ᠡᠳᠤᠷ ᠪᠦᠷᠢ ᠮᠢᠩᠭᠠᠨ ᠵᠢᠩ ᠠᠶᠢᠷᠠᠭ ᠪᠤᠷᠤᠯᠠᠭᠤᠯᠳᠠᠭ ᠦᠩᠰᠡᠭ ᠨᠤᠳᠤᠭ ᠤᠨ ᠪᠠᠶᠠᠨ ᠮᠠᠯᠴᠢᠨ ᠴᠤᠭᠵᠢᠯᠳᠤ
ᠨᠡᠶᠢᠲᠡᠯᠡᠭᠰᠡᠨ ᠴᠠᠭ᠄
2020/9/10
    ᠦᠩᠰᠢᠭ ᠰᠠᠶᠢᠬᠠᠨ ᠦᠯᠦᠭᠡᠢ ᠨᠤᠳᠤᠭ ᠲᠠᠭᠠᠨ ᠦᠭᠡᠳᠡ ᠲᠠᠢ᠂ ᠦᠩᠭᠡ ᠲᠠᠢ ᠠᠮᠢᠳᠤᠷᠠᠯ ᠤᠨ ᠡᠷᠦᠬᠢ ᠲᠠᠳᠠᠵᠦ ᠶᠠᠪᠤᠭ᠎ᠠ ᠴᠤᠭᠵᠢᠯᠳᠤ ᠪᠤᠯ ᠦᠤᠰᠢᠨ ᠬᠤᠰᠢᠭᠤᠨ ᠤ ᠲᠤᠭ ᠪᠠᠯᠭᠠᠰᠤᠨ ᠤ ᠬᠤᠸᠠᠳᠤᠯᠤᠭᠠᠢ ᠭᠠᠴᠠᠭᠠᠨ ᠤ ᠠᠵᠢᠯᠴᠢ ᠬᠦᠳᠡᠯᠮᠦᠷᠢᠴᠢ᠂ ᠤᠬᠠᠭᠠᠨ ᠰᠠᠮᠪᠠᠭ᠎ᠠ ᠲᠠᠢ᠂ ᠴᠠᠭ ᠢᠮᠠᠭᠲᠠ ᠰᠢᠨ᠎ᠠ ᠶᠢ ᠰᠡᠳᠤᠵᠦ ᠶᠠᠪᠤᠳᠠᠭ ᠬᠠᠰᠢᠷ ᠮᠠᠯᠴᠢᠨ ᠤ ᠨᠢᠭᠡ ᠨᠢ ᠪᠢᠯᠡ᠃ ᠲᠡᠳᠡᠨ ᠤ ᠬᠢᠨ ᠡᠳᠤᠷ ᠲᠤ ᠮᠢᠩᠭᠠᠨ ᠵᠢᠩ ᠤᠨ ᠠᠶᠢᠷᠠᠭ ᠪᠤᠷᠤᠯᠠᠭᠤᠯᠳᠠᠭ ᠭᠡᠰᠡᠨ ᠰᠤᠷᠠᠭ ᠢᠶᠠᠷ ᠪᠢᠳᠠ ᠲᠡᠳᠡᠨ ᠤ ᠳᠤ ᠠᠶᠠᠨ ᠤ ᠵᠢᠯᠤᠭᠤ ᠪᠠᠨ ᠰᠤᠩᠭᠠᠪᠠ᠃    ᠲᠡᠳᠡᠨ ᠤ ᠬᠢᠨ ᠭᠡᠵᠦ ᠶᠠᠭ ᠪᠠᠶᠠᠨᠨᠠᠭᠤᠷ ᠲᠠᠯ᠎ᠠ ᠨᠤᠳᠤᠭ ᠤᠨ ᠵᠤᠭᠠᠴᠠᠯ ᠤᠨ ᠤᠷᠤᠨ ᠳᠤ ᠨᠤᠳᠤᠭᠰᠢᠭᠰᠠᠨ ᠠᠶᠢᠯ ᠪᠠᠶᠢᠵᠦ᠂ ᠪᠢᠲᠠᠨ ᠢ ᠬᠦᠷᠭᠦ ᠳᠤ ᠲᠡᠷᠡ ᠭᠡᠷ ᠤᠨ ᠢᠶᠠᠨ ᠬᠠᠵᠠᠭᠤᠳᠠᠬᠢ ᠠᠶᠢᠷᠠᠭ ᠤᠨ ᠦᠢᠯᠡᠳᠭᠡᠯ ᠤᠨ ᠭᠠᠵᠠᠷ ᠲᠠᠭᠠᠨ ᠨᠤᠬᠠᠢ ᠪᠠᠨ ᠬᠤᠷᠢᠵᠦ ᠪᠢᠲᠠᠨ ᠢ ᠤᠭᠳᠤᠪᠠ᠃ ᠮᠤᠩᠭᠤᠯ ᠤᠨ ᠰᠠᠶᠢᠬᠠᠨ ᠶᠤᠰᠤ ᠪᠠᠷ ᠠᠮᠦᠷ ᠮᠡᠨᠳᠤ ᠪᠠᠨ ᠠᠰᠠᠭᠤᠯᠴᠠᠭᠠᠳ ᠲᠤᠳᠤᠭᠰᠢ ᠤᠷᠤᠪᠠᠯ ᠰᠢᠷᠡᠭᠡ ᠲᠦᠭᠦᠷᠡᠩ ᠴᠠᠭᠠᠨ ᠢᠳᠡᠭᠡᠨ ᠲᠠᠯᠪᠢᠭᠠᠰᠤᠲᠠᠢ ᠪᠠᠶᠢᠬᠤ ᠪᠠᠷ ᠪᠢᠳᠠ ᠲᠠᠷᠭᠤᠨ ᠴᠠᠢ ᠢ ᠨᠢ ᠤᠤᠭᠤᠵᠦ᠂ ᠲᠠᠪᠠᠲᠠᠢ ᠶᠠᠷᠢᠯᠴᠠᠭ᠎ᠠ ᠪᠠᠨ ᠡᠬᠢᠯᠡᠭᠦᠯᠪᠡ᠃     ᠴᠤᠭᠵᠢᠯᠳᠤ ᠭᠡᠵᠦ ᠪᠤᠷᠤᠬᠠᠨ ᠴᠢᠷᠠᠢ ᠲᠠᠢ᠂ ᠨᠠᠮᠬᠠᠨ ᠪᠡᠶ᠎ᠠ ᠲᠠᠢ᠂ ᠦᠭᠡ ᠶᠠᠷᠢᠶ᠎ᠠ ᠰᠠᠶᠢᠲᠠᠢ ᠬᠦᠮᠦᠨ ᠪᠠᠶᠢᠯ᠎ᠠ᠃ ᠬᠦᠳᠡᠯᠵᠦ ᠪᠠᠷᠢᠬᠤ ᠨᠢ ᠬᠦᠩᠭᠡᠨ ᠱᠠᠯᠠᠮᠠᠭᠠᠢ ᠪᠠᠶᠢᠳᠠᠯ ᠠᠴᠠ ᠨᠢ ᠤᠴᠢᠷ ᠶᠠᠪᠤᠳᠠᠯ ᠢ ᠰᠤᠨᠵᠢᠷᠠᠭᠤᠯᠵᠦ ᠤᠲᠠᠭᠠᠰᠢᠷᠠᠭᠤᠯᠬᠤ ᠦᠭᠡᠢ ᠬᠦᠢᠴᠡᠳᠭᠡᠳᠡᠭ ᠲᠦᠯᠦᠪ ᠲᠤᠳᠤᠬᠠᠨ ᠮᠡᠳᠡᠭᠳᠡᠨ᠎ᠠ᠃ ᠴᠡᠷᠢᠭ ᠠᠴᠠ ᠬᠠᠯᠠᠭᠳᠠᠭᠰᠠᠨ ᠲᠡᠭᠦᠨ ᠤ ᠪᠡᠶ᠎ᠠ ᠲᠡᠭᠡᠷ᠎ᠠ ᠴᠡᠷᠢᠭ ᠬᠦᠮᠦᠨ ᠤ ᠬᠦᠴᠢᠷ ᠢ ᠲᠠᠭᠠᠭᠠᠬᠤ᠂ ᠡᠷᠡᠰ ᠴᠢᠩᠭ᠎ᠠ᠂ ᠦᠨᠡᠨᠴᠢ ᠰᠢᠳᠤᠷᠭᠤ ᠵᠡᠩ ᠴᠢᠨᠠᠷ ᠦᠪᠡᠷ ᠤᠨ ᠡᠷᠭᠡ ᠦᠭᠡᠢ ᠢᠯᠡᠷᠡᠵᠦ ᠪᠠᠶᠢᠯ᠎ᠠ᠃ ᠴᠤᠭᠵᠢᠯᠳᠤ ᠡᠨᠡ ᠵᠢᠯ 48 ᠨᠠᠰᠤᠲᠠᠢ᠂ ᠲᠡᠳᠡᠨ ᠤ ᠬᠢᠨ 1500 ᠮᠦ ᠨᠤᠳᠤᠭ ᠪᠡᠯᠴᠢᠭᠡᠷ ᠲᠡᠭᠡᠷ᠎ᠠ ᠪᠠᠨ 60 ᠨᠤᠳᠤᠭ ᠤᠨ ᠦᠭᠡᠷ᠂ 80 ᠳ᠋ᠦ᠋ ᠪᠦᠸᠧ ᠬᠤᠨᠢ ᠮᠠᠯᠵᠢᠬᠤ ᠶᠢᠨ ᠬᠠᠮᠳᠤ 200 ᠭᠠᠷᠤᠢ ᠲᠠᠬᠢᠶ᠎ᠠ ᠲᠡᠵᠢᠭᠡᠵᠦ᠂ 40 ᠮᠦ ᠡᠷᠳᠡᠨᠢ ᠰᠢᠰᠢ᠂ 120 ᠮᠦ ᠪᠤᠷᠦ ᠴᠠᠷᠭᠠᠰᠤ ᠲᠠᠷᠢᠵᠦ ᠪᠠᠶᠢᠭ᠎ᠠ ᠶᠤᠮ᠃ 300 ᠲᠡᠭᠰᠢ ᠲᠦᠷᠪᠡᠯᠵᠢᠨ ᠮᠧᠲᠷ ᠤᠨ ᠬᠤᠷᠢᠶ᠎ᠠ ᠰᠡᠷᠡᠪᠴᠢ ᠲᠠᠢ ᠪᠦᠭᠡᠳ ᠲᠠᠷᠢᠵᠦ ᠬᠠᠳᠤᠬᠤ ᠮᠠᠰᠢᠨ ᠢᠵᠢ ᠪᠦᠷᠢᠳᠦᠵᠦ᠂ ᠭᠡᠷ ᠲᠡᠭᠡᠨ ᠬᠤᠶᠠᠷ ᠨᠠᠰᠤᠲᠠᠨ ᠨᠢᠭᠡ ᠦᠬᠢᠨ ᠲᠠᠢ ᠪᠠᠨ ᠲᠠᠪᠤᠭᠤᠯᠠ ᠪᠠᠨ ᠠᠵᠦ ᠲᠦᠷᠦᠵᠦ ᠪᠤᠢ᠃ ᠮᠠᠯᠴᠢᠨ ᠬᠦᠮᠦᠨ ᠪᠤᠯ ᠮᠠᠯ ᠤᠨ ᠠᠰᠢᠭ ᠰᠢᠮ᠎ᠠ ᠳᠤ ᠲᠦᠰᠢᠭᠯᠡᠨ ᠠᠵᠦ ᠠᠮᠢᠳᠤᠷᠠᠯ ᠢᠶᠠᠨ ᠴᠤᠭᠴᠠᠯᠠᠳᠠᠭ᠃ ᠴᠤᠭᠵᠢᠯᠳᠤ ᠶᠢᠨ ᠬᠢᠨ ᠤᠳᠤ ᠵᠢᠯ ᠤᠨ ᠴᠡᠪᠡᠷ ᠤᠷᠤᠯᠭ᠎ᠠ ᠨᠢ 20 ᠲᠦᠮᠡᠨ ᠲᠦᠭᠦᠷᠢᠭ ᠢ ᠲᠠᠪᠠᠵᠦ ᠂ ᠭᠤᠤᠯᠳᠠᠭᠤ ᠮᠠᠯ ᠤᠨ ᠠᠰᠢᠭ ᠰᠢᠮ᠎ᠠ ᠪᠠᠨ ᠪᠤᠷᠤᠯᠠᠭᠤᠯᠬᠤ ᠠᠴᠠ ᠭᠠᠳᠠᠨ᠎ᠠ ᠭᠡᠷ ᠪᠦᠯᠢ ᠶᠢᠨ ᠵᠢᠵᠢᠭ ᠦᠢᠯᠡᠳᠭᠡᠯ ᠤᠨ ᠭᠠᠵᠠᠷ ᠲᠠᠭᠠᠨ ᠠᠶᠢᠷᠠᠭ ᠲᠠᠷᠠᠭ ᠪᠤᠯᠪᠠᠰᠤᠷᠠᠭᠤᠯᠵᠦ ᠪᠤᠷᠤᠯᠠᠭᠤᠯᠤᠨ ᠠᠮᠢᠳᠤᠷᠠᠯ ᠢᠶᠠᠨ ᠦᠭᠡᠳᠡ ᠲᠠᠳᠠᠵᠦ ᠪᠤᠢ᠃         ᠴᠤᠬᠵᠢᠯᠳᠤ ᠶᠢᠨ ᠠᠶᠢᠷᠠᠭ ᠤᠨ ᠪᠤᠷᠤᠯᠠᠭᠤᠯᠭ᠎ᠠ ᠰᠠᠶᠢᠨ ᠪᠠᠶᠢᠳᠠᠭ ᠠᠨᠢᠰᠤ     ᠰᠤᠪᠢᠵᠦ ᠰᠦᠪᠡᠭᠴᠢᠯᠡᠬᠦ᠂ ᠡᠷᠢᠨ ᠰᠦᠢᠬᠤ ᠨᠢ ᠴᠤᠭᠵᠢᠯᠳᠤ ᠶᠢᠨ ᠲᠦᠷᠦᠯᠬᠢ ᠶᠢᠨ ᠵᠠᠩ ᠪᠠᠶᠢᠯ᠎ᠠ᠃ ᠲᠡᠷᠡ ᠶᠠᠭᠠᠬᠢᠵᠦ ᠮᠠᠯᠴᠢᠨ ᠵᠠᠶᠠᠭ᠎ᠠ ᠪᠠᠨ ᠡᠷᠭᠦᠵᠦ ᠠᠮᠢᠳᠤᠷᠠᠯ ᠠᠬᠤᠢ ᠪᠠᠨ ᠦᠭᠡᠳᠡᠯᠡᠭᠦᠯᠬᠦ ᠲᠤᠬᠠᠢ ᠨᠠᠷᠢᠨ ᠲᠤᠩᠭᠠᠨ ᠪᠤᠳᠤᠭᠰᠠᠨ ᠤ ᠲᠠᠷᠠᠭ᠎ᠠ ᠪᠠᠭ᠎ᠠ ᠪᠡᠯᠡ ᠤᠷᠤᠭᠤᠯᠵᠦ ᠭᠡᠷ ᠪᠦᠯᠢ ᠶᠢᠨ ᠴᠠᠭᠠᠨ ᠢᠳᠡᠭᠡᠨ ᠡᠳ᠋ᠰᠢᠭᠦᠯᠵᠦ ᠪᠤᠯᠪᠠᠰᠤᠷᠠᠭᠤᠯᠬᠤ ᠦᠢᠯᠡᠳᠭᠡᠯ ᠤᠨ ᠭᠠᠵᠠᠷ ᠭᠠᠷᠭᠠᠬᠤ ᠪᠠᠷ ᠲᠤᠭᠳᠠᠪᠠ᠂ ᠲᠡᠭᠡᠭᠡᠳ ᠡᠬᠢᠨ ᠤ ᠠᠯᠬᠤᠮ ᠳᠠᠭᠠᠨ ᠠᠶᠢᠷᠠᠭ ᠡᠳ᠋ᠰᠢᠭᠦᠯᠵᠦ ᠪᠤᠯᠪᠠᠰᠤᠷᠠᠭᠤᠯᠬᠤ ᠪᠠᠷ ᠪᠤᠯᠪᠠ᠃     ᠴᠤᠭᠵᠢᠯᠳᠤ ᠡᠨᠡ ᠬᠦ ᠠᠶᠢᠷᠠᠭ ᠤᠨ ᠦᠢᠯᠡᠳᠭᠡᠯ ᠤᠨ ᠭᠠᠵᠠᠷ ᠢᠶᠠᠨ ᠡᠷᠬᠢᠯᠡᠭᠡᠳ ᠨᠢᠭᠡᠨᠲᠡ ᠲᠦᠷᠪᠡᠨ ᠵᠢᠯ ᠤᠨ ᠨᠢᠭᠤᠷ ᠢ ᠦᠵᠡᠵᠦ ᠪᠤᠢ᠂ ᠨᠢᠭᠡᠳᠤᠭᠡᠷ ᠵᠢᠯ ᠳᠤ ᠵᠦᠪᠬᠡᠨ ᠪᠡᠯᠡ ᠮᠦᠩᠭᠦ ᠶᠢᠨ ᠢᠶᠠᠨ 30% ᠶᠢ ᠬᠤᠨᠵᠢᠵᠦ ᠠᠪᠴᠢᠷᠠᠭᠰᠠᠨ ᠪᠤᠯ ᠬᠤᠶᠠᠳᠤᠭᠠᠷ ᠵᠢᠯ ᠠᠴᠠ ᠡᠬᠢᠯᠡᠭᠡᠳ 60 — 70% ᠶᠢ ᠨᠢᠭᠡᠨᠲᠡ ᠡᠪᠯᠡᠭᠦᠯᠴᠢᠬᠡᠭᠰᠡᠨ ᠪᠠᠶᠢᠨ᠎ᠠ᠂ ᠭᠤᠷᠪᠠᠳᠤᠭᠠᠷ ᠵᠢᠯ ᠪᠤᠯᠬᠤ ᠳᠤ ᠨᠢᠭᠡᠨᠲᠡ ᠠᠷᠪᠠᠭᠠᠳ ᠲᠦᠮᠡᠨ ᠲᠦᠭᠦᠷᠢᠭ ᠤᠨ ᠤᠷᠤᠯᠭ᠎ᠠ ᠲᠠᠢ ᠪᠤᠯᠤᠭᠰᠠᠨ ᠨᠢ ᠪᠠᠶᠠᠷᠯᠠᠭᠤᠰᠢᠲᠠᠢ᠃ ᠲᠡᠳᠡᠨ ᠤ ᠬᠢᠨ ᠵᠤᠭᠠᠴᠠᠯ ᠤᠨ ᠬᠦᠭ ᠤᠯᠠᠷᠢᠯ ᠳᠤ ᠡᠳᠤᠷ ᠲᠤ ᠮᠢᠩᠭᠠᠭᠠᠳ ᠵᠢᠩ ᠠᠶᠢᠷᠠᠭ ᠪᠤᠷᠤᠯᠠᠭᠤᠯᠳᠠᠭ᠂ ᠪᠤᠷᠤᠯᠠᠭᠤᠯᠭ᠎ᠠ ᠠᠨᠠᠢ ᠴᠠᠭ ᠦᠶ᠎ᠠ ᠳᠤ ᠴᠤ ᠭᠡᠳ ᠡᠳᠤᠷ ᠤᠨ 300 ᠵᠢᠩ ᠤᠨ ᠠᠶᠢᠷᠠᠭ ᠪᠤᠷᠤᠯᠠᠭᠤᠯᠳᠠᠭ ᠪᠠᠶᠢᠨ᠎ᠠ᠃     ᠪᠢᠳᠠ ᠲᠡᠳᠡᠨ ᠤ ᠠᠶᠢᠷᠠᠭ ᠤᠨ ᠦᠢᠯᠡᠳᠭᠡᠯ ᠤᠨ ᠭᠠᠵᠠᠷ ᠢᠶᠠᠷ ᠲᠤᠭᠤᠷᠢᠵᠦ ᠲᠡᠭᠦᠨ ᠤ ᠠᠶᠢᠷᠠᠭ ᠤᠨ ᠪᠤᠷᠤᠯᠠᠭᠤᠯᠭ᠎ᠠ ᠰᠠᠶᠢᠨ ᠪᠠᠶᠢᠳᠠᠭ ᠤᠴᠢᠷ ᠤᠬᠠᠭᠠᠨ ᠢ ᠨᠢ ᠤᠢᠢᠯᠠᠭᠠᠯ᠎ᠠ᠃ ᠲᠡᠷᠡ᠄ ︽ᠵᠠᠬ᠎ᠠ ᠶᠢᠨ ᠵᠠᠢ ᠳᠤ ᠬᠦᠯ ᠲᠤᠭᠳᠠᠶ᠎ᠠ ᠭᠡᠪᠡᠯ ᠵᠠᠪᠠᠯ ᠠᠶᠢᠷᠠᠭ ᠤᠨ ᠢᠶᠠᠨ ᠴᠢᠨᠠᠷ ᠴᠢᠨᠰᠠᠭ᠎ᠠ ᠶᠢ ᠪᠠᠳᠤᠯᠠᠬᠤ ᠬᠡᠷᠡᠭᠲᠠᠢ᠂ ᠲᠡᠭᠡᠪᠡᠯ ᠴᠢᠨᠠᠷ ᠴᠢᠨᠰᠠᠭ᠎ᠠ ᠶᠢ ᠪᠠᠳᠤᠯᠠᠬᠤ ᠳᠤ ᠵᠠᠪᠠᠯ ᠤᠯᠠᠮᠵᠢᠯᠠᠯᠳᠤ ᠠᠷᠭ᠎ᠠ ᠪᠠᠷ ᠡᠭᠦᠨ ᠢᠶᠠᠨ ᠡᠳ᠋ᠰᠢᠯᠠᠭᠦᠯᠵᠦ ᠪᠤᠯᠪᠠᠰᠤᠷᠠᠭᠤᠯᠬᠤ ᠴᠢᠬᠤᠯᠠᠲᠠᠢ᠂ ᠤᠯᠠᠮᠵᠢᠯᠠᠯᠳᠤ ᠠᠷᠭ᠎ᠠ ᠪᠠᠷ ᠪᠤᠯᠪᠠᠰᠤᠷᠠᠭᠤᠯᠬᠤ ᠳᠤ ᠮᠠᠨ ᠤ ᠭᠤᠤᠯᠳᠠᠭᠤ ᠠᠭᠤᠷ ᠢᠶᠠᠷ ᠰᠦ ᠪᠤᠴᠠᠯᠭᠠᠳᠠᠭ ᠮᠠᠰᠢᠨ ᠬᠡᠷᠡᠭᠯᠡᠳᠡᠭ᠂ ᠡᠨᠡ ᠨᠢ ᠤᠤᠯ ᠤᠨ ᠨᠠᠰᠤᠲᠠᠨ ᠪᠤᠭᠤᠷᠤᠯᠴᠤᠳ ᠤᠨ ᠬᠠᠨᠵᠤᠨ ᠲᠡᠭᠡᠷ᠎ᠠ ᠰᠦ ᠪᠠᠨ ᠲᠡᠯᠪᠢᠭᠠᠳ ᠬᠠᠯᠠᠭᠤᠯᠬᠤ ᠠᠷᠭ᠎ᠠ ᠲᠠᠢ ᠦᠨᠳᠤᠰᠤᠨ ᠲᠡᠭᠡᠷ᠎ᠠ ᠠᠳᠠᠯᠢᠪᠳᠤᠷ ᠪᠠᠶᠢᠳᠠᠭ᠃ ᠡᠭᠦᠨ ᠠᠴᠠ ᠭᠠᠳᠠᠨ᠎ᠠ ᠶᠡᠭᠡ ᠶᠡᠭᠡ ᠬᠡᠪᠴᠢᠶᠡᠵᠢᠭᠰᠡᠨ ᠰᠦᠨ ᠦᠢᠯᠡᠳᠪᠤᠷᠢ ᠨᠢ ᠠᠶᠢᠷᠠᠭ ᠡᠳ᠋ᠰᠢᠭᠦᠯᠵᠦ ᠪᠤᠯᠪᠠᠰᠤᠷᠠᠭᠤᠯᠬᠤ ᠳᠤ ᠰᠦ ᠠᠴᠠ ᠤᠭᠤᠷᠠᠭ ᠢ ᠨᠢ ᠰᠠᠯᠭᠠᠨ ᠠᠪᠳᠠᠭ᠂ ᠭᠡᠳᠡᠯ᠎ᠠ ᠮᠠᠨ ᠤ ᠤᠯᠠᠮᠵᠢᠯᠠᠯᠳᠤ ᠠᠷᠭ᠎ᠠ ᠪᠠᠷ ᠬᠢᠬᠦ ᠳᠤ ᠰᠦᠨ ᠤᠭᠤᠷᠠᠭ ᠢ ᠰᠠᠯᠭᠠᠵᠦ ᠠᠪᠳᠠᠭ ᠦᠭᠡᠢ᠂ ᠤᠴᠢᠷ ᠨᠢ ᠠᠶᠢᠷᠠᠭ ᠤᠨ ᠬᠠᠮᠤᠭ ᠶᠡᠭᠡ ᠰᠢᠮ᠎ᠠ ᠲᠡᠵᠢᠭᠡᠯ ᠨᠢ ᠲᠠᠷᠤᠢ ᠤᠭᠤᠷᠠᠬ ᠲᠤ ᠪᠠᠶᠢᠳᠠᠭ᠃ ᠤᠭᠤᠷᠠᠭ ᠨᠢ ᠬᠦᠢᠴᠡᠳ ᠠᠶᠢᠷᠠᠭ ᠠᠮᠠᠨ ᠳᠤ ᠤᠷᠤᠬᠤ ᠳᠤ ᠵᠦᠭᠡᠯᠡᠬᠡᠨ ᠮᠦᠷᠳᠡᠭᠡᠨ ᠠᠮᠲᠠ ᠲᠠᠢ ᠪᠠᠶᠢᠳᠠᠭ᠂ ᠤᠤᠭᠤᠵᠦ ᠪᠠᠷᠠᠭᠰᠠᠨ ᠤ ᠲᠠᠷᠠᠭ᠎ᠠ ᠠᠷᠠᠭᠠᠨ ᠳᠤ ᠰᠢᠩᠭᠡᠭᠰᠡᠨ ᠰᠢᠭ᠋ ᠰᠠᠶᠢᠬᠠᠨ ᠲᠦᠷᠦᠭᠳᠡᠯ ᠦᠭᠳᠡᠭ᠃ ᠵᠠᠷᠢᠮ ᠬᠦᠮᠦᠨ ᠤ ᠬᠡᠯᠡᠬᠦ ᠪᠠᠷ ᠤᠭᠤᠷᠠᠭ ᠢ ᠨᠢ ᠰᠠᠯᠭᠠᠴᠢᠬᠠᠪᠠᠯ ᠪᠡᠶᠡᠨ ᠳᠤ ᠰᠠᠶᠢᠨ ᠭᠡᠳᠡᠭ᠂ ᠦᠨᠡᠨ ᠳᠡᠭᠡᠨ ᠤᠭᠤᠷᠠᠭ ᠢ ᠰᠠᠯᠭᠠᠪᠠᠯ ᠬᠠᠮᠤᠭ ᠶᠡᠭᠡ ᠰᠢᠮ᠎ᠠ ᠲᠡᠵᠢᠭᠡᠯ ᠢ ᠠᠪᠤᠭᠠᠳ ᠬᠠᠶᠠᠭᠰᠠᠨ ᠤᠴᠢᠷ ᠪᠤᠯᠤᠨ᠎ᠠ︾ ᠭᠡᠵᠦ ᠪᠢᠳᠠᠨ ᠳᠤ ᠠᠶᠢᠷᠠᠭ ᠡᠳ᠋ᠰᠢᠭᠦᠯᠵᠦ ᠪᠤᠯᠪᠠᠰᠤᠷᠠᠭᠤᠯᠬᠤ ᠨᠠᠷᠢᠨ ᠤᠬᠠᠭᠠᠨ ᠢ ᠲᠠᠶᠢᠯᠪᠤᠷᠢᠯᠠᠨ᠎ᠠ᠃     ︽ᠵᠠᠩ ᠰᠠᠶᠢᠲᠠᠢ ᠬᠦᠮᠦᠨ ᠳᠤ ᠨᠦᠭᠦᠷ ᠤᠯᠠᠨ᠂ ᠵᠠᠮᠠᠭ ᠰᠠᠶᠢᠲᠠᠢ ᠤᠰᠤᠨ ᠳᠤ ᠵᠢᠭᠠᠰᠤ ᠤᠯᠠᠨ︾ ᠭᠡᠳᠡᠭᠴᠢᠯᠡᠨ ᠴᠤᠭᠵᠢᠯᠳᠤ ᠶᠢᠨ ᠠᠶᠢᠷᠠᠭ ᠤᠨ ᠪᠤᠷᠤᠯᠠᠭᠤᠯᠭ᠎ᠠ ᠰᠠᠶᠢᠨ ᠪᠠᠶᠢᠳᠠᠭ ᠪᠠᠰᠠ ᠨᠢᠭᠡᠨ ᠠᠨᠢᠰᠤ ᠪᠤᠯ ᠲᠠᠷᠤᠢ ᠲᠡᠷᠡ ᠨᠡᠶᠢᠬᠡᠮ ᠤᠨ ᠬᠠᠷᠢᠴᠠᠭ᠎ᠠ ᠶᠢ ᠰᠠᠶᠢᠨ ᠵᠤᠬᠢᠴᠠᠭᠤᠯᠵᠦ᠂ ᠨᠠᠶᠢᠵᠠ ᠨᠦᠭᠦᠳ ᠤᠯᠠᠨ ᠪᠠᠶᠢᠳᠠᠭ ᠠᠴᠠ ᠪᠤᠯᠪᠠ᠃ ᠲᠡᠷᠡ ᠠᠶᠢᠷᠠᠭ ᠢᠶᠠᠨ ᠭᠤᠤᠯᠳᠠᠭᠤ ᠡᠯ᠎ᠠ ᠶᠡᠭᠡ ᠵᠤᠭᠠᠴᠠᠯ ᠤᠨ ᠤᠷᠤᠨ ᠭᠢᠭᠡᠳ ᠬᠡᠪᠴᠢᠶ᠎ᠠ ᠪᠠᠷ ᠶᠡᠭᠡ ᠬᠠᠮ ᠲᠡᠯᠭᠡᠭᠦᠷ ᠲᠤ ᠪᠤᠷᠤᠯᠠᠭᠤᠯᠬᠤ ᠲᠤᠷᠠᠲᠠᠢ ᠪᠠᠶᠢᠳᠠᠭ᠃ ᠡᠭᠦᠨ ᠤ ᠤᠴᠢᠷ ᠤᠬᠠᠭᠠᠨ ᠢ ᠤᠬᠤᠴᠢᠯᠠᠪᠠᠯ ᠲᠡᠷᠡ᠄ ︽ᠮᠠᠨ ᠤ ᠠᠶᠢᠷᠠᠭ ᠢᠶᠠᠨ ᠭᠤᠤᠯᠳᠠᠭᠤ ᠪᠦᠷᠢᠶ᠎ᠠ ᠮᠠᠩᠬ᠎ᠠ ᠵᠤᠭᠠᠴᠠᠯ ᠤᠨ ᠤᠷᠤᠨ᠂ ᠪᠠᠶᠠᠨᠨᠠᠭᠤᠷ ᠲᠠᠯ᠎ᠠ ᠨᠤᠳᠤᠭ ᠤᠨ ᠵᠤᠭᠠᠴᠠᠯ ᠤᠨ ᠤᠷᠤᠨ ᠤ ᠬᠡᠳᠤᠨ ᠮᠠᠯᠴᠢᠨ ᠠᠶᠢᠯ ᠤᠨ ᠪᠠᠶᠠᠰᠤᠯ ᠵᠢᠴᠢ ᠬᠢᠶ᠎ᠠ ᠪᠠᠭᠰᠢ ᠲᠤᠭᠤᠷᠢᠭ ᠤᠨ ᠳ᠋ᠧ ᠷᠦᠩ ᠬᠠᠮ ᠲᠡᠯᠭᠡᠭᠦᠷ ᠲᠤ ᠪᠤᠷᠤᠯᠠᠭᠤᠯᠳᠠᠭ᠂ ᠡᠭᠦᠨ ᠠᠴᠠ ᠭᠠᠳᠠᠨ᠎ᠠ ᠪᠠᠰᠠ ᠪᠤᠭᠤᠳᠤ ᠶᠢᠨ ᠬᠡᠳᠤᠨ ᠬᠠᠮ ᠲᠡᠯᠭᠡᠭᠦᠷ ᠬᠢᠭᠡᠳ ᠶᠡᠭᠡ ᠠᠷᠠᠯᠵᠢᠶᠡᠨ ᠤ ᠲᠡᠯᠭᠡᠭᠦᠷ ᠠᠴᠠ ᠵᠠᠬᠢᠶᠠᠯᠠᠭ᠎ᠠ ᠢᠷᠡᠳᠡᠭ᠃ ᠪᠢ ᠡᠳᠡᠭᠡᠷ ᠭᠠᠵᠠᠷ ᠲᠤ ᠪᠤᠷᠤᠯᠠᠭᠤᠯᠬᠤ ᠲᠤᠷᠠᠲᠠᠢ ᠪᠠᠶᠢᠳᠠᠭ ᠰᠢᠯᠲᠠᠭᠠᠨ ᠨᠢ ᠲᠠᠷᠤᠢ ᠡᠳᠡᠭᠡᠷ ᠭᠠᠵᠠᠷ ᠢᠶᠠᠷ ᠪᠤᠷᠤᠯᠠᠭᠤᠯᠬᠤ ᠳᠤ ᠶᠠᠮᠠᠷ ᠴᠤ ᠬᠤᠶᠢᠳᠤ ᠡᠭᠦᠳᠡ ᠪᠠᠷ ᠶᠠᠪᠤᠬᠤ ᠤᠴᠢᠷ ᠪᠠᠶᠢᠳᠠᠭ ᠦᠭᠡᠢ᠂ ᠬᠡᠨ ᠤ ᠠᠶᠢᠷᠠᠭ ᠤᠨ ᠴᠢᠨᠠᠷ ᠴᠢᠨᠰᠠᠭ᠎ᠠ ᠬᠢᠭᠡᠳ ᠦᠨᠦᠷ ᠠᠮᠲᠠ ᠨᠢ ᠰᠠᠶᠢᠨ ᠪᠠᠶᠢᠪᠠᠯ ᠬᠡᠨ ᠤ ᠠᠶᠢᠷᠠᠭ ᠢ ᠰᠤᠩᠭᠤᠵᠦ ᠠᠪᠳᠠᠭ᠂ ᠡᠶᠢᠨ ᠬᠦ ᠮᠠᠨ ᠤ ᠠᠶᠢᠷᠠᠭ ᠤᠨ ᠴᠢᠨᠠᠷ ᠨᠢ ᠰᠠᠶᠢᠨ ᠪᠤᠯᠬᠤᠷ ᠵᠠᠬᠢᠶᠠᠯᠠᠭ᠎ᠠ ᠴᠤ ᠲᠠᠰᠤᠷᠠᠬᠤ ᠦᠭᠡᠢ ᠪᠠᠶᠢᠳᠠᠭ︾ ᠭᠡᠮᠡᠨ ᠤᠴᠢᠷᠯᠡᠨ᠎ᠠ᠃     ᠲᠡᠷᠡ ᠪᠠᠰᠠ ᠤᠬᠠᠭᠤᠯᠭ᠎ᠠ ᠶᠢᠨ ᠴᠢᠬᠤᠯᠠ ᠴᠢᠨᠠᠷ ᠢ ᠤᠢᠢᠯᠠᠭᠠᠵᠦ ᠮᠡᠳᠡᠭᠡᠳ ᠤᠯᠠᠮᠵᠢᠯᠠᠯᠳᠤ ᠠᠷᠭ᠎ᠠ ᠪᠠᠷᠢᠯ ᠢᠶᠠᠷ ᠠᠶᠢᠷᠠᠭ ᠬᠢᠵᠦ ᠪᠠᠶᠢᠨ᠎ᠠ ᠭᠡᠳᠡᠭ ᠢᠶᠠᠨ ᠵᠢᠷᠭᠢᠶ᠎ᠠ ᠶᠢᠨ ᠨᠠᠶᠢᠵᠠ ᠶᠢᠨ ᠲᠤᠭᠤᠷᠢᠭ᠂ ᠬᠤᠯᠪᠤᠭ᠎ᠠ ᠵᠡᠷᠭᠡ ᠶᠢ ᠴᠢᠳᠠᠮᠠᠭᠠᠢ ᠠᠰᠢᠭᠯᠠᠨ ᠤᠬᠠᠭᠤᠯᠤᠭᠰᠠᠨ ᠠᠴᠠ ᠤᠳᠠᠯ ᠦᠭᠡᠢ ᠬᠡᠷᠡᠭᠯᠡᠭᠴᠢᠳ ᠤᠨ ᠲᠤᠭ᠎ᠠ ᠤᠯᠠᠰᠢᠷᠠᠬᠤ ᠶᠢᠨ ᠬᠠᠮᠳᠤ ᠵᠠᠬᠢᠶᠠᠯᠠᠭ᠎ᠠ ᠴᠤ ᠤᠯᠠᠰᠢᠷᠠᠨ᠂ ᠭᠡᠷ ᠤᠨ ᠬᠡᠳᠤᠭᠦᠯᠡ ᠪᠠᠨ ᠠᠮᠵᠢᠭᠤᠯᠵᠦ ᠲᠠᠶᠢᠯᠬᠦ ᠦᠭᠡᠢ ᠪᠤᠯᠬᠤ ᠳᠠᠭᠠᠨ ᠦᠢᠯᠡᠳᠭᠡᠯ ᠤᠨ ᠭᠠᠵᠠᠷ ᠲᠠᠭᠠᠨ ᠪᠠᠰᠠ ᠬᠤᠶᠠᠷ ᠭᠤᠷᠪᠠᠨ ᠬᠦᠮᠦᠨ ᠬᠦᠯᠦᠰᠦᠯᠡᠳᠡᠭ ᠪᠤᠯᠪᠠ᠃     ᠮᠠᠯᠴᠢᠨ ᠬᠦᠮᠦᠨ ᠳᠤ ᠠᠪᠴᠤ ᠬᠡᠯᠡᠪᠡᠯ ᠰᠠᠷ᠎ᠠ ᠳᠠᠭᠠᠨ ᠲᠦᠮᠡ ᠭᠠᠷᠤᠢ ᠲᠦᠭᠦᠷᠢᠭ ᠤᠨ ᠤᠷᠤᠯᠭ᠎ᠠ ᠡᠭᠦᠳᠦᠨ᠎ᠠ ᠭᠡᠭᠴᠢ ᠲᠡᠶᠢᠮᠦ ᠬᠢᠯᠪᠡᠷ ᠶᠠᠪᠤᠳᠠᠯ ᠪᠢᠰᠢ᠃ ᠡᠭᠦᠨ ᠤ ᠲᠤᠬᠠᠢ ᠴᠤᠭᠵᠢᠯᠳᠤ᠄ ︽ᠦᠨᠡᠨ ᠳᠡᠭᠡᠨ ᠡᠨᠡ ᠪᠤᠯ ᠨᠡᠯᠢᠶᠡᠳ ᠶᠠᠳᠠᠷᠠᠯ ᠲᠠᠢ ᠠᠵᠢᠯ᠂ ᠶᠡᠷᠦ ᠨᠢ ᠶᠠᠳᠠᠷᠠᠯ ᠦᠭᠡᠢ ᠪᠠᠷ ᠵᠤᠭᠤᠰ ᠤᠯᠴᠢᠬᠠᠳᠠᠭ ᠠᠵᠢᠯ ᠭᠡᠵᠦ ᠬᠠᠮᠢᠭ᠎ᠠ ᠪᠠᠶᠢᠬᠤᠪ᠃ ᠪᠦᠷ ᠯᠠ ᠬᠦᠴᠦ ᠬᠦᠯᠦᠰᠦ ᠪᠠᠨ ᠤᠷᠤᠰᠬᠠᠵᠦ᠂ ᠤᠶᠤᠨ ᠤᠬᠠᠭᠠᠨ ᠢᠶᠠᠨ ᠰᠢᠪᠬᠠᠵᠦ ᠪᠠᠶᠢᠭᠠᠳ ᠯᠠ ᠠᠵᠦ ᠲᠦᠷᠦᠳᠡᠭ᠃ ᠠᠶᠢᠷᠠᠭ ᠢᠶᠠᠨ ᠪᠤᠯᠪᠠᠰᠤᠷᠠᠭᠤᠯᠵᠦ ᠬᠤᠳᠠᠯᠳᠤᠬᠤ ᠠᠴᠠ ᠠᠪᠤᠭᠠᠳ ᠬᠡᠷᠡᠭᠯᠡᠭᠴᠢᠳ ᠤᠨ ᠭᠠᠷ ᠲᠤᠨᠢ ᠬᠦᠷᠭᠡᠬᠦ ᠠᠵᠢᠯ ᠢ ᠴᠦᠮ ᠪᠡᠶ᠎ᠠ ᠪᠠᠨ ᠲᠠᠭᠠᠭᠠᠵᠦ ᠬᠢᠳᠡᠭ ᠪᠤᠯᠬᠤᠷ ᠡᠳᠤᠷ ᠪᠦᠷᠢ ᠪᠠᠷᠤᠭ ᠦᠤᠷ ᠤᠨ 5 ᠴᠠᠭ ᠠᠴᠠ ᠰᠦᠨᠢ ᠲᠦᠯᠢ ᠪᠤᠯᠳᠠᠯ᠎ᠠ ᠠᠮᠠᠷᠠᠵᠦ ᠰᠠᠭᠤᠬᠤ ᠵᠡᠪ ᠦᠭᠡᠢ ᠠᠵᠢᠯᠯᠠᠳᠠᠭ᠃ ᠨᠡᠩ ᠢᠯᠠᠩᠭᠤᠶ᠎ᠠ ᠲᠡᠷᠭᠡ ᠪᠠᠨ ᠵᠢᠯᠤᠭᠤᠳᠤᠭᠠᠳ ᠡᠯ᠎ᠠ ᠭᠠᠵᠠᠷ ᠢᠶᠠᠷ ᠠᠶᠢᠷᠠᠭ ᠬᠦᠷᠭᠡᠬᠦ ᠴᠤ ᠭᠡᠴᠡᠭᠦᠦ ᠠᠵᠦ ᠰᠢᠦ᠂ ᠪᠢ ᠵᠠᠷᠢᠮ ᠳᠠᠭᠠᠨ ᠪᠤᠰᠤᠳ ᠲᠤ ︿ᠪᠢ ᠴᠢᠨᠢ ᠡᠳᠤᠷ ᠲᠡᠭᠡᠨ ᠲᠡᠷᠭᠡᠨ ᠠᠴᠠ ᠪᠠᠨ ᠪᠠᠭᠤᠪᠠᠯ ᠤᠷᠤᠨ ᠳᠠᠭᠠᠨ ᠤᠷᠤᠳᠠᠭ ᠬᠦᠮᠦᠨ ᠰᠢᠦ﹀ ᠭᠡᠵᠦ ᠨᠠᠭᠠᠳᠤᠮ ᠬᠢᠳᠡᠭ ᠪᠤᠯᠪᠠᠴᠤ ᠦᠨᠡᠨ ᠳᠡᠭᠡᠨ ᠮᠢᠨᠦ ᠠᠮᠢᠳᠤᠷᠠᠯ ᠤᠨ ᠪᠤᠲᠠᠳᠤ ᠲᠤᠰᠬᠠᠯ ᠪᠤᠯᠤᠨ᠎ᠠ︾ ᠭᠡᠮᠡᠨ ᠰᠡᠳᠭᠢᠯ ᠤᠨ ᠦᠭᠡ ᠪᠠᠨ ᠲᠡᠯᠭᠡᠨ᠎ᠠ᠃         ᠬᠦᠳᠡᠭᠡ ᠨᠤᠳᠤᠭ ᠢᠶᠠᠨ ᠴᠤᠭᠴᠠᠯᠠᠬᠤ ᠦᠪᠡᠷ ᠤᠨ ᠪᠠᠷᠢᠮᠳᠠᠯᠠᠯ    ᠲᠠᠩᠰᠠ ᠪᠤᠳᠤᠵᠦ ᠮᠠᠯ ᠠᠬᠤᠢ ᠪᠠᠨ ᠡᠷᠬᠢᠯᠡᠬᠦ ᠪᠤᠯ ᠮᠠᠯ ᠠᠵᠦ ᠠᠬᠤᠢ ᠶᠢᠨ ᠤᠳᠤᠬᠢᠴᠢᠯᠠᠯᠲᠠ ᠶᠢ ᠪᠡᠶᠡᠯᠡᠭᠦᠯᠬᠦ ᠶᠠᠪᠤᠴᠠ ᠳᠠᠬᠢ ᠴᠢᠬᠤᠯᠠ ᠠᠯᠬᠤᠮ ᠪᠠᠶᠢᠬᠤ ᠤᠴᠢᠷᠲᠠᠢ᠃ ᠴᠤᠭᠵᠢᠯᠳᠤ ᠪᠤᠯ ᠶᠠᠭ ᠤᠷᠤᠯᠭ᠎ᠠ ᠵᠠᠷᠤᠯᠭ᠎ᠠ ᠳᠠᠭᠠᠨ ᠨᠠᠷᠢᠨ ᠲᠤᠭᠠᠴᠠᠭ᠎ᠠ ᠬᠢᠵᠦ᠂ ᠴᠠᠭ ᠵᠢᠯ ᠤᠨ ᠪᠠᠶᠢᠳᠠᠯ ᠬᠢᠭᠡᠳ ᠵᠠᠬ᠎ᠠ ᠲᠡᠯᠭᠡᠭᠦᠷ ᠤᠨ ᠬᠡᠷᠡᠭᠴᠡᠭᠡ ᠱᠠᠭᠠᠷᠳᠠᠯᠭ᠎ᠠ ᠶᠢ ᠦᠵᠡᠵᠦ ᠪᠠᠶᠢᠭᠠᠳ ᠮᠠᠯ ᠰᠦᠷᠦᠭ ᠤᠨ ᠪᠦᠳᠦᠴᠡ ᠳᠡᠭᠡᠨ ᠲᠤᠬᠢᠷᠠᠭᠤᠯᠤᠯᠲᠠ ᠬᠢᠬᠦ ᠶᠢ ᠪᠠᠷᠢᠮᠳᠠᠯᠠᠳᠠᠭ ᠬᠦᠮᠦᠨ ᠪᠠᠶᠢᠯ᠎ᠠ᠃ ᠡᠶᠢᠮᠦ ᠪᠤᠯᠬᠤᠷ ᠬᠤᠵᠢᠮ ᠡᠳᠡᠨ ᠤ ᠬᠢᠨ ᠴᠤ ᠮᠠᠯ ᠤᠨ ᠲᠤᠭ᠎ᠠ ᠲᠤᠯᠤᠭᠠᠢ ᠶᠢ ᠰᠤᠬᠤᠷ ᠪᠠᠯᠡᠢ ᠪᠠᠷ ᠬᠦᠭᠡᠭᠡᠴᠡᠯᠳᠦᠬᠦ ᠦᠭᠡᠢ᠂ ᠴᠢᠨᠠᠷ ᠢ ᠬᠦᠭᠡᠭᠡᠴᠡᠯᠳᠦᠬᠦ ᠵᠠᠮ ᠢᠶᠠᠷ ᠶᠠᠪᠤᠬᠤ ᠰᠠᠨᠠᠭᠠᠲᠠᠢ ᠪᠠᠶᠢᠯ᠎ᠠ᠃     ᠴᠤᠭᠵᠢᠯᠳᠤ ᠨᠤᠳᠤᠭ ᠪᠡᠯᠴᠢᠭᠡᠷ ᠢᠶᠠᠨ ᠪᠤᠰᠤᠳ ᠲᠤ ᠬᠤᠳᠠᠯᠳᠤᠬᠤ ᠪᠤᠶᠤ ᠨᠤᠳᠤᠭ ᠪᠡᠯᠴᠢᠭᠡᠷ ᠲᠡᠭᠡᠷᠡᠬᠢ ᠶᠠᠮᠠᠷ ᠨᠢᠭᠡᠨ ᠡᠬᠢ ᠪᠠᠶᠠᠯᠢᠭ ᠢ ᠲᠦᠰᠢᠭᠯᠡᠵᠦ ᠨᠢᠭᠡ ᠯᠠ ᠲᠡᠭᠡᠷ᠎ᠠ ᠪᠠᠶᠠᠵᠢᠬᠤ ᠶᠠᠪᠤᠳᠠᠯ ᠢ ᠶᠡᠷᠦ ᠠᠴᠠ ᠲᠡᠮᠵᠢᠳᠡᠭ ᠦᠭᠡᠢ᠃ ᠲᠡᠷᠡ᠄ ︽ᠵᠠᠷᠢᠮ ᠮᠠᠯᠴᠢᠳ ᠨᠤᠳᠤᠭ ᠪᠡᠯᠴᠢᠭᠡᠷ ᠲᠡᠭᠡᠷ᠎ᠠ ᠨᠢ ᠪᠠᠶᠢᠭᠠᠯᠢ ᠶᠢᠨ ᠰᠢᠲᠠᠮᠠᠬᠠᠢ ᠬᠡᠢ ᠶᠢᠨ ᠬᠤᠳᠳᠤᠭ ᠭᠠᠷᠴᠤ ᠢᠷᠡᠬᠦ ᠶᠢ ᠬᠦᠰᠡᠳᠡᠭ᠃ ᠮᠢᠨᠦ ᠦᠵᠡᠬᠦ ᠪᠠᠷ ᠠᠯᠢᠪᠠ ᠨᠤᠳᠤᠭ ᠪᠡᠯᠴᠢᠭᠡᠷ ᠢᠶᠠᠷ ᠦᠷᠡᠭᠳᠡᠯ ᠭᠠᠷᠭᠠᠬᠤ ᠤᠴᠢᠷ ᠢ ᠲᠠᠪᠴᠢᠬᠦ ᠬᠡᠷᠡᠭᠲᠠᠢ᠃ ᠡᠳᠡᠭᠡᠷ ᠤᠴᠢᠷ ᠤᠨ ᠴᠠᠭᠠᠨᠠᠬᠢ ᠤᠬᠠᠭᠠᠨ ᠢ ᠡᠷᠬᠡᠪᠰᠢ ᠰᠠᠶᠢᠳᠤᠷ ᠪᠤᠳᠤᠯᠬᠢᠯᠠᠬᠤ ᠴᠢᠬᠤᠯᠠᠲᠠᠢ᠂ ᠨᠢᠭᠡ ᠯᠠ ᠲᠡᠭᠡᠷ᠎ᠠ ᠪᠠᠶᠠᠵᠢᠭᠰᠠᠨ ᠴᠤ ᠬᠤᠵᠢᠮ ᠤᠨ ᠬᠤᠵᠢᠮ ᠳᠠᠭᠠᠨ ᠶᠠᠮᠠᠷ ᠪᠤᠯᠬᠤ ᠶᠢ ᠬᠡᠨ ᠮᠡᠳᠡᠬᠦ ᠪᠢᠯᠡ᠃ ᠠᠮᠢ ᠠᠬᠤᠢ ᠪᠠᠨ ᠬᠤᠬᠢᠷᠠᠭᠤᠯᠵᠦ᠂ ᠨᠤᠳᠤᠭ ᠪᠡᠯᠴᠢᠭᠡᠷ ᠢᠶᠠᠨ ᠡᠪᠳᠡᠴᠢᠬᠡᠪᠡᠯ ᠬᠡᠮᠰᠢᠪᠡᠴᠤ ᠤᠷᠦ᠋ᠢᠳᠠᠨ᠎ᠠ ᠰᠢᠦ᠂ ᠮᠤᠩᠭᠤᠯᠴᠤᠳ ᠮᠠᠨᠢ ᠬᠤᠯᠠ ᠶᠢᠨ ᠬᠠᠷᠠᠴᠠ ᠲᠠᠢ ᠪᠠᠶᠢᠬᠤ ᠬᠡᠷᠡᠭᠲᠠᠢ︾ ᠭᠡᠮᠡᠨ ᠰᠡᠨᠠᠭᠠᠰᠢᠷᠠᠵᠦ ᠪᠠᠶᠢᠯ᠎ᠠ᠃    ᠴᠤᠭᠵᠢᠯᠳᠤ ᠬᠤᠶᠢᠰᠢᠳᠠ ᠴᠠᠭᠠᠨ ᠢᠳᠡᠭᠡᠨ ᠤ ᠦᠢᠯᠡᠳᠭᠡᠯ ᠤᠨ ᠭᠠᠵᠠᠷ ᠤᠨ ᠢᠶᠠᠨ ᠡᠵᠡᠩᠨᠡᠬᠦ ᠬᠦᠷᠢᠶ᠎ᠠ ᠬᠡᠪᠴᠢᠶ᠎ᠠ ᠪᠠᠨ ᠦᠷᠭᠡᠳᠭᠡᠵᠦ᠂ ᠤᠯᠠᠮᠵᠢᠯᠠᠯᠳᠤ ᠠᠷᠭ᠎ᠠ ᠪᠠᠷ ᠬᠢᠭᠰᠡᠨ ᠰᠢᠯᠢᠳᠡᠭ ᠴᠠᠭᠠᠨ ᠢᠳᠡᠭᠡᠨ ᠬᠢᠬᠦ ᠶᠢ ᠪᠠᠷᠢᠮᠳᠠᠯᠠᠬᠤ ᠪᠠᠷ ᠲᠠᠮᠵᠢᠨ ᠨᠡᠩ ᠶᠡᠭᠡ ᠵᠠᠬ᠎ᠠ ᠲᠡᠯᠭᠡᠭᠦᠷ ᠢ ᠨᠡᠭᠡᠭᠡᠬᠦ ᠪᠠᠷ ᠴᠢᠷᠮᠠᠶᠢᠵᠦ ᠶᠠᠪᠤᠨ᠎ᠠ᠃ ᠡᠭᠦᠨ ᠤ ᠬᠠᠮᠳᠤ ᠲᠡᠷᠡ ᠪᠠᠰᠠ ᠴᠠᠭᠠᠨ ᠢᠳᠡᠭᠡᠨ ᠡᠳ᠋ᠰᠢᠭᠦᠯᠵᠦ ᠪᠤᠯᠪᠠᠰᠤᠷᠠᠭᠤᠯᠬᠤ ᠶᠠᠪᠤᠴᠠ ᠲᠤᠮᠳᠠ ᠰᠢᠷᠠᠰᠤ ᠶᠡᠭᠡ ᠪᠠᠷ ᠭᠡᠭᠡᠭᠳᠡᠵᠦ ᠪᠠᠶᠢᠬᠤ ᠶᠢ ᠬᠠᠷᠠᠭᠠᠳ ᠭᠡᠷ ᠤᠨ ᠬᠦᠮᠦᠰ ᠬᠢᠭᠡᠳ ᠬᠦᠯᠦᠰᠤᠨ ᠠᠵᠢᠯᠴᠢᠨ ᠢᠶᠠᠨ ᠲᠤᠰᠬᠠᠢ ᠰᠢᠷᠠᠰᠤ ᠪᠠᠷ ᠰᠢᠬᠢᠷ ᠬᠢᠬᠦ ᠪᠤᠶᠤ ᠰᠢᠷ᠎ᠠ ᠲᠤᠰᠤ ᠪᠠᠷ ᠤᠷᠤᠭᠤᠯ ᠤᠨ ᠪᠤᠳᠤᠭ᠂ ᠰᠦ ᠪᠠᠷ ᠰᠠᠪᠤᠩ ᠬᠢᠬᠦ ᠵᠡᠷᠭᠡ ᠪᠤᠯᠪᠠᠰᠤᠷᠠᠯ ᠳᠤ ᠤᠷᠤᠯᠴᠠᠭᠤᠯᠵᠦ᠂ ᠴᠡᠪᠡᠷ ᠪᠠᠶᠢᠭᠠᠯᠢᠯᠢᠭ ᠴᠠᠭᠠᠨ ᠢᠳᠡᠭᠡᠨ ᠢᠶᠠᠨ ᠨᠡᠩ ᠤᠯᠠᠨ ᠴᠢᠨᠠᠷᠯᠢᠭ ᠪᠥᠳᠤᠭᠡᠭᠳᠡᠭᠦᠨ ᠪᠤᠯᠭᠠᠨ ᠤᠯᠠᠷᠢᠭᠤᠯᠤᠨ ᠪᠤᠯᠪᠠᠰᠤᠷᠠᠭᠤᠯᠵᠦ᠂ ᠦᠪᠡᠷ ᠤᠨ ᠢᠶᠠᠨ ᠲᠦᠷᠦᠯ ᠲᠡᠮᠳᠡᠭᠳᠦ ᠪᠠᠨ ᠡᠭᠦᠳᠭᠦ ᠪᠠᠷ ᠴᠤᠴᠠᠯᠲᠠ ᠦᠭᠡᠢ ᠴᠢᠷᠮᠠᠶᠢᠭᠰᠠᠭᠠᠷ ᠁
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号