ᠮᠤᠩᠬᠠᠭ ᠤᠨ ᠬᠠᠷᠠᠩᠭᠤᠢ ᠶᠢ ᠬᠡᠶᠢᠬᠦᠯᠦᠭᠴᠢ ᠲᠤᠯᠢ | — ︽ᠮᠤᠩᠭᠤᠯ ᠰᠤᠳᠤᠯᠤᠯ ᠤᠨ ᠲᠤᠯᠢ ᠪᠢᠴᠢᠭ ᠤᠨ | ᠬᠦᠷᠢᠶᠡᠯᠡᠩ︾ ᠤᠨ ᠮᠦᠩᠬᠡᠳᠡᠯᠡᠢ ᠶᠢ ᠰᠤᠷᠪᠤᠯᠵᠢᠯᠠᠭᠰᠠᠨ ᠨᠢ | | ᠦᠤᠰᠢᠨ ᠬᠤᠰᠢᠭᠤᠨ ᠤ ᠲᠤᠭ ᠪᠠᠯᠭᠠᠰᠤᠨ ᠳᠠᠬᠢ ᠮᠡᠶᠢᠷᠡᠨᠰᠦ᠋ᠮ᠎ᠡ ᠨᠠᠶᠢᠬᠡᠮ ᠲᠤᠭᠤᠷᠢᠭ ᠲᠤ ᠪᠠᠶᠢᠷᠢᠯᠠᠵᠤ | ᠪᠠᠶᠢᠭ᠎ᠠ ︽ᠮᠤᠩᠭᠤᠯ ᠰᠤᠳᠤᠯᠤᠯ ᠤᠨ ᠲᠤᠯᠢ ᠪᠢᠴᠢᠭ ᠤᠨ ᠬᠦᠷᠢᠶᠡᠯᠡᠩ︾ ᠤᠨ ᠡᠵᠡᠨ ᠮᠦᠩᠬᠡᠳᠡᠯᠡᠢ ᠶᠢ ᠲᠡᠯᠬᠡᠨ | ᠦᠵᠡᠬᠦᠯᠬᠡ ᠶᠢᠨ ᠬᠡᠷ ᠲᠤᠨᠢ ᠰᠤᠷᠪᠤᠯᠵᠢᠯᠠᠪᠠ᠃ | ᠰᠤᠷᠪᠤᠯᠵᠢᠯᠠᠭᠴᠢ᠄ ᠲᠠ ᠮᠤᠩᠭᠤᠯ ᠰᠤᠳᠤᠯᠤᠯ ᠤᠨ ᠲᠤᠯᠢ ᠪᠢᠴᠢᠭ ᠤᠨ ᠬᠦᠷᠢᠶᠡᠯᠡᠩ ᠤᠨ ᠢᠶᠠᠨ ᠲᠤᠬᠠᠢ | ᠲᠠᠶᠢᠯᠪᠤᠷᠢᠯᠠᠯᠲᠠ ᠬᠢᠬᠦ ᠪᠤᠯᠪᠠ ᠤᠤ︖ | | | | | | | ᠮᠦᠩᠬᠡᠳᠡᠯᠡᠢ᠄ ︽ᠮᠤᠩᠭᠤᠯ ᠰᠤᠳᠤᠯᠤᠯ ᠤᠨ ᠲᠤᠯᠢ ᠪᠢᠴᠢᠭ ᠤᠨ ᠬᠦᠷᠢᠶᠡᠯᠡᠩ︾ ᠢ 2019 ᠤᠨ ᠤ 3 | ᠰᠠᠷ᠎ᠠ ᠠᠴᠠ ᠤᠷᠳᠤᠰ ᠬᠤᠲᠠ ᠶᠢᠨ ᠦᠦᠰᠢᠨ ᠬᠤᠰᠢᠭᠤᠨ ᠤ ᠲᠤᠭ ᠪᠠᠯᠭᠠᠰᠤᠨ ᠤ ᠮᠠᠶᠢᠷᠠᠨᠰᠦ᠋ᠮ᠎ᠡ ᠨᠠᠶᠢᠬᠡᠮ | ᠲᠤᠭᠤᠷᠢᠭ ᠲᠤ ᠡᠬᠢᠯᠡᠨ ᠪᠠᠶᠢᠭᠤᠯᠵᠤ᠂ 2019 ᠤᠨ ᠤ 7 ᠰᠠᠷ᠎ᠠ ᠶᠢᠨ 13 ᠠᠴᠠ ᠲᠤᠯᠢ ᠪᠢᠴᠢᠭ ᠤᠳ ᠢᠶᠠᠨ | ᠳᠡᠯᠭᠡᠨ ᠦᠵᠡᠭᠦᠯᠦᠭᠡᠳ ᠡᠳᠦᠭᠡ ᠬᠦᠷᠴᠦ ᠪᠠᠶᠢᠨ᠎ᠠ᠃ ᠪᠢ ᠡ᠊ᠨᠳᠡ ᠭᠤᠴᠢᠨ ᠬᠤᠶᠠᠷ ᠲᠤᠨ ᠨᠤᠮ ᠲᠠᠳᠠᠵᠤ | ᠢᠷᠡᠭᠰᠡᠨ ᠶᠤᠮ᠃ ᠨᠠᠶᠢᠬᠡᠮ ᠲᠤᠭᠤᠷᠢᠭ ᠡᠶᠢᠮᠤ ᠬᠡᠷ ᠢ ᠰᠦᠢᠳᠬᠡᠯ ᠦᠬᠡᠢ ᠪᠠᠷ ᠬᠠᠩᠭᠠᠨ ᠦᠭᠬᠦᠭᠰᠡᠨ ᠨᠢ ᠶᠡᠭᠡ | ᠰᠤᠨᠢᠨ ᠪᠤᠯᠤᠯ᠎ᠠ᠃ ᠮᠠᠨ ᠤ ᠡᠨᠡ ᠲᠤᠯᠢ ᠪᠢᠴᠢᠭ ᠤᠨ ᠬᠦᠷᠢᠶᠡᠯᠡᠩ 138 ᠲᠡᠭᠰᠢ ᠲᠦᠷᠪᠡᠯᠵᠢᠨ ᠮᠧᠲᠷ | ᠲᠠᠯᠠᠪᠠᠢ ᠲᠠᠢ᠃ ᠬᠡᠪᠡᠴᠤ ᠮᠢᠨᠤ ᠵᠢᠩᠬᠢᠨᠢ ᠲᠤᠯᠢ ᠪᠢᠴᠢᠭ ᠤᠨ ᠬᠦᠷᠢᠶᠡᠯᠡᠩ ᠤᠨ ᠬᠤᠪᠢ ᠳᠤ ᠠᠷᠠᠢ ᠪᠠᠰᠠ ᠪᠠᠭ᠎ᠠ | ᠪᠠᠶᠢᠭᠰᠠᠭᠠᠷ᠃ ᠪᠢ ᠡ᠊ᠨᠳᠡ ᠵᠦᠪᠬᠡᠨ ᠨᠢᠬᠡ ᠬᠡᠰᠡᠭ ᠲᠤᠯᠢ ᠪᠢᠴᠢᠭ ᠢᠶᠠᠨ ᠲᠡᠯᠬᠡᠨ ᠦᠵᠡᠬᠦᠯᠵᠤ ᠪᠠᠶᠢᠨ᠎ᠠ᠃ | ᠡᠭᠦᠨ ᠠᠴᠠ ᠭᠠᠳᠠᠨ᠎ᠠ ᠤᠳᠤᠬᠠᠨ ᠳᠤ ᠭᠠᠵᠠᠷ ᠦᠭᠡᠢ ᠠᠴᠠ ᠪᠤᠯᠵᠤ ᠳᠡᠯᠭᠡᠵᠦ ᠦᠵᠡᠬᠦᠯᠵᠦ ᠴᠢᠳᠠᠭᠠᠳᠦᠢ 1400 | ᠭᠠᠷᠤᠢ ᠬᠤᠪᠢ ᠮᠤᠩᠭᠤᠯ ᠰᠤᠳᠤᠯᠤᠯ ᠤᠨ ᠲᠣᠯᠢ ᠪᠢᠴᠢᠭ ᠪᠤᠶᠤ ᠲᠣᠯᠢ ᠪᠢᠴᠢᠭ ᠤᠨ ᠰᠤᠳᠤᠯᠭ᠎ᠠ ᠰᠢᠨᠵᠢᠯᠡᠭᠡᠨ ᠤ | ᠮᠠᠲ᠋ᠧᠷᠢᠶᠠᠯ ᠤᠳ ᠪᠠᠶᠢᠨ᠎ᠠ᠃ ᠬᠡᠪᠡᠴᠤ ᠦᠨᠳᠤᠰᠤᠨ ᠳᠡᠭᠡᠨ ᠲᠤᠯᠢ ᠪᠢᠴᠢᠭ ᠤᠨ ᠪᠦᠷᠢᠨ ᠪᠠᠶᠢᠳᠠᠯ ᠢ | ᠬᠠᠷᠠᠭᠤᠯᠴᠢᠬᠠᠬᠤ ᠠᠴᠠ ᠲᠡᠯᠬᠡᠨ ᠦᠵᠡᠬᠦᠯᠬᠡ ᠬᠢᠵᠤ ᠪᠠᠶᠢᠨ᠎ᠠ᠃ ᠵᠢᠱᠢᠶᠡᠯᠡᠪᠡᠯ᠂ 1717 ᠤᠨ ᠳᠤ ᠮᠠᠨᠵᠤ ᠶᠢᠨ | ᠵᠠᠰᠠᠭ ᠤᠨ ᠭᠠᠵᠠᠷ ᠮᠠᠨᠵᠤ ᠶᠢᠨ ᠬᠠᠭᠠᠨ ᠤ ᠵᠢᠭᠠᠪᠤᠷᠢ ᠪᠠᠷ ᠬᠢᠵᠤ ᠬᠡᠪᠯᠡᠭᠰᠡᠨ ︽ᠮᠠᠨᠵᠤ ᠮᠤᠩᠭᠤᠯ ᠬᠡᠯᠡᠨ ᠤ | ᠲᠠᠶᠢᠯᠪᠤᠷᠢ ᠲᠤᠯᠢ︾᠂ ᠡᠭᠦᠨ ᠤ ᠶᠠᠭ ᠲᠤᠯᠢ ᠨᠢ ᠡᠬᠦᠨ ᠠᠴᠠ ᠪᠠᠰᠠ ᠤᠷᠳᠤ᠂ ᠡᠨᠡ ᠪᠤᠯ ᠲᠡᠬᠦᠨ ᠤ ᠬᠡᠷᠡᠯ | ᠵᠢᠷᠤᠭ ᠤᠨ ᠬᠡᠪ ᠪᠤᠯᠤᠨ᠎ᠠ᠃ ᠡᠶᠢᠮᠤ ᠮᠠᠶ᠋ᠢᠭ ᠤᠨ ᠲᠤᠯᠢ ᠨᠤᠭᠤᠳ ᠢ ᠪᠤᠯᠬᠤ ᠨᠦᠬᠦᠴᠡᠯ ᠤᠨ ᠲᠤᠤᠷ᠎ᠠ ᠪᠢ ᠪᠦᠷ | ᠡᠯ᠎ᠡ ᠤᠨ ᠤ ᠬᠡᠪᠯᠡᠯ ᠤᠳ ᠢ ᠤᠯᠵᠤ ᠪᠦᠷᠢᠳᠬᠡᠨ ᠲᠠᠯᠪᠢᠵᠤ ᠪᠠᠶᠢᠭ᠎ᠠ ᠶᠤᠮ᠃ ᠮᠢᠨᠤ ᠡᠨᠡ ᠲᠤᠯᠢ ᠨᠤᠭᠤᠳ ᠪᠤᠯ | ᠪᠦᠷ ᠮᠤᠩᠭᠤᠯ ᠬᠡᠯᠡ ᠪᠠᠷ ᠬᠡᠪᠯᠡᠭᠰᠡᠨ ᠪᠤᠶᠤ ᠮᠤᠩᠭᠤᠯ ᠲᠠᠢ ᠬᠠᠮᠢᠶ᠎ᠠ ᠲᠠᠢ ᠲᠤᠯᠢ ᠨᠤᠭᠤᠳ ᠪᠠᠶᠢᠭ᠎ᠠ ᠶᠤᠮ᠃ | ᠡᠬᠦᠨ ᠳᠤ ᠮᠤᠩᠭᠤᠯ᠂ ᠶᠠᠫᠤᠨ᠂ ᠭᠧᠷᠮᠡᠨ᠂ ᠤᠷᠤᠰ᠂ ᠬᠢᠳᠠᠳ ᠬᠡᠬᠦᠴᠢᠯᠡᠨ ᠤᠯᠠᠨ ᠬᠡᠯᠡᠨ ᠤ ᠲᠤᠯᠢ ᠨᠤᠭᠤᠳ | ᠪᠠᠶᠢᠬᠤ ᠠᠴᠠ ᠭᠠᠳᠠᠨ᠎ᠠ ᠮᠤᠩᠭᠤᠯᠴᠤᠳ ᠤᠨ ᠦᠪᠡᠷ ᠲᠡᠭᠡᠨ ᠬᠡᠪᠯᠡᠬᠦᠯᠦᠭᠰᠡᠨ ᠮᠠᠰᠢ ᠠᠷᠪᠢᠨ ᠲᠤᠯᠢ ᠨᠤᠭᠤᠳ | ᠪᠠᠶᠢᠭ᠎ᠠ ᠶᠤᠮ᠃ | ᠰᠤᠷᠪᠤᠯᠵᠢᠯᠠᠭᠴᠢ᠄ ᠲᠡᠬᠡᠪᠡᠯ ︽ᠮᠤᠩᠭᠤᠯ ᠰᠤᠳᠤᠯᠤᠯ ᠤᠨ ᠲᠤᠯᠢ ᠪᠢᠴᠢᠭ ᠤᠨ ᠬᠦᠷᠢᠶᠡᠯᠡᠩ︾ ᠳᠤ ᠴᠤᠬᠤᠮ | ᠶᠠᠮᠠᠷ ᠶᠠᠮᠠᠷ ᠲᠦᠷᠤᠯ ᠤᠨ ᠲᠤᠯᠢ ᠨᠤᠭᠤᠳ ᠬᠡᠳᠤᠢ ᠶᠢ ᠲᠡᠯᠬᠡᠨ ᠦᠵᠡᠬᠦᠯᠵᠤ ᠪᠠᠶᠢᠳᠠᠭ ᠪᠤᠢ︖ | ᠮᠦᠩᠬᠡᠳᠠᠯᠠᠢ᠄ ︽ᠮᠤᠩᠭᠤᠯ ᠰᠤᠳᠤᠯᠤᠯ ᠤᠨ ᠲᠤᠯᠢ ᠪᠢᠴᠢᠭ ᠤᠨ ᠬᠦᠷᠢᠶᠡᠯᠡᠩ︾ ᠳᠤ ᠮᠤᠩᠭᠤᠯ ᠬᠡᠯᠡ ᠪᠢᠴᠢᠭ | ᠂ ᠲᠡᠦᠬᠡ᠂ ᠭᠠᠵᠠᠷ ᠵᠦᠢ᠂ ᠤᠯᠤᠰ ᠲᠥᠷᠥ᠂ ᠡᠳ᠋ ᠤᠨ ᠵᠠᠰᠠᠭ᠂ ᠭᠦᠨ ᠤᠬᠠᠭᠠᠨ᠂ ᠬᠠᠤᠯᠢ ᠴᠠᠭᠠᠵᠠ᠂ ᠱᠠᠰᠢᠨ | ᠰᠤᠷᠳᠠᠬᠤᠨ᠂ ᠴᠡᠷᠢᠭ ᠤᠨ ᠶᠠᠪᠤᠳᠠᠯ᠂ ᠤᠳᠬ᠎ᠠ ᠵᠤᠬᠢᠶᠠᠯ᠂ ᠤᠷᠠᠯᠢᠭ᠂ ᠤᠳᠤᠨ ᠤᠷᠤᠨ᠂ ᠠᠨᠠᠭᠠᠬᠤ ᠤᠬᠠᠭᠠᠨ | ᠵᠡᠷᠭᠡ ᠤᠯᠠᠨ ᠲᠦᠷᠦᠯ ᠤᠨ ᠨᠠᠶᠢᠲᠡ 2600 ᠭᠠᠷᠤᠢ ᠬᠤᠪᠢ᠂ ᠳᠡᠯᠡᠬᠡᠢ ᠶᠢᠨ 10 ᠭᠠᠷᠤᠢ ᠤᠯᠤᠰ ᠤᠷᠤᠨ ᠳᠤ | ᠬᠡᠪᠯᠡᠭᠳᠡᠭᠰᠡᠨ ᠮᠤᠩᠭᠤᠯ ᠰᠤᠳᠤᠯᠤᠯ ᠤᠨ ᠲᠣᠯᠢ ᠪᠢᠴᠢᠭ ᠪᠤᠶᠤ ᠲᠣᠯᠢ ᠪᠢᠴᠢᠭ ᠤᠨ ᠰᠤᠳᠤᠯᠭ᠎ᠠ ᠰᠢᠨᠵᠢᠯᠡᠭᠡᠨ ᠤ | ᠮᠠᠲ᠋ᠧᠷᠢᠶᠠᠯ᠂ ᠲᠣᠯᠢ ᠪᠢᠴᠢᠭ ᠤᠨ ᠡᠬᠡ ᠨᠤᠤᠷᠠᠭ ᠤᠳ ᠢ ᠳᠡᠯᠭᠡᠨ ᠦᠵᠡᠬᠦᠯᠵᠦ ᠪᠠᠶᠢᠨ᠎ᠠ᠃ ᠡᠭᠦᠨ ᠳᠤ 18 ᠳ᠋ᠤᠭᠠᠷ | ᠵᠠᠭᠤᠨ ᠠᠴᠠ 20 ᠳ᠋ᠤᠭᠠᠷ ᠵᠠᠭᠤᠨ ᠤ ᠳᠤᠮᠳᠠᠴᠢ ᠬᠦᠷᠲᠡᠯᠡᠬᠢ ᠬᠤᠭᠤᠴᠠᠭᠠᠨ ᠳᠤ ᠨᠠᠶᠢᠷᠠᠭᠤᠯᠤᠭᠳᠠᠨ ᠬᠡᠪᠯᠡᠭᠳᠡᠭᠰᠡᠨ | 50 ᠭᠠᠷᠤᠢ ᠲᠣᠯᠢ ᠪᠢᠴᠢᠭ ᠪᠠᠶᠢᠨ᠎ᠠ᠃ ᠲᠤᠬᠠᠶᠢᠯᠠᠪᠠᠯ ᠦᠵᠦᠮᠦᠴᠢᠨ ᠭᠦᠩ ᠭᠤᠮᠪᠤᠵᠠᠪ ᠤᠨ 1733 ᠣᠨ ᠳᠤ | ᠪᠡᠭᠡᠵᠢᠩ ᠳᠤ ᠮᠤᠳᠤᠨ ᠪᠠᠷ ᠢᠶᠠᠷ ᠬᠡᠪᠯᠡᠭᠰᠡᠨ ︽ᠡᠮ ᠤᠨ ᠨᠠᠷ᠎ᠡ᠂ ᠳᠦᠪᠡᠳ ᠬᠢᠲᠠᠳ ᠬᠠᠳᠠᠮᠠᠯ ᠣᠷᠣᠰᠢᠪᠠ︾ ︵ | ᠮᠤᠩᠭᠤᠯ᠂ ᠬᠢᠲᠠᠳ᠂ ᠲᠦᠪᠠᠳ ᠬᠠᠷᠢᠴᠠᠭᠤᠯᠤᠭᠰᠠᠨ ᠡᠮ ᠤᠨ ᠨᠡᠷᠡᠰ ᠤᠨ ᠲᠣᠯᠢ︶︔ 1737 ᠣᠨ ᠳᠤ | ᠪᠡᠭᠡᠵᠢᠩ ᠳᠤ ᠮᠤᠳᠤᠨ ᠪᠠᠷ ᠢᠶᠠᠷ ᠬᠡᠪᠯᠡᠭᠰᠡᠨ ︽ᠳᠦᠪᠡᠳ ᠦᠭᠡ ᠬᠢᠯᠪᠡᠷ ᠰᠤᠷᠬᠤ ᠪᠢᠴᠢᠭ ᠭᠤᠷᠪᠠ ᠰᠢᠭᠦᠵᠦ | ᠵᠠᠰᠠᠭᠰᠠᠨ ᠤᠷᠤᠰᠢᠪᠠᠢ︾ ︵ᠳᠦᠪᠡᠳ ᠮᠤᠩᠭᠤᠯ ᠳᠣᠬᠢᠶᠠᠨ ᠤ ᠪᠢᠴᠢᠭ︶︔ 1850 ᠣᠨ ᠤ ᠦᠶ᠎ᠡ ᠳᠤ | ᠪᠡᠭᠡᠵᠢᠩ ᠳᠤ ᠮᠤᠳᠤᠨ ᠪᠠᠷ ᠢᠶᠠᠷ ᠬᠡᠪᠯᠡᠭᠰᠡᠨ ︽ᠳᠦᠷᠪᠡᠨ ᠵᠦᠢᠯ ᠤᠨ ᠦᠰᠦᠭ ᠬᠠᠪᠰᠤᠷᠤᠭᠰᠠᠨ ᠲᠣᠯᠢ ᠪᠢᠴᠢᠭ︾︔ | 1913 ᠣᠨ ᠳᠤ ᠪᠡᠭᠡᠵᠢᠩ ᠳᠤ ᠴᠢᠯᠠᠭᠤᠨ ᠪᠠᠷ ᠢᠶᠠᠷ ᠬᠡᠪᠯᠡᠭᠰᠡᠨ ︽ᠮᠣᠩᠭᠤᠯ ᠬᠢᠲᠠᠳ ᠮᠠᠨᠵᠤ ᠦᠰᠦᠭ ᠤᠨ ᠰᠠᠨ | ᠬᠡ︾ ︵ᠮᠣᠩᠭᠤᠯ᠂ ᠬᠢᠲᠠᠳ᠂ ᠮᠠᠨᠵᠤ ᠬᠡᠯᠡᠨ ᠤ ᠬᠠᠷᠢᠴᠠᠭᠤᠯᠤᠭᠰᠠᠨ ᠲᠣᠯᠢ︶︔ 1940 ᠤᠨ ᠤ ᠦᠶ᠎ᠡ ᠳᠤ | ᠲᠤᠭᠤᠷᠪᠢᠭᠰᠠᠨ ︽ᠮᠣᠩᠭᠤᠯ ᠬᠢᠲᠠᠳ ᠮᠠᠨᠵᠤ ᠲᠣᠯᠢ ᠪᠢᠴᠢᠭ︾ ᠤᠨ ᠭᠠᠷ ᠡᠬᠡ︔ 1940 ᠣᠨ ᠤ ᠦᠶ ᠡ ᠶᠢᠨ | ᠰᠡᠬᠦᠯᠴᠢ ᠳᠤ ᠬᠠᠭᠤᠴᠢᠨ ᠪᠠᠷᠭᠤ ᠶᠢᠨ ᠪᠤᠶᠠᠨᠪᠢᠯᠢᠭ᠌ ᠤᠨ ᠲᠤᠭᠤᠷᠪᠢᠭᠰᠠᠨ ︽ᠨᠡᠷᠡᠰ ᠤᠨ ᠲᠣᠯᠢ ᠶᠢᠨ ᠡᠬᠡ ᠪᠢᠴᠢᠭ︾ | ︔ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 10 ᠵᠢᠯ ᠤᠨ ᠣᠢ ᠳᠤ ᠵᠣᠷᠢᠭᠤᠯᠤᠨ ᠦᠪᠦᠷ ᠮᠤᠩᠭᠤᠯ ᠤᠨ | ᠬᠡᠯᠡ ᠤᠳᠬ᠎ᠠ ᠵᠣᠬᠢᠶᠠᠯ ᠰᠤᠳᠤᠯᠬᠤ ᠭᠠᠵᠠᠷ ᠠᠴᠠ ᠨᠠᠶᠢᠷᠠᠭᠤᠯᠤᠭᠰᠠᠨ ︽ᠬᠢᠲᠠᠳ — ᠮᠣᠩᠭᠤᠯ ᠲᠣᠯᠢ ︵ | ᠨᠣᠣᠷᠠᠭ︶︾ ᠵᠡᠷᠭᠡ ᠮᠠᠰᠢ ᠣᠯᠠᠨ ᠬᠤᠪᠤᠷᠬᠠᠨ ᠬᠡᠪᠯᠡᠯ ᠪᠤᠶᠤ ᠭᠠᠭᠴᠠᠬᠠᠨ ᠬᠤᠪᠢ ᠪᠠᠶᠢᠭ᠎ᠠ ᠭᠠᠷ ᠪᠢᠴᠢᠮᠠᠯ ᠲᠣᠯᠢ | ᠪᠢᠴᠢᠭ ᠤᠳ ᠢ ᠳᠡᠯᠭᠡᠨ ᠦᠵᠡᠭᠦᠯᠵᠦ ᠪᠠᠶᠢᠨ᠎ᠠ᠃ | ᠰᠤᠷᠪᠤᠯᠵᠢᠯᠠᠭᠴᠢ᠄ ᠲᠠᠨ ᠤ ︽ᠮᠤᠩᠭᠤᠯ ᠰᠤᠳᠤᠯᠤᠯ ᠤᠨ ᠲᠤᠯᠢ ᠪᠢᠴᠢᠭ ᠤᠨ ᠬᠦᠷᠢᠶᠡᠯᠡᠩ︾ ᠤᠨ ᠲᠤᠬᠠᠢ | ᠨᠠᠶᠢᠬᠡᠮ ᠨᠠᠶᠢᠳᠠ ᠶᠢᠨ ᠬᠢᠨ ᠬᠢᠷᠢ ᠵᠡᠷᠬᠡ ᠮᠡᠳᠡᠷᠡᠵᠤ ᠠᠰᠢᠭᠯᠠᠵᠤ ᠪᠠᠶᠢᠳᠠᠭ ᠪᠤᠢ︖ | ᠮᠦᠩᠬᠡᠳᠡᠯᠡᠢ᠄ ᠮᠠᠨ ᠤ ᠲᠣᠯᠢ ᠪᠢᠴᠢᠭ ᠤᠨ ᠬᠦᠷᠢᠶᠡᠯᠡᠩ ᠨᠢ ᠳᠤᠮᠳᠠᠳᠤ ᠤᠯᠤᠰ ᠴᠢᠨᠠᠭᠰᠢᠯᠠᠨ ᠳᠡᠯᠡᠬᠡᠢ ᠶᠢᠨ | ᠣᠯᠠᠨ ᠤᠯᠤᠰ ᠲᠤ ᠴᠤ ᠤᠳᠤᠬᠠᠨ ᠳᠤ ᠴᠤᠷ ᠤᠨ ᠭᠠᠭᠴᠠ ᠪᠠᠶᠢᠭ᠎ᠠ ᠮᠣᠩᠭᠤᠯ ᠲᠣᠯᠢ ᠪᠢᠴᠢᠭ ᠤᠨ ᠳᠤᠰᠬᠠᠢ | ᠨᠣᠮ ᠤᠨ ᠰᠠᠩ ᠪᠠᠶᠢᠭ᠎ᠠ ᠶᠤᠮ᠃ ᠮᠦᠨ ᠴᠤ ᠮᠣᠩᠭᠤᠯ ᠲᠣᠯᠢ ᠪᠢᠴᠢᠭ ᠤᠨ ᠡᠷᠲᠡᠨ ᠠᠴᠠ ᠡᠳᠦᠭᠡ ᠬᠦᠷᠲᠡᠯᠡᠬᠢ | ᠲᠡᠦᠬᠡᠨ ᠪᠠᠶᠢᠳᠠᠯ ᠢ ᠬᠦᠮᠦᠰ ᠲᠤ ᠲᠠᠨᠢᠯᠴᠠᠭᠤᠯᠬᠤ᠂ ᠲᠣᠯᠢ ᠪᠢᠴᠢᠭ ᠤᠳ ᠢ ᠰᠣᠨᠢᠷᠬᠠᠭᠴᠢᠳ ᠲᠤ ᠠᠰᠢᠭᠯᠠᠭᠤᠯᠬᠤ᠂ | ᠲᠣᠯᠢ ᠪᠢᠴᠢᠭ ᠨᠠᠶᠢᠷᠠᠭᠤᠯᠬᠤ ᠠᠵᠢᠯ ᠳᠤ ᠦᠢᠯᠡᠴᠢᠯᠡᠬᠦ ᠵᠡᠷᠭᠡ ᠰᠢᠨ᠎ᠡ ᠴᠠᠭ ᠦᠶ᠎ᠡ ᠶᠢᠨ ᠪᠤᠯᠪᠠᠰᠤᠨ ᠢ | ᠦᠢᠯᠡᠳᠦᠯᠭᠡᠵᠢᠬᠦᠯᠬᠦ ᠰᠤᠶᠤᠯ ᠤᠨ ᠪᠦᠲᠦᠭᠡᠨ ᠪᠠᠶᠢᠭᠤᠯᠤᠯᠲᠠ ᠪᠤᠯᠤᠨ ᠵᠤᠭᠠᠴᠠᠯ ᠢ ᠤᠶᠠᠯᠳᠤᠭᠤᠯᠤᠭᠰᠠᠨ᠂ ᠦᠨ᠎ᠡ | ᠲᠦᠯᠦᠪᠦᠷᠢ ᠦᠭᠡᠢ ᠪᠠᠷ ᠦᠢᠯᠡᠴᠢᠯᠡᠬᠦ ᠪᠣᠯᠣᠮᠵᠢ ᠶᠢ ᠬᠠᠩᠭᠠᠵᠤ ᠪᠠᠶᠢᠭ᠎ᠠ ᠨᠣᠮ ᠤᠨ ᠰᠠᠩ ᠶᠤᠮ᠃ ᠳᠡᠯᠭᠡᠨ | ᠦᠵᠡᠬᠦᠯᠵᠦ ᠪᠠᠶᠢᠭ᠎ᠠ ᠬᠤᠭᠤᠴᠠᠭᠠᠨ ᠳᠤ ᠲᠥᠪ ᠤᠨ ᠦᠨᠳᠦᠰᠦᠲᠡᠨ ᠤ ᠬᠡᠯᠡᠨ ᠤ ᠤᠷᠴᠢᠭᠤᠯᠭ᠎ᠠ ᠶᠢᠨ ᠲᠣᠪᠴᠢᠶ᠎ᠠ᠂ | ᠳᠤᠮᠳᠠᠳᠤ ᠤᠯᠤᠰ ᠤᠨ ᠨᠠᠢᠮᠠᠨ ᠮᠤᠵᠢ ᠤᠷᠤᠨ ᠤ ᠮᠤᠩᠭᠤᠯ ᠣᠷᠴᠢᠭᠤᠯᠤᠭᠴᠢᠳ᠂ ᠦᠪᠦᠷ ᠮᠤᠩᠭᠤᠯ ᠤᠨ | ᠦᠪᠡᠷᠳᠡᠭᠡᠨ ᠵᠠᠰᠠᠬᠤ ᠣᠷᠣᠨ ᠤ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠬᠡᠯᠡ ᠪᠢᠴᠢᠭ ᠰᠤᠳᠤᠯᠬᠤ | ᠭᠠᠵᠠᠷ᠂ ᠦᠪᠦᠷ ᠮᠤᠩᠭᠤᠯ ᠤᠨ ᠶᠡᠭᠡ ᠰᠤᠷᠭᠠᠭᠤᠯᠢ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ | ᠡᠷᠳᠡᠮᠳᠡᠳ᠂ ᠦᠪᠦᠷ ᠮᠤᠩᠭᠤᠯ ᠤᠨ ᠰᠤᠷᠭᠠᠨ ᠬᠦᠮᠦᠵᠢᠯ ᠤᠨ ᠬᠡᠪᠯᠡᠯ ᠤᠨ ᠬᠤᠷᠢᠶ᠎ᠠ᠂ ᠦᠪᠦᠷ ᠮᠤᠩᠭᠤᠯ ᠤᠨ | ᠠᠷᠠᠳ ᠤᠨ ᠬᠡᠪᠯᠡᠯ ᠤᠨ ᠬᠤᠷᠢᠶ᠎ᠠ᠂ ︽ᠮᠤᠩᠭᠤᠯ ᠵᠦᠪ ᠪᠢᠴᠢᠯᠭᠡ ᠶᠢᠨ ᠲᠣᠯᠢ︾ ᠶᠢᠨ ᠨᠠᠶᠢᠷᠠᠭᠤᠯᠤᠭᠴᠢᠳ᠂ ᠦᠪᠦᠷ | ᠮᠤᠩᠭᠤᠯ ᠤᠨ ᠬᠠᠤᠯᠢᠴᠢᠳ ᠤᠨ ᠨᠡᠶᠢᠬᠡᠮᠯᠢᠭ ᠤᠨ ᠬᠠᠤᠯᠢᠴᠢᠳ᠂ ᠦᠪᠦᠷ ᠮᠤᠩᠭᠤᠯ ᠤᠨ ᠨᠣᠮ ᠤᠨ ᠰᠠᠩ᠂ ᠤᠷᠳᠤᠰ | ᠬᠤᠲᠠ ᠶᠢᠨ ᠨᠣᠮ ᠤᠨ ᠰᠠᠩ ᠤᠨ ᠰᠤᠳᠤᠯᠬᠤ ᠰᠠᠩᠴᠢᠳ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ | ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ᠂ ᠤᠷᠳᠤᠰ ᠬᠤᠳᠠ ᠶᠢᠨ ᠦᠨᠳᠦᠰᠦᠲᠡᠨ ᠤ ᠬᠡᠷᠡᠭ ᠡᠷᠬᠢᠯᠡᠬᠦ | ᠵᠦᠪᠯᠡᠯ ᠤᠨ ᠤᠳᠤᠷᠢᠳᠤᠯᠭ᠎ᠠ᠂ ᠦᠪᠦᠷ ᠮᠤᠩᠭᠤᠯ ᠤᠨ ᠡᠳᠦᠷ ᠤᠨ ᠰᠤᠨᠢᠨ᠂ ᠦᠪᠦᠷ ᠮᠤᠩᠭᠤᠯ ᠤᠨ ᠲᠧᠯᠸᠢᠰ | ᠬᠤᠷᠢᠶᠠᠨ ᠤ ᠰᠤᠷᠪᠤᠯᠵᠢᠯᠠᠭᠴᠢᠳ ᠪᠤᠯᠤᠨ ᠬᠤᠲᠠ᠂ ᠬᠤᠰᠢᠭᠤ᠂ ᠪᠠᠯᠭᠠᠰᠤᠨ ᠤ ᠨᠠᠮ ᠵᠠᠰᠠᠭ ᠤᠨ ᠤᠳᠤᠷᠢᠳᠤᠯᠭ᠎ᠠ᠂ | ᠡᠯ᠎ᠡ ᠰᠤᠷᠭᠠᠭᠤᠯᠢ ᠶᠢᠨ ᠪᠠᠭᠰᠢ᠂ ᠰᠤᠷᠤᠭᠴᠢᠳ᠂ ᠮᠠᠯᠴᠢᠨ ᠲᠠᠷᠢᠶᠠᠴᠢᠨ᠂ ᠬᠡᠪᠯᠡᠯ ᠮᠡᠳᠡᠭᠡᠯᠡᠯ ᠤᠨ ᠠᠵᠢᠯᠲᠠᠨ ᠵᠡᠷᠭᠡ | ᠨᠡᠶᠢᠲᠡ 2000 ᠭᠠᠷᠤᠢ ᠬᠦᠮᠦᠨ ᠲᠣᠭᠤᠷᠢᠨ ᠦᠵᠡᠵᠦ᠂ ᠵᠠᠷᠢᠮ ᠪᠠᠶᠢᠭᠤᠯᠭ᠎ᠠ ᠨᠢᠭᠡᠴᠢ ᠪᠤᠶᠤ ᠬᠤᠪᠢ ᠬᠦᠮᠤᠨ | ᠮᠠᠨ ᠤ ᠬᠦᠷᠢᠶᠠᠯᠠᠩ ᠲᠠᠢ ᠬᠠᠮᠲᠤᠷᠠᠨ ᠠᠵᠢᠯᠯᠠᠬᠤ ᠬᠦᠰᠡᠯ ᠢᠶᠠᠨ ᠲᠠᠯᠪᠢᠭᠠᠳ ᠪᠠᠶᠢᠨ᠎ᠠ᠃ | ᠰᠤᠷᠪᠤᠯᠵᠢᠯᠠᠭᠴᠢ᠄ ᠲᠠ ᠶᠠᠭᠠᠬᠢᠭᠠᠳ ᠲᠤᠯᠢ ᠪᠢᠴᠢᠭ ᠴᠤᠭᠯᠠᠭᠤᠯᠵᠤ ᠡᠬᠢᠯᠡᠭᠰᠡᠨ ᠪᠤᠢ︖ | ᠮᠦᠩᠬᠡᠳᠡᠯᠡᠢ᠄ ᠪᠢ ᠤᠤᠯ ᠨᠢ ᠬᠦᠬᠡᠬᠤᠳᠠ ᠳᠤ ᠪᠢᠴᠢᠭ ᠤᠨ ᠬᠠᠷ᠎ᠠ ᠠᠵᠢᠯ ᠬᠢᠵᠤ ᠪᠠᠶᠢᠵᠠᠢ᠃ ᠰᠡᠳᠬᠦᠯ ᠤᠨ | ᠡᠬᠡ ᠪᠢᠴᠢᠭ ᠢ ᠲᠡᠬᠦᠬᠦ᠂ ᠬᠢᠨᠠᠬᠤ᠂ ᠵᠠᠯᠠᠷᠠᠭᠤᠯᠬᠤ ᠵᠡᠷᠬᠡ ᠠᠴᠠ ᠦᠭᠰᠤᠬᠦᠯᠤᠨ ᠵᠢᠭᠠᠯ ᠵᠤᠭᠤᠯ ᠵᠤᠭᠤᠰ ᠤᠯᠳᠠᠭ | ᠠᠵᠢᠯ ᠢ ᠬᠢᠵᠤ ᠪᠠᠶᠢᠵᠠᠢ᠃ ᠲᠡᠬᠡᠬᠡᠳ ᠲᠤᠯᠢ ᠪᠢᠴᠢᠭ ᠤᠨ ᠬᠡᠷᠡᠭᠴᠡᠭᠡ ᠦᠢᠯᠡᠳᠤᠯ ᠢ ᠰᠠᠶᠢᠨ ᠲᠠᠨᠢᠵᠤ ᠤᠯᠤᠭᠰᠠᠨ | ᠶᠤᠮ᠃ ᠰᠡᠬᠦᠯᠠᠷ ᠨᠢ ᠨᠤᠮ ᠬᠡᠪᠯᠡᠭᠦᠯᠦᠨ ᠴᠤᠭᠯᠠᠭᠤᠯᠵᠤ ᠪᠤᠷᠤᠯᠠᠭᠤᠯᠤᠯᠠ᠃ ᠲᠡᠬᠡᠬᠡᠳ ᠯᠠ ᠲᠤᠯᠢ ᠪᠢᠴᠢᠭ | ᠴᠤᠭᠯᠠᠭᠤᠯᠳᠠᠭ ᠠᠶᠠᠨ ᠢᠶᠠᠨ ᠡᠬᠢᠯᠡᠬᠦᠯᠵᠤ᠂ ᠤᠳᠤ ᠪᠠᠷᠤᠭ ᠬᠤᠷᠢ ᠭᠤᠴᠢᠨ ᠵᠢᠯ ᠪᠤᠯᠵᠤ ᠪᠠᠶᠢᠨ᠎ᠠ᠃ | | | | | | | ᠰᠤᠷᠪᠤᠯᠵᠢᠯᠠᠭᠴᠢ᠄ ᠲᠤᠯᠢ ᠪᠢᠴᠢᠭ ᠴᠤᠭᠯᠠᠭᠤᠯᠵᠤ ᠶᠠᠪᠤᠬᠤ ᠳᠤ ᠪᠠᠰᠠ ᠲᠤᠩ ᠤᠯᠠᠨ ᠰᠤᠨᠢᠨ ᠰᠠᠶᠢᠬᠠᠨ | ᠤᠴᠢᠷ ᠬᠡᠷᠡᠭ ᠲᠠᠭᠠᠷᠠᠭᠰᠠᠨ ᠪᠠᠶᠢᠬ᠎ᠠ ᠡ︖ | ᠮᠦᠩᠬᠡᠳᠡᠯᠡᠢ᠄ ᠲᠡᠶᠢᠮᠤ ᠡ᠂ ᠪᠢ ᠨᠢᠬᠡ ᠤᠳᠠᠭ᠎ᠠ ᠮᠢᠩᠭ᠎ᠠ ᠶᠢᠰᠤᠨ ᠵᠠᠭᠤ ᠭᠤᠴᠢᠨ ᠬᠡᠳᠤᠨ ᠤᠨ ᠤ | ᠦᠶ᠎ᠡ ᠳᠤ ᠪᠤᠯᠤᠭᠰᠠᠨ ᠨᠢᠬᠡᠨ ᠬᠡᠷᠡᠭ ᠤᠨ ᠲᠤᠬᠠᠢ ᠮᠠᠲ᠋ᠧᠷᠢᠶᠡᠯ ᠤᠯᠤᠭᠠᠳ ᠲᠡᠬᠦᠨ ᠤ ᠲᠤᠳᠤᠷ᠎ᠠ ᠠᠴᠠ ᠨᠢᠬᠡᠨ | ᠬᠦᠮᠤᠨ ᠤ ᠵᠢᠷᠤᠭ ᠰᠡᠬᠦᠳᠡᠷ ᠢ ᠤᠯᠵᠤ ᠠᠪᠤᠭᠰᠠᠨ ᠶᠤᠮ᠃ ᠲᠡᠬᠦᠨ ᠢᠶᠠᠨ ᠪᠢ ᠬᠡᠪᠯᠡᠯ ᠤᠨ ᠬᠤᠷᠢᠶᠠᠨ ᠤ ᠨᠢᠬᠡᠨ | ᠨᠠᠶᠢᠵᠠ ᠳᠤ ᠶᠠᠷᠢᠵᠤ ᠪᠢᠯᠡ᠃ ᠲᠡᠬᠡᠭᠰᠡᠨ ᠴᠢᠨᠢ ᠬᠡᠳᠤᠨ ᠰᠠᠷ᠎ᠠ ᠪᠤᠯᠤᠭᠰᠠᠨ ᠬᠤᠶᠢᠨ᠎ᠠ ᠬᠡᠪᠯᠡᠯ ᠤᠨ ᠬᠤᠷᠢᠶᠠᠨ ᠤ | ᠨᠠᠶᠢᠵᠠ ᠮᠢᠨᠢ ᠬᠠᠷᠢᠨ ᠲᠡᠷᠡ ᠬᠦᠮᠤᠨ ᠤ ᠬᠤᠶᠢᠴᠢᠰ ᠨᠢ ᠨᠠᠳᠠ ᠲᠠᠢ ᠠᠭᠤᠯᠵᠠᠶ᠎ᠠ ᠬᠡᠰᠡᠨ ᠦᠬᠡ ᠢᠷᠡᠯ᠎ᠡ ᠬᠡᠨ᠎ᠡ | ᠬᠡᠵᠤ ᠨᠠᠳᠠ ᠤᠳᠠᠰᠤ ᠢᠷᠡᠵᠠᠢ᠃ ᠲᠡᠬᠡᠬᠡᠳ ᠮᠠᠨ ᠤ ᠬᠤᠶᠠᠭᠤᠯᠠ ᠪᠠᠶᠠᠠᠨᠠᠭᠤᠷ ᠬᠤᠳᠠ ᠶᠢᠨ ᠤᠷᠠᠳ ᠤᠨ ᠡᠮᠤᠨᠡᠳᠤ | ᠬᠤᠰᠢᠭᠤᠨ ᠤ ᠨᠢᠬᠡ ᠨᠠᠰᠤᠳᠠᠨ ᠤ ᠳᠤ ᠤᠴᠢᠵᠤ ᠪᠢᠯᠡ᠃ ᠲᠡᠷᠡ ᠨᠠᠰᠤᠳᠠᠨ ᠶᠠᠭ ᠮᠢᠨᠤ ᠤᠯᠤᠭᠰᠠᠨ ᠵᠢᠷᠤᠭ | ᠰᠡᠬᠦᠳᠡᠷ ᠲᠠᠬᠢ ᠬᠦᠮᠤᠨ ᠤ ᠦᠬᠢᠨ ᠨᠢ ᠪᠠᠶᠢᠵᠠᠢ᠃ ᠨᠠᠰᠤᠳᠠᠨ ᠰᠠᠯᠤᠭᠠᠳ ᠬᠡᠴᠢᠨᠡᠬᠡᠨ ᠵᠢᠯ ᠪᠤᠯᠤᠭᠰᠠᠨ ᠠᠪᠤ ᠲᠠᠢ | ᠮᠢᠨᠢ ᠠᠭᠤᠯᠵᠠᠭᠤᠯᠤᠯᠠ ᠬᠡᠳ ᠪᠠᠶᠠᠷᠯᠠᠵᠤ ᠲᠦᠷᠤᠯ ᠲᠦᠮᠤᠰᠤ ᠪᠠᠨ ᠴᠤᠭᠯᠠᠭᠤᠯᠵᠤ ᠨᠠᠶᠢᠷ ᠬᠤᠷᠢᠮ ᠬᠢᠵᠤ ᠪᠢᠯᠡ᠃ | ᠲᠡᠷᠡ ᠨᠠᠰᠤᠳᠠᠨ ᠪᠠᠭ᠎ᠠ ᠨᠠᠰᠤᠨ ᠳᠠᠭᠠᠨ ᠠᠪᠤ ᠲᠠᠢ ᠪᠠᠨ ᠰᠠᠯᠵᠤ᠂ ᠠᠪᠤ ᠨᠢ ᠬᠡᠷᠡᠭ ᠲᠤ ᠬᠤᠯᠪᠤᠭᠳᠠᠵᠤ | ᠴᠠᠭᠠᠵᠠᠯᠠᠭᠤᠯᠤᠭᠰᠠᠨ ᠪᠠᠶᠢᠵᠠᠢ᠃ ᠪᠢ ᠶᠠᠭ ᠡᠨᠡ ᠲᠡᠤᠬᠡᠨ ᠮᠠᠲ᠋ᠧᠷᠢᠶᠡᠯ ᠢ ᠤᠯᠤᠭᠰᠠᠨ ᠢᠶᠠᠷ ᠲᠡᠷᠡ ᠨᠠᠰᠤᠳᠠᠨ ᠳᠤ | ᠲᠤᠰᠠ ᠬᠦᠷᠦᠭᠰᠡᠨ ᠪᠢᠯᠡ᠃ ᠪᠢ ᠲᠠᠬᠢᠨ ᠲᠡᠷᠡ ᠨᠠᠰᠤᠳᠠᠨ ᠤ ᠳᠤ ᠤᠴᠢᠬᠤ ᠳᠤ ᠪᠦᠷ ᠲᠤᠮᠤ ᠰᠡᠬᠦᠳᠡᠷ ᠪᠤᠯᠭᠠᠨ | ᠤᠬᠢᠶᠡᠵᠤ ᠡᠯᠬᠦᠬᠡᠳ ᠲᠠᠬᠢᠵᠤ ᠪᠠᠶᠢᠭᠰᠠᠨ ᠪᠢᠯᠡ᠃ ᠪᠠᠰᠠ ᠨᠢᠬᠡ ᠤᠴᠢᠷ ᠬᠡᠪᠡᠯ ᠪᠢ ᠬᠦᠬᠡᠬᠤᠳᠠ ᠶᠢᠨ ᠬᠠᠭᠤᠴᠢᠨ | ᠬᠤᠳᠠ ᠶᠢᠨ ᠲᠤᠭᠤᠷᠢᠭ ᠤᠨ ᠮᠦᠩᠬᠦᠨ ᠤ ᠲᠠᠷᠬᠠᠨ ᠠᠴᠢᠳᠤ ᠬᠡᠭᠴᠢ ᠲᠠᠷᠬᠠᠨ ᠤ ᠳᠤ ᠤᠴᠢᠭᠠᠳ ᠦᠬᠡ ᠲᠠᠭᠠᠷᠠᠵᠤ | ᠲᠤᠯᠢ ᠪᠢᠴᠢᠭ ᠴᠤᠭᠯᠠᠭᠤᠯᠳᠠᠭ ᠲᠤᠬᠠᠢ ᠪᠠᠨ ᠵᠤᠭᠤᠭᠳᠠᠵᠤ ᠰᠠᠭᠤᠳᠠᠯ᠎ᠠ ᠲᠡᠷᠡ ᠭᠤᠸᠠᠢ ᠮᠢᠨᠢ ᠮᠢᠨᠤ ᠲᠤᠯᠢ ᠪᠢᠴᠢᠭ | ᠴᠤᠭᠯᠠᠭᠤᠯᠤᠭᠰᠠᠨ ᠲᠤᠬᠠᠢ ᠰᠤᠨᠤᠰᠴᠤ ᠰᠡᠳᠬᠢᠯ ᠬᠦᠳᠡᠯᠤᠬᠡᠳ ᠦᠷᠤᠬᠡᠨ ᠳᠡᠭᠡᠨ ᠬᠦᠶᠤᠨ ᠤᠷᠤᠵᠤ ᠨᠠᠳᠠ ᠨᠢᠬᠡ | ᠬᠤᠪᠤᠷ ᠨᠠᠨᠳᠢᠨ ᠬᠠᠳᠠᠭᠠᠯᠠᠵᠤ ᠪᠠᠶᠢᠭᠰᠠᠨ ᠲᠤᠯᠢ ᠪᠢᠴᠢᠭ ᠢᠶᠠᠨ ᠬᠦᠷᠬᠡᠵᠤ ᠪᠢᠯᠡ᠃ ᠪᠢ ᠤᠴᠢᠷ ᠵᠦᠭ ᠦᠬᠡᠢ | ᠬᠦᠮᠤᠨ ᠤ ᠨᠠᠨᠳᠢᠨ ᠶᠠᠭᠤᠮ᠎ᠠ ᠶᠢ ᠠᠪᠬᠤ ᠦᠬᠡᠢ ᠬᠡᠬᠦᠯᠠᠷ ᠲᠡᠷᠡ ︽ᠪᠢ ᠬᠡᠤᠬᠡᠳ ᠦᠬᠡᠢ᠂ ᠡᠭᠦᠨ ᠢ ᠬᠡᠨ | ᠵᠠᠯᠭᠠᠮᠵᠢᠯᠠᠬᠤ ᠪᠤᠢ︖ ᠲᠡᠬᠡᠬᠦᠯᠠᠷ ᠪᠢ ᠴᠢᠮ᠎ᠠ ᠳᠤ ᠦᠭᠴᠢᠬᠡᠶᠡ᠂ ᠬᠡᠷᠡᠭᠯᠡᠳᠡᠭ ᠬᠦᠮᠤᠨ ᠪᠠᠶᠢᠳᠠᠭ ᠪᠠᠶᠢᠯᠬᠦᠢ︾ | ᠬᠡᠳ ᠭᠠᠷ ᠤᠨ ᠦᠰᠦᠭ ᠵᠢᠷᠤᠵᠤ ᠡᠭᠦᠨ ᠢ ᠪᠠᠨ ᠮᠠᠨ ᠤ ᠮᠤᠩᠭᠤᠯ ᠲᠤᠯᠢ ᠪᠢᠴᠢᠭ ᠤᠨ ᠬᠦᠷᠢᠶᠡᠯᠡᠩ ᠳᠤ ᠪᠡᠯᠡᠭᠯᠡᠪᠡ᠃ | ᠡᠶᠢᠮᠤ ᠰᠡᠳᠬᠢᠯ ᠬᠦᠳᠡᠯᠬᠡᠮ᠎ᠡ ᠤᠴᠢᠷ ᠤᠳ ᠨᠠᠳᠠ ᠠᠷᠪᠢᠨ ᠲᠠᠭᠠᠷᠠᠭᠰᠠᠨ ᠳ᠋ᠠ᠃ ᠰᠤᠶᠤᠯ ᠳᠠᠭᠠᠨ ᠬᠠᠶᠢᠷᠠᠲᠠᠢ | ᠬᠦᠮᠤᠰ ᠤᠨ ᠬᠠᠯᠠᠭᠤᠨ ᠲᠡᠮᠵᠢᠯᠬᠡ ᠳᠤ ᠯᠠ ᠮᠠᠨ ᠤ ᠦᠢᠯᠡᠰ ᠤᠯᠠᠮ ᠢᠯᠡᠬᠦᠤ ᠬᠦᠭᠵᠢᠨ ᠪᠠᠳᠠᠷᠠᠬᠤ ᠪᠠᠶᠢᠬ᠎ᠠ᠃ | ᠰᠤᠷᠪᠤᠯᠵᠢᠯᠠᠭᠴᠢ᠄ ᠲᠠ ᠡᠨᠡ ︽ᠮᠤᠩᠭᠤᠯ ᠰᠤᠳᠤᠯᠤᠯ ᠤᠨ ᠲᠤᠯᠢ ᠪᠢᠴᠢᠭ ᠤᠨ ᠬᠦᠷᠢᠶᠡᠯᠡᠩ︾ ᠢᠶᠠᠨ | ᠬᠤᠵᠢᠮ ᠬᠤᠶᠢᠰᠢᠳᠠ ᠶᠠᠭᠠᠬᠢᠵᠤ ᠠᠪᠴᠤ ᠶᠠᠪᠤᠶ᠎ᠠ ᠬᠡᠵᠤ ᠪᠤᠳᠤᠵᠤ ᠪᠠᠶᠢᠨ᠎ᠠ ᠪᠤᠢ︖ | ᠮᠦᠩᠬᠡᠳᠡᠯᠡᠢ᠄ ᠡᠨᠡ ᠪᠤᠯ ᠪᠠᠰᠠ ᠨᠢᠬᠡ ᠨᠠᠳᠠ ᠲᠤᠯᠠᠭᠠᠷᠠᠭᠰᠠᠨ ᠬᠦᠴᠢᠷ ᠠᠰᠠᠭᠤᠳᠠᠯ᠂ ᠨᠢᠬᠡ ᠭᠠᠵᠠᠷ | ᠤᠷᠤᠨ ᠤ ᠰᠤᠶᠤᠯ ᠤᠨ ᠬᠦᠭᠵᠢᠯᠳᠡ ᠨᠢ ᠲᠡᠷᠡ ᠭᠠᠵᠠᠷ ᠤᠷᠤᠨ ᠤ ᠤᠳᠤᠷᠢᠳᠤᠯᠭ᠎ᠠ ᠰᠤᠶᠤᠯ ᠢ ᠬᠢᠷᠢ ᠵᠡᠷᠬᠡ | ᠬᠦᠨᠳᠤᠳᠬᠡᠨᠡ ᠬᠡᠳᠡᠭ ᠲᠠᠢ ᠨᠢᠭᠳᠠ ᠬᠤᠯᠪᠤᠭᠳᠠᠯ ᠲᠠᠢ᠃ ᠪᠢ ᠡ᠊ᠨᠳᠡ ᠢᠷᠡᠬᠡᠳ ︽ᠮᠤᠩᠭᠤᠯ ᠰᠤᠳᠤᠯᠤᠯ ᠤᠨ | ᠲᠤᠯᠢ ᠪᠢᠴᠢᠭ ᠤᠨ ᠬᠦᠷᠢᠶᠡᠯᠡᠩ︾ ᠢ ᠬᠢᠵᠤ ᠰᠠᠭᠤᠬᠤ ᠳᠤ ᠲᠡᠬᠦᠨ ᠢ ᠪᠠᠨ ᠬᠡᠷᠬᠢᠨ ᠤᠯᠠᠮ ᠦᠬᠡᠳᠡ ᠲᠠᠢ | ᠦᠩᠬᠡ ᠲᠠᠢ ᠠᠪᠴᠤ ᠶᠠᠪᠤᠨ᠎ᠠ ᠬᠡᠳᠡᠭ ᠪᠤᠯ ᠨᠠᠮ ᠵᠠᠰᠠᠭ ᠤᠨ ᠬᠠᠪᠰᠤᠷᠤᠯᠭ᠎ᠠ ᠲᠡᠮᠵᠢᠯᠬᠡ ᠲᠠᠢ ᠰᠢᠭᠤᠳ | ᠬᠤᠯᠪᠤᠭ᠎ᠠ ᠲᠠᠢ᠃ ᠮᠢᠨᠤ ᠭᠠᠭᠴᠠ ᠬᠦᠮᠤᠨ ᠤ ᠴᠢᠷᠮᠠᠶᠢᠯᠭ᠎ᠠ ᠪᠠᠷ ᠪᠤᠯᠬᠤ ᠶᠤᠮ ᠪᠢᠰᠢ᠃ ᠬᠡᠳᠤ ᠬᠡᠳᠤᠨ ᠭᠠᠵᠠᠷ ︽ | ᠮᠤᠩᠭᠤᠯ ᠰᠤᠳᠤᠯᠤᠯ ᠤᠨ ᠲᠤᠯᠢ ᠪᠢᠴᠢᠭ ᠤᠨ ᠬᠦᠷᠢᠶᠡᠯᠡᠩ︾ ᠢ ᠠᠪᠴᠤ ᠶᠠᠪᠤᠬᠤ ᠲᠦᠰᠤᠯ ᠢᠶᠠᠨ ᠭᠠᠷᠭᠠᠵᠤ | ᠪᠠᠶᠢᠭᠰᠠᠨ᠃ ᠵᠢᠱᠢᠶᠡᠯᠡᠬᠦ ᠳᠤ ᠦᠪᠤᠷ ᠮᠤᠩᠭᠤᠯ ᠤᠨ ᠰᠢᠨᠵᠢᠯᠡᠬᠦ ᠤᠬᠠᠭᠠᠨ ᠤ ᠬᠦᠷᠢᠶᠡᠯᠡᠩ ᠨᠠᠳᠠ ᠲᠠᠢ ᠬᠡᠷ᠎ᠡ ᠬᠢᠬᠦ | ᠬᠡᠨ᠎ᠡ᠃ ᠲᠡᠳᠡ 1840 ᠤᠨ ᠠᠴᠠ 1950 ᠤᠨ ᠤ ᠬᠤᠭᠤᠷᠤᠨᠳᠤ ᠬᠡᠪᠯᠡᠭᠰᠡᠨ ᠲᠤᠯᠢ ᠨᠤᠭᠤᠳ ᠢ ᠪᠦᠷ ᠲᠠᠬᠢᠵᠤ | ᠬᠡᠪᠯᠡᠬᠦᠯᠬᠦ ᠬᠡᠵᠤ᠂ ᠨᠠᠶᠢᠳᠠ ᠲᠠᠯ᠎ᠠ ᠭᠠᠷᠤᠢ ᠲᠤᠯᠢ ᠪᠢᠴᠢᠭ ᠤᠨ ᠨᠠᠷᠠ ᠶᠢ ᠭᠠᠷᠭᠠᠵᠤ ᠢᠷᠡᠵᠠᠢ᠃ ᠨᠠᠳᠠ ᠳᠤ ᠲᠠᠪᠢ | ᠭᠠᠷᠤᠢ ᠲᠤᠯᠢ ᠪᠢᠴᠢᠭ ᠨᠢ ᠪᠠᠶᠢᠨ᠎ᠠ᠃ ᠬᠡᠪᠡᠴᠤ ᠪᠢ ᠬᠦᠳᠡᠯᠦᠬᠡ ᠦᠬᠡᠢ᠃ ᠤᠴᠢᠷ ᠨᠢ ᠨᠢᠬᠡ ᠳᠤ ᠲᠡᠳᠡᠬᠡᠷ | ᠲᠦᠰᠤᠯ ᠤᠳ ᠪᠤᠳᠠᠳᠤ ᠵᠦᠢᠯ ᠦᠬᠡᠢ᠂ ᠬᠤᠶᠠᠷ ᠲᠤ ᠨᠤᠳᠤᠭ ᠲᠠᠭᠠᠨ ᠦᠢᠯᠡᠴᠢᠯᠡᠬᠦ ᠰᠠᠨᠠᠭᠠᠲᠠᠢ ᠪᠠᠶᠢᠭ᠎ᠠ ᠨᠢ ᠦᠨᠡᠨ | ᠃ | ᠰᠤᠷᠪᠤᠯᠵᠢᠯᠠᠭᠴᠢ᠄ ᠤᠳᠤ ᠲᠠ ᠭᠤᠤᠯᠳᠠᠭᠤ ᠶᠠᠮᠠᠷ ᠠᠵᠢᠯ ᠢ ᠬᠢᠵᠤ ᠪᠠᠶᠢᠬᠤ ᠪᠤᠢ︖ | ᠮᠦᠩᠬᠡᠳᠡᠯᠡᠢ᠄ ᠤᠳᠤ ᠨᠡᠯᠢᠶᠡᠳ ᠠᠷᠪᠢᠨ ᠨᠤᠮ ᠬᠢᠶ᠎ᠠ ᠬᠡᠵᠤ ᠪᠠᠶᠢᠨ᠎ᠠ᠃ ᠪᠠᠰᠠ ᠲᠤᠯᠢ ᠪᠢᠴᠢᠭ ᠤᠨ | ᠬᠡᠯᠬᠢᠶᠠᠰᠤ ᠬᠢᠬᠦ᠂ ᠲᠤᠯᠢ ᠪᠢᠴᠢᠭ ᠤᠳ ᠢ ᠲᠠᠬᠢᠨ ᠬᠡᠪᠯᠡᠬᠦᠯᠬᠦ᠂ ᠰᠤᠳᠤᠯᠬᠤ ᠵᠡᠷᠬᠡ ᠮᠠᠰᠢ ᠠᠷᠪᠢᠨ ᠠᠵᠢᠯ | ᠬᠢᠳᠠᠯ ᠤᠳ ᠬᠦᠯᠢᠶᠡᠵᠤ ᠪᠠᠶᠢᠨ᠎ᠠ᠃ ᠤᠳᠤ ︽ᠮᠤᠩᠭᠤᠯ ᠰᠤᠳᠤᠯᠤᠯ ᠤᠨ ᠲᠤᠯᠢ ᠪᠢᠴᠢᠭ ᠤᠨ ᠬᠦᠷᠢᠶᠡᠯᠡᠩ︾ ᠢ | ᠶᠠᠭᠠᠬᠢᠵᠤ ᠠᠵᠤ ᠦᠢᠯᠡᠰᠵᠢᠬᠦᠯᠵᠤ᠂ ᠨᠠᠶᠢᠬᠡᠮ ᠤᠨ ᠦᠷ᠎ᠡ ᠠᠰᠢᠭ ᠭᠠᠷᠭᠠᠨ ᠮᠤᠩᠭᠤᠯᠴᠤᠳ ᠲᠤ ᠠᠰᠢᠭᠲᠠᠢ ᠵᠦᠢᠯ | ᠪᠤᠯᠭᠠᠬᠤ ᠬᠡᠳᠡᠭ ᠪᠤᠯ ᠬᠤᠵᠢᠮ ᠬᠤᠶᠢᠰᠢᠳᠠ ᠶᠢᠨ ᠬᠢᠬᠦ ᠠᠵᠢᠯ ᠤᠳ ᠪᠢᠯᠡ᠃ | ᠰᠤᠷᠪᠤᠯᠵᠢᠯᠠᠭᠴᠢ᠄ ᠲᠠᠨ ᠤ ᠰᠠᠶᠢᠬᠠᠨ ᠰᠤᠷᠪᠤᠯᠵᠢᠯᠠᠭ᠎ᠠ ᠦᠭᠬᠦᠭᠰᠡᠨ ᠳᠤ ᠪᠠᠶᠠᠷᠯᠠᠵᠤ᠂ ᠠᠵᠢᠯ ᠦᠢᠯᠡᠰ ᠤᠨ | ᠦᠨᠳᠤᠷ ᠠᠮᠵᠢᠯᠳᠠ ᠶᠢ ᠬᠠᠮᠳᠤ ᠳᠤᠨᠢ ᠬᠦᠰᠡᠶ᠎ᠡ᠂ ᠪᠠᠶᠠᠷᠯᠠᠯ᠎ᠠ᠃ | ︵ᠭᠡᠷᠡᠯ ᠵᠢᠷᠤᠭ ᠤᠳ ᠢ ᠵᠠᠩᠭᠠᠨᠤᠷᠪᠤ ᠬᠠᠨᠭ᠍ᠭᠠᠪᠠ︶ | |