ᠮᠠᠨ ᠤ ᠬᠤᠰᠢᠭᠤ ᠴᠡᠷᠢᠭ ᠠᠴᠠ ᠬᠠᠯᠠᠭᠳᠠᠭᠰᠠᠳ ᠢᠶᠠᠨ ᠪᠣᠯᠭᠤᠭᠠᠨ ᠲᠣᠬᠤᠨᠢᠭᠤᠯᠤᠯ᠎ᠠ
ᠨᠡᠶᠢᠲᠡᠯᠡᠭᠰᠡᠨ ᠴᠠᠭ᠄
2020-08-03
    ︽8᠂ 1︾ ᠤ ᠴᠡᠷᠢᠭ ᠪᠠᠶᠢᠭᠤᠯᠣᠬᠳᠡᠬᠰᠠᠨ ᠶᠡᠷᠡᠨ ᠭᠤᠷᠪᠠᠨ ᠵᠢᠯ ᠤᠨ ᠣᠢ ᠬᠦᠷᠴᠦ ᠢᠷᠡᠬᠦ ᠲᠠᠰᠢᠷᠡᠮ ᠢᠶᠠᠷ ᠮᠠᠨ ᠤ ᠬᠤᠰᠢᠭᠤᠨ ᠤ ᠴᠡᠷᠢᠭ ᠠᠴᠠ ᠬᠠᠯᠠᠭᠳᠠᠭᠰᠠᠳ ᠤᠨ ᠶᠠᠪᠣᠳᠠᠯ ᠤᠨ ᠳᠣᠪᠴᠢᠶ᠎ᠠ ᠨᠢ ᠴᠡᠷᠢᠭ ᠠᠴᠠ ᠬᠠᠯᠠᠭᠳᠠᠭᠰᠠᠳ ᠤᠨ ᠠᠮᠢᠳᠣᠷᠠᠯ ᠬᠦᠴᠢᠷᠳᠡᠯᠳᠡᠢ ᠡᠷᠦᠬᠡ ᠪᠠ ᠠᠬᠠᠮᠠᠳ ᠴᠡᠷᠢᠭ ᠪᠠᠶᠢᠯᠳᠣᠭᠴᠢ ᠵᠡᠷᠭᠡ ᠶᠢ ᠪᠣᠯᠭᠤᠭᠠᠨ ᠲᠣᠬᠤᠨᠢᠭᠤᠯᠪᠠ᠃     ᠠᠵᠢᠯᠯᠠᠭ᠎ᠠ ᠳᠡᠭᠡᠷ᠎ᠡ᠂ ᠮᠠᠨ ᠤ ᠬᠤᠰᠢᠭᠤᠨ ᠤ ᠴᠡᠷᠢᠭ ᠠᠴᠠ ᠬᠠᠯᠠᠭᠳᠠᠭᠰᠠᠳ ᠤᠨ ᠶᠠᠪᠣᠳᠠᠯ ᠤᠨ ᠳᠣᠪᠴᠢᠶᠠᠨ ᠤ ᠬᠠᠷᠢᠭᠤᠴᠠᠯᠭᠠᠳᠠᠨ ᠵᠢᠴᠢ ᠰᠠᠶᠢᠨ ᠲᠣᠷᠡᠴᠤᠳ ᠤᠨ ᠦᠢᠯᠡᠴᠢᠯᠡᠭᠡᠨ ᠤ ᠠᠩᠭᠢ ᠶᠢᠨ ᠬᠢᠨ ᠭᠠᠯᠠᠭᠤᠳᠣ ᠪᠠᠯᠭᠠᠰᠣᠨ ᠤ ᠴᠡᠷᠢᠭ ᠠᠴᠠ ᠬᠠᠯᠠᠭᠳᠠᠬᠰᠠᠳ ᠤᠨ ᠠᠷᠪᠠᠨ ᠬᠦᠴᠢᠷᠳᠡᠯᠳᠡᠢ ᠡᠷᠣᠬᠡ ᠪᠣᠯᠣᠨ ᠠᠬᠠᠮᠠᠳ ᠴᠡᠷᠢᠭ ᠪᠠᠶᠢᠯᠳᠣᠭᠴᠢ ᠶᠢᠨ ᠭᠡᠷ ᠲᠤ ᠬᠦᠷᠴᠦ ᠪᠣᠯᠭᠤᠭᠠᠨ ᠦᠵᠡᠭᠰᠡᠨ ᠤ ᠬᠠᠮᠳᠣ ᠴᠠᠭᠠᠨ ᠢᠳᠡᠭᠡ᠂ ᠬᠠᠭᠤᠷᠣᠬᠰᠠᠨ ᠠᠮᠤ᠂ ᠭᠤᠯᠢᠷ ᠲᠣᠳᠣᠷᠭ᠎ᠠ ᠵᠡᠷᠬᠡ ᠲᠣᠬᠤᠨᠢᠭᠤᠯᠭ᠎ᠠ ᠶᠢᠨ ᠪᠣᠳᠡᠰ ᠢ ᠭᠠᠷᠳᠠᠭᠤᠯᠵᠤ ᠲᠠᠳᠡᠨ ᠤ ᠪᠡᠶ᠎ᠡ ᠮᠠᠬᠠᠪᠣᠳ᠂ ᠠᠵᠤ ᠠᠮᠢᠳᠣᠷᠡᠯ ᠤᠨ ᠪᠠᠶᠢᠳᠡᠯ ᠢ ᠨᠢ ᠬᠠᠯᠠᠮᠵᠢᠯᠠᠨ ᠲᠠᠳᠡᠨ ᠳᠤ ᠨᠠᠮ ᠵᠠᠰᠠᠭ ᠤᠨ ᠬᠠᠶᠢᠷ᠎ᠡ ᠬᠠᠯᠠᠮᠵᠢ ᠶᠢ ᠬᠦᠷᠭᠡᠵᠦ ᠣᠯᠣᠰ ᠤᠨ ᠪᠦᠳᠣᠭᠡᠨ ᠪᠠᠶᠢᠭᠤᠯᠣᠯᠳᠡ ᠪᠣᠯᠣᠨ ᠪᠠᠳᠣᠯᠠᠨ ᠬᠠᠮᠠᠭᠠᠯᠠᠯᠲᠠ ᠳᠤ ᠦᠵᠡᠬᠦᠯᠦᠭᠰᠡᠨ ᠬᠤᠪᠢ ᠨᠡᠮᠡᠷᠢ ᠳᠤ  ᠨᠢ ᠲᠠᠯᠠᠷᠬᠠᠯ ᠲᠠᠪᠰᠢᠬᠦᠯᠵᠦ ᠦᠳᠡᠯᠣᠭᠡ ᠨᠠᠰᠣ ᠪᠠᠨ ᠵᠣᠯ ᠵᠢᠷᠭᠠᠯᠲᠠᠢ ᠦᠩᠭᠡᠷᠡᠬᠦᠯᠬᠦ ᠶᠢ ᠵᠦᠩᠨᠡᠭᠰᠡᠨ ᠪᠠᠶᠢᠨ᠎ᠠ᠃     ᠴᠡᠷᠢᠭ ᠠᠴᠠ ᠬᠠᠯᠠᠭᠳᠠᠬᠰᠠᠨ ᠠᠬᠠᠮᠠᠳ ᠴᠡᠷᠢᠭ ᠸᠠᠩᠴᠣᠭᠰᠡᠷᠡᠩ᠄ ︽ᠨᠠᠮ ᠵᠠᠰᠠᠭ᠂ ᠬᠤᠯᠪᠤᠭᠳᠠᠯ ᠪᠬᠦᠢ ᠰᠠᠯᠠᠭ᠎ᠠ ᠮᠦᠴᠢᠷ ᠠᠴᠠ ᠴᠡᠷᠢᠭ ᠠᠴᠠ ᠬᠠᠯᠠᠭᠳᠠᠭᠰᠠᠨ ᠠᠬᠠᠮᠠᠳ ᠴᠡᠷᠢᠭ ᠪᠢᠳᠠᠨ ᠢ ᠡᠷᠭᠢᠵᠦ ᠦᠵᠡᠭᠰᠡᠨ ᠳᠤ ᠪᠢ ᠲᠤᠩ ᠶᠡᠭᠡ ᠪᠠᠶᠠᠷᠯᠠᠵᠤ ᠪᠠᠶᠢᠨ᠎ᠠ᠃ ᠡᠭᠦᠨ ᠠᠴᠠ ᠬᠤᠶᠢᠰᠢ ᠳᠠᠶᠠᠭᠠᠷ ᠢᠶᠠᠨ ᠪᠦᠯᠬᠦᠮᠳᠡᠵᠦ ᠤᠯᠤᠰ ᠭᠡᠷ ᠢᠶᠠᠨ ᠪᠠᠲᠤᠯᠠᠨ ᠬᠠᠮᠠᠭᠠᠯᠠᠬᠤ ᠳᠤ ᠨᠡᠩ ᠰᠠᠶᠢᠬᠠᠨ ᠴᠢᠷᠮᠠᠶᠢᠵᠤ ᠠᠭᠤᠤ ᠶᠡᠭᠡ ᠦᠢᠯᠡᠰ ᠢᠶᠠᠨ ᠪᠦᠲᠦᠭᠡᠬᠦ ᠶᠢᠨ ᠲᠥᠯᠥᠭᠡ ᠴᠢᠷᠮᠠᠶᠢᠨ᠎ᠠ︾ ᠬᠡᠪᠡ᠃      ᠮᠠᠨ ᠤ ᠬᠤᠰᠢᠭᠤᠨ ᠤ ᠴᠡᠷᠢᠭ ᠠᠴᠠ ᠬᠠᠯᠠᠭᠳᠠᠭᠰᠠᠳ ᠤᠨ ᠶᠠᠪᠣᠳᠠᠯ ᠤᠨ ᠲᠣᠪᠴᠢᠶ᠎ᠠ ᠨᠢ ᠴᠡᠷᠢᠭ ᠠᠴᠠ ᠬᠠᠯᠠᠭᠳᠠᠬᠰᠠᠨ ᠴᠡᠷᠢᠭ ᠪᠠᠶᠢᠯᠳᠣᠭᠴᠢ ᠪᠠᠨ ᠪᠣᠯᠭᠤᠭᠠᠨ ᠲᠣᠬᠤᠨᠢᠭᠤᠯᠬᠤ ᠶᠢ ᠨᠢᠭᠡ ᠲᠦᠷᠣᠯ ᠤᠨ ᠪᠠᠶᠢᠩᠭᠤ ᠶᠢᠨ ᠴᠢᠨᠡᠷᠳᠡᠢ ᠠᠵᠢᠯ ᠪᠣᠯᠭᠠᠨ ᠠᠳᠬᠤᠵᠣ ᠴᠡᠷᠢᠭ ᠠᠴᠠ ᠬᠠᠯᠠᠭᠳᠠᠬᠰᠠᠨ ᠴᠡᠷᠢᠭ ᠪᠠᠶᠢᠯᠳᠣᠭᠴᠢ ᠳᠤ ᠨᠠᠮ ᠵᠠᠰᠠᠭ ᠤᠨ ᠬᠠᠶᠢᠷ᠎ᠠ ᠬᠠᠯᠠᠮᠵᠢ ᠶᠢ ᠬᠦᠷᠭᠡᠵᠣ ᠴᠡᠷᠢᠭ ᠠᠴᠠ ᠬᠠᠯᠠᠭᠳᠠᠭᠰᠠᠳ ᠢ ᠬᠠᠯᠠᠮᠵᠢᠯᠠᠨ ᠬᠦᠨᠳᠣᠳᠬᠡᠬᠦ ᠨᠡᠶᠢᠬᠡᠮ ᠤᠨ ᠰᠠᠶᠢᠨ ᠰᠠᠶᠢᠬᠠᠨ ᠣᠷᠴᠢᠨ ᠠᠬᠤᠢ ᠶᠢ ᠪᠦᠷᠢᠯᠳᠣᠬᠦᠯᠤᠨ ᠴᠡᠷᠢᠭ ᠪᠣᠯᠣᠨ ᠴᠡᠷᠢᠭ ᠤᠨ ᠭᠡᠷ ᠪᠦᠯᠢ ᠶᠢᠨ ᠬᠢᠨ ᠳᠤ ᠢᠷᠡᠵᠦ ᠠᠯᠳᠠᠷ ᠣᠯᠭᠤᠵᠣ ︽ᠴᠡᠷᠢᠭ ᠢ ᠬᠠᠯᠠᠮᠵᠢᠯᠠᠵᠣ ᠭᠡᠷ ᠪᠦᠯᠢ ᠶᠢ ᠨᠢ ᠬᠠᠷᠠᠭᠠᠯᠵᠠᠬᠤ᠂ ᠵᠠᠰᠠᠭ ᠢᠶᠠᠨ ᠳᠡᠮᠵᠢᠨ ᠢᠷᠬᠡᠨ ᠢ ᠬᠠᠶᠢᠷᠡᠯᠠᠬᠤ︾ ᠡᠷᠬᠢᠮ ᠰᠣᠷᠲᠠᠯ ᠢᠶᠠᠨ ᠪᠠᠳᠠᠷᠠᠭᠤᠯᠣᠨ ᠰᠢᠨ᠎ᠡ ᠴᠠᠭ ᠦᠶ᠎ᠡ ᠶᠢᠨ ᠪᠣᠯᠪᠠᠰᠣᠨ ᠢ ᠡᠷᠴᠢᠮᠳᠡᠢ ᠦᠢᠯᠡᠳᠣᠯᠭᠡᠵᠢᠬᠦᠯᠵᠦ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号