠠᠭ ᠢᠶᠠᠷ ᠮᠠᠯ ᠳᠠᠷᠢᠶᠠᠯᠠᠩ ᠠᠵᠤ ᠠᠬᠤᠢ ᠶᠢᠨ ᠦᠢᠯᠡᠳᠪᠦᠷᠢᠯᠡᠯ ᠤᠨ ᠳᠦᠷᠦᠯ ᠵᠦᠢᠯ ᠤᠨ ᠳᠠᠯ᠎ᠠ ᠪᠠᠷ ᠪᠤᠰᠤᠳ ᠭᠠᠵᠠᠷ ᠠᠴᠠ ᠶᠡᠭᠡ ᠬᠤᠴᠤᠷᠴᠠᠢ᠃ ᠡᠨᠡ ᠨᠢ ᠮᠠᠯᠴᠢᠨ ᠳᠠᠷᠢᠶᠠᠴᠢᠨ ᠤ ᠮᠠᠯ ᠳᠠᠷᠢᠶᠠᠯᠠᠩ ᠤᠨ ᠦᠢᠯᠡᠳᠪᠦᠷᠢᠯᠡᠯ᠂ ᠠᠮᠢᠳᠤᠷᠠᠯ ᠤᠨᠳᠤᠷᠤᠯᠭ᠎ᠠ ᠳᠤ ᠪᠠᠭ᠎ᠠ ᠪᠤᠰᠤ ᠨᠦᠯᠦᠬᠡ ᠪᠤᠯᠪᠠ᠃ ︽ᠤᠷᠦ᠋ᠢᠳᠠᠬᠤ ᠠᠴᠠ ᠤᠰᠤᠯᠳᠠᠬᠤ ᠦᠬᠡᠢ︾᠃ ᠮᠦᠩᠬᠡᠳᠠᠯᠠᠢ ᠳᠡᠬᠡᠳᠦ ᠱᠠᠳᠤᠨ ᠤ ᠬᠤᠯᠪᠤᠭᠳᠠᠯ ᠪᠦᠬᠦᠢ ᠰᠠᠯᠠᠭ᠎ᠠ ᠮᠦᠴᠢᠷ ᠲᠠᠢ ᠰᠠᠨᠠᠭᠠᠴᠢᠯᠠᠭ᠎ᠠ ᠲᠠᠢ ᠬᠠᠷᠢᠯᠴᠠᠠ᠂ ︽ᠳᠠᠭᠤᠷᠢᠶᠠᠯ ᠢᠶᠠᠷ ᠳᠠᠶᠢᠴᠢᠯᠠᠨ᠂ ᠨᠡᠶᠢᠳᠡᠯᠢᠭ ᠠᠴᠠ ᠳᠦᠬᠡᠮᠡᠯᠵᠢᠬᠦᠯᠬᠦ︾ ᠵᠠᠷᠴᠢᠮ ᠢᠶᠠᠷ ᠤᠳᠤ ᠦᠶ᠎ᠡ ᠶᠢᠨ ᠬᠡᠷ ᠪᠦᠯᠢ ᠶᠢᠨ ᠮᠠᠯᠵᠢᠯ ᠤᠨ ᠳᠠᠯᠠᠪᠠᠢ ᠶᠢᠨ ᠳᠠᠭᠤᠷᠢᠶᠠᠯ ᠦᠵᠡᠬᠦᠯᠬᠦ ᠡᠷᠦᠬᠡ ᠶᠢ ᠬᠦᠴᠦᠯᠡᠡ ᠪᠤᠶᠢᠵᠢᠭᠤᠯᠵᠦ᠂ ᠡᠷᠳᠡᠨᠢ ᠰᠢᠰᠢ᠂ ᠪᠤᠷᠤ ᠴᠠᠷᠭᠠᠰᠤ ᠶᠢᠨ ᠳᠠᠷᠢᠮᠠᠯ ᠤᠨ ᠳᠠᠯᠠᠪᠠᠢ ᠶᠢ ᠦᠷᠬᠡᠳᠬᠡᠡ᠂ ᠤᠷᠳᠤᠰ ᠤᠨ ᠨᠠᠷᠢᠨ ᠨᠤᠤᠰᠤᠳᠤ ᠬᠤᠨᠢ᠂ ᠳᠠᠯ᠎ᠠ ᠨᠤᠳᠤᠭ ᠤᠨ ᠤᠯᠠᠭᠠᠠ ᠦᠬᠡᠷ ᠤᠨ ᠮᠠᠯᠵᠢᠯ ᠤᠨ ᠰᠠᠭᠤᠷᠢ ᠶᠢ ᠪᠠᠳᠤᠳᠬᠠᠵᠠᠢ᠃     ᠮᠦᠩᠬᠡᠳᠠᠯᠠᠢ ᠪᠠᠰᠠ ᠭᠠᠴᠠᠭᠠᠠ ᠤ ᠪᠤᠰᠤᠳ ᠤᠳᠤᠷᠢᠳᠬᠤ ᠨᠦᠬᠦᠳ ᠲᠠᠢ ᠬᠠᠮᠳᠤᠷᠠᠠ ᠤᠷᠳᠤ ᠬᠤᠭᠤᠴᠠᠭ᠎ᠠ ᠪᠠ ᠤᠬᠤᠷ ᠬᠤᠭᠤᠴᠠᠭ᠎ᠠ᠂ ᠤᠨᠴᠠᠯᠢᠬᠳᠤ ᠠᠵᠤ ᠦᠢᠯᠡᠰ ᠪᠠ ᠶᠡᠷᠦᠮᠳᠡᠭ ᠠᠵᠤ ᠦᠢᠯᠡᠰ ᠢ ᠤᠶᠠᠯᠳᠤᠭᠤᠯᠤᠬᠰᠠᠠ ᠭᠠᠵᠠᠷ ᠤᠷᠤᠨ ᠤ ᠪᠤᠳᠠᠳᠠᠢ ᠲᠠᠢ ᠪᠠᠨ ᠨᠡᠶᠢᠴᠡᠭᠰᠡᠡ ︽ᠮᠠᠶᠢᠷᠠᠠᠰᠦ᠋ᠮ᠎ᠠ ᠭᠠᠴᠠᠭᠠᠠ ᠤ ᠠᠵᠤ ᠦᠢᠯᠡᠰ ᠤᠨ ᠳᠦᠯᠦᠪᠵᠢᠬᠦᠯᠬᠡ︾ ᠶᠢ ᠭᠠᠷᠭᠠᠬᠰᠠᠠ ᠪᠠᠶᠢᠨ᠎ᠠ᠃ ᠨᠢᠬᠡ ᠳᠠᠯ᠎ᠠ ᠪᠠᠷ ᠠᠵᠤ ᠠᠬᠤᠢᠢᠯᠠᠯ ᠲᠠᠢ ᠢᠳᠡᠪᠬᠢᠳᠠᠢ ᠬᠠᠷᠢᠯᠴᠠᠠ ᠮᠠᠶᠢᠷᠠᠠᠰᠦ᠋ᠮ᠎ᠠ ᠭᠠᠴᠠᠭᠠᠠ ᠤ ᠠᠭᠤᠷᠬᠠᠢ ᠶᠢᠨ ᠤᠷᠤᠨ᠂ ᠤᠰᠤᠨ ᠤ ᠡᠬᠢ ᠰᠤᠷᠪᠤᠯᠵᠢ ᠶᠢᠨ ᠤᠷᠤᠨ ᠤ ᠨᠡᠬᠦᠳᠡᠯ ᠠᠷᠠᠳ ᠢ ᠳᠦᠪᠬᠢᠨᠡᠬᠦᠯᠬᠦ ᠢᠨᠵᠧᠨᠧᠷᠢᠩ ᠤᠨ ᠪᠦᠳᠦᠬᠡᠡ ᠪᠠᠶᠢᠭᠤᠯᠤᠯᠳᠠ ᠶᠢ ᠰᠠᠶᠢᠳᠤᠷ ᠬᠢᠵᠦ᠂ ᠨᠦᠬᠦᠬᠡ ᠳᠠᠯ᠎ᠡ ᠪᠠᠷ ︽ᠦᠤᠰᠢᠨ ᠬᠤᠰᠢᠭᠤᠨ ᠤ ᠮᠠᠶᠢᠷᠠᠠᠰᠦ᠋ᠮ᠎ᠠ ᠶᠢᠨ ᠬᠠᠳᠠᠭᠤᠴᠠᠶᠢᠳᠠᠮ ᠤᠮᠳᠠᠭᠠᠠ ᠤ ᠬᠢᠵᠠᠭᠠᠷᠳᠤ ᠺᠤᠮᠫᠠᠨᠢ︾ ᠠᠴᠠ ᠭᠠᠴᠠᠭᠠᠠ ᠤ ᠰᠢᠨ᠎ᠡ ᠰᠠᠭᠤᠷᠢᠰᠢᠯ ᠬᠦᠷᠬᠦ ᠵᠠᠮ ᠢ ᠵᠠᠰᠠᠵᠦ ᠨᠡᠪᠳᠡᠷᠡᠬᠦᠯᠦᠨ᠎ᠡ᠃     ᠮᠦᠩᠬᠡᠳᠠᠯᠠᠢ ᠠᠴᠠ ᠳᠠᠷᠠᠭᠠᠴᠢ ᠶᠢᠨ ᠠᠯᠬᠤᠮ ᠤᠨ ᠠᠵᠢᠯ ᠤᠨ ᠳᠤᠬᠠᠢ ᠠᠰᠠᠭᠤᠪᠠᠯ᠂ ᠳᠤᠭ ᠪᠠᠯᠭᠠᠰᠤᠨ ᠤ ᠨᠢᠬᠡᠳᠦᠯᠳᠠᠢ ᠳᠦᠯᠦᠪᠵᠢᠬᠦᠯᠬᠡ ᠲᠠᠢ ᠤᠶᠠᠯᠳᠤᠭᠤᠯᠵᠦ᠂ ᠪᠤᠬᠢᠷᠳᠤᠯ ᠦᠬᠡᠢ ᠨᠠᠪᠴᠢ ᠨᠤᠭᠤᠭᠠᠠ ᠤ ᠬᠦᠯᠡᠮᠵᠢ᠂ ᠳᠡᠵᠢᠬᠡᠪᠦᠷᠢ ᠶᠢᠨ ᠳᠠᠯᠠᠪᠠᠢ ᠪᠠᠶᠢᠭᠤᠯᠬᠤ︔ S313 ᠱᠤᠭᠤᠮ ᠤᠨ ᠤᠤᠯ ᠤᠨ ᠦᠤᠰᠢᠨᠵᠤᠤ ᠶᠢᠨ ᠰᠠᠯᠠᠭ᠎ᠠ ᠵᠠᠮ ᠤᠨ ᠠᠭᠤᠯᠵᠠᠷ ᠤᠨ ᠰᠦᠢᠳᠬᠡᠯ ᠬᠤᠷᠢᠶᠠᠬᠤ ᠦᠷᠳᠡᠬᠡᠡ ᠤ ᠬᠡᠷ ᠪᠠᠶᠢᠰᠢᠩ ᠢ ᠠᠰᠢᠬᠯᠠᠠ ᠠᠮᠢᠳᠤ ᠮᠠᠯ ᠤᠨ ᠠᠷᠠᠯᠵᠢᠶᠠᠠ ᠤ ᠴᠤᠭᠯᠠᠭ᠎ᠠ ᠮᠠᠶᠢᠮᠠᠢ ᠶᠢᠨ ᠵᠠᠬ᠎ᠠ ᠳᠡᠯᠬᠡᠬᠦᠷ ᠭᠠᠷᠭᠠᠬᠤ︔ ᠭᠠᠴᠠᠭ᠎ᠠ ᠰᠠᠭᠤᠷᠢᠰᠢᠯ ᠳᠡᠬᠡᠷ᠎ᠡ ᠳᠤᠮᠤ ᠬᠡᠯᠪᠡᠷᠢ ᠶᠢᠨ ᠳᠡᠷᠬᠡᠡ ᠵᠤᠬᠰᠤᠭᠠᠯ ᠭᠠᠷᠭᠠᠨ᠂ ᠨᠡᠬᠦᠷᠡᠰᠦᠨ ᠠᠭᠤᠷᠬᠠᠢ ᠶᠢᠨ ᠦᠢᠯᠡᠴᠢᠯᠡᠭᠡ ᠶᠢᠨ ᠳᠤᠭᠤᠷᠢᠭ ᠪᠤᠯᠭᠠᠵᠦ᠂ ᠭᠤᠷᠪᠠᠳᠤᠭᠠᠷ ᠠᠵᠤ ᠦᠢᠯᠡᠰ ᠢ ᠬᠦᠭᠵᠢᠬᠦᠯᠬᠦ︔ ᠮᠠᠯ ᠳᠠᠷᠢᠶᠠᠯᠠᠩ ᠦᠢᠯᠡᠳᠪᠦᠷᠢᠯᠡᠯ ᠤᠨ ᠬᠤᠷᠰᠢᠶᠠᠵᠢᠯ ᠪᠠᠶᠢᠭᠤᠯᠵᠦ ᠂ ᠮᠠᠯ ᠳᠠᠷᠢᠶᠠᠯᠠᠩ ᠦᠢᠯᠡᠳᠪᠦᠷᠢᠯᠡᠯ ᠤᠨ ᠮᠠᠰᠢᠨᠴᠢᠯᠠᠯᠳᠠ ᠶᠢ ᠪᠡᠶᠡᠯᠡᠬᠦᠯᠦᠨ᠂ ᠮᠠᠯᠴᠢᠨ ᠳᠠᠷᠢᠶᠠᠴᠢᠨ ᠤ ᠤᠷᠤᠯᠭ᠎ᠠ ᠶᠢ ᠨᠡᠮᠡᠭᠳᠡᠬᠦᠯᠬᠦ ᠁ ᠭᠡᠬᠦᠴᠢᠯᠡᠨ ᠬᠠᠭᠤᠳᠠᠰᠤᠨ ᠳᠤ ᠪᠠᠭᠳᠠᠬᠤ ᠦᠬᠡᠢ ᠤᠯᠠᠠ ᠠᠷᠪᠢᠨ ᠠᠵᠢᠯ ᠤᠳ ᠪᠠᠶᠢᠯ᠎ᠠ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号