ᠨᠠᠮ ᠤᠨ ᠲᠥᠪ ᠬᠤᠷᠢᠶ᠎ᠠ ᠲᠥᠷᠥ ᠶᠢᠨ ᠶᠠᠪᠤᠳᠠᠯ ᠤᠨ ᠬᠤᠷᠢᠶ᠎ᠠ ᠲᠥᠪ ᠤᠨ ᠴᠡᠷᠢᠭ ᠤᠨ ᠶᠠᠪᠤᠳᠠᠯ ᠤᠨ ᠬᠤᠷᠢᠶ᠎ᠠ ᠶᠠᠷᠢᠯᠴᠠᠬᠤ ᠬᠤᠷᠠᠯ ᠬᠤᠷᠠᠯᠳᠤᠭᠤᠯᠵᠤ ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠳᠠᠶᠢᠨ ᠵᠢᠴᠢ ᠳᠡᠯᠡᠬᠡᠶ ᠶᠢᠨ ᠹᠠᠱᠢᠰ ᠢ ᠡᠰᠡᠷᠭᠦᠴᠡᠬᠦ ᠳᠠᠶᠢᠨ ᠤ ᠢᠯᠠᠯᠲᠠ ᠣᠯᠤᠭᠰᠠᠨ 75 ᠵᠢᠯ ᠤᠨ ᠤᠢ ᠶᠢ ᠳᠤᠷᠠᠰᠬᠠᠪᠠ ᠰᠢ ᠶᠢᠨ ᠫᠢᠩ ᠴᠢᠬᠤᠯᠠ ᠶᠠᠷᠢᠶ᠎ᠠ ᠲᠠᠯᠪᠢᠵᠤ ᠴᠢᠬᠤᠯᠠᠴᠢᠯᠠᠭᠰᠠᠨ ᠨᠢ ᠰᠢᠨ᠎ᠡ ᠴᠠᠭ ᠦᠶ᠎ᠡ ᠳᠤ ᠶᠠᠫᠣᠨ ᠢ ᠡᠰᠡᠷᠭᠦᠴᠡᠬᠦ ᠳᠠᠶᠢᠨ ᠤ ᠠᠭᠤᠤ ᠶᠡᠭᠡ ᠵᠣᠷᠢᠭ ᠰᠠᠨᠠᠭ᠎ᠠ ᠶᠢ ᠵᠠᠯᠭᠠᠮᠵᠢᠯᠠᠨ ᠪᠠᠳᠠᠷᠠᠭᠤᠯᠵᠤ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠡᠶᠡᠯᠡᠭᠦᠯᠬᠦ ᠶᠢᠨ ᠲᠥᠯᠥᠭᠡ ᠲᠡᠮᠡᠴᠡᠬᠦ ᠬᠡᠷᠡᠭᠳᠠᠢ
ᠨᠡᠶᠢᠲᠡᠯᠡᠭᠰᠡᠨ ᠴᠠᠭ᠄
2020/9/4
   ᠯᠢ ᠺᠧ ᠴᠢᠶᠠᠩ  ᠯᠢ ᠵᠠᠨ ᠱᠦ  ᠸᠠᠩ ᠶᠠᠩ ᠣᠷᠣᠯᠴᠠᠵᠤ ᠸᠠᠩ ᠬᠤ᠋ ᠨᠢᠩ ᠬᠤᠷᠠᠯ ᠢ ᠡᠷᠬᠢᠯᠡᠪᠡ    ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶ᠎ᠠ 3 ᠤ ᠦᠳᠡ ᠶᠢᠨ ᠬᠤᠶᠢᠨ᠎ᠠ ᠠᠷᠠᠳ ᠤᠨ ᠶᠡᠭᠡ ᠬᠤᠷᠠᠯ ᠤᠨ ᠲᠠᠩᠬᠢᠮ ᠳᠤ ᠶᠠᠷᠢᠯᠴᠠᠬᠤ ᠬᠤᠷᠠᠯ ᠬᠤᠷᠠᠯᠳᠤᠭᠤᠯᠵᠤ᠂ ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠳᠠᠶᠢᠨ ᠵᠢᠴᠢ ᠳᠡᠯᠡᠬᠡᠶ ᠶᠢᠨ ᠹᠠᠱᠢᠰ ᠢ ᠡᠰᠡᠷᠭᠦᠴᠡᠬᠦ ᠳᠠᠶᠢᠨ ᠤ ᠢᠯᠠᠯᠲᠠ ᠣᠯᠤᠭᠰᠠᠨ 75 ᠵᠢᠯ ᠤᠨ ᠤᠢ ᠶᠢ ᠳᠤᠷᠠᠰᠬᠠᠪᠠ᠃ ᠨᠠᠮ ᠤᠨ ᠲᠥᠪ ᠬᠤᠷᠢᠶᠠᠨ ᠤ ᠶᠡᠷᠦᠩᠬᠡᠶ ᠱᠦᠵᠢ᠂ ᠤᠯᠤᠰ ᠤᠨ ᠲᠡᠷᠢᠭᠦᠯᠡᠭᠴᠢ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠲᠡᠷᠢᠭᠦᠯᠡᠭᠴᠢ ᠰᠢ ᠶᠢᠨ ᠫᠢᠩ ᠴᠢᠬᠤᠯᠠ ᠶᠠᠷᠢᠶ᠎ᠠ ᠲᠠᠯᠪᠢᠵᠤ᠂ ᠳᠤᠮᠳᠠᠳᠤ ᠤᠯᠤᠰ ᠤᠨ ᠠᠷᠠᠳ ᠲᠦᠮᠡᠨ ᠶᠠᠫᠣᠨ ᠢ ᠡᠰᠡᠷᠭᠦᠴᠡᠬᠦ ᠳᠠᠶᠢᠨ ᠤ ᠰᠦᠷ ᠳᠠᠯᠠᠶᠢᠴᠠᠲᠠᠶ ᠠᠬᠢᠴᠠ ᠳᠤᠮᠳᠠ ᠶᠠᠫᠣᠨ ᠢ ᠡᠰᠡᠷᠭᠦᠴᠡᠬᠦ ᠳᠠᠶᠢᠨ ᠤ ᠠᠭᠤᠤ ᠶᠡᠭᠡ ᠵᠣᠷᠢᠭ ᠰᠠᠨᠠᠭ᠎ᠠ ᠶᠢ ᠪᠤᠢ ᠪᠣᠯᠭᠠᠵᠤ᠂ ᠤᠯᠤᠰ ᠦᠨᠳᠦᠰᠦᠳᠡᠨ ᠤ ᠮᠠᠨᠳᠤᠯ ᠮᠥᠬᠦᠯ ᠳᠤ ᠬᠥᠮᠦᠨ ᠪᠦᠬᠦᠨ ᠬᠠᠷᠢᠭᠤᠴᠠᠯᠭ᠎ᠠ ᠲᠠᠢ ᠭᠡᠬᠦ ᠤᠯᠤᠰ ᠢᠶᠠᠨ ᠬᠠᠶᠢᠷᠠᠯᠠᠬᠤ ᠰᠡᠳᠬᠢᠯᠭᠡ᠂ ᠦᠬᠦᠬᠦ ᠶᠢ ᠤᠨᠲᠠᠬᠤ ᠶᠢᠨ ᠲᠡᠳᠦᠢ ᠦᠵᠡᠵᠤ ᠦᠬᠦᠬᠦ ᠠᠴᠠ ᠪᠢᠰᠢ ᠨᠤᠭᠤᠷᠠᠬᠤ ᠦᠭᠡᠢ ᠦᠨᠳᠦᠰᠦᠲᠡᠨ ᠤ ᠤᠮᠤᠭ ᠵᠣᠷᠢᠭ᠂ ᠬᠦᠴᠦᠷᠬᠡᠭᠯᠡᠯ ᠰᠦᠷᠲᠡᠭᠦᠯᠦᠯ ᠠᠴᠠ ᠠᠶᠤᠬᠤ ᠦᠭᠡᠢ ᠡᠴᠦᠰ ᠲᠤᠨᠢ ᠲᠤᠯᠲᠠᠯ᠎ᠠ ᠴᠢᠰᠤᠨ ᠪᠠᠶᠢᠯᠳᠤᠭᠠᠨ ᠬᠢᠬᠦ ᠪᠠᠭᠠᠲᠤᠷ ᠵᠣᠷᠢᠭ᠂ ᠨᠤᠭᠤᠷᠠᠯ ᠴᠦᠬᠦᠷᠡᠯ ᠦᠭᠡᠢ᠂ ᠬᠠᠲᠠᠨ ᠪᠠᠲᠦ᠂ ᠵᠠᠪᠠᠯ ᠢᠯᠠᠬᠤ ᠢᠲᠡᠭᠡᠯ ᠵᠣᠷᠢᠭ ᠢ ᠳᠡᠯᠡᠬᠡᠶ ᠳ᠋ᠠᠬᠢᠨ ᠳᠤ ᠬᠠᠷᠠᠭᠤᠯᠵᠠᠢ᠃ ᠶᠠᠫᠣᠨ ᠢ ᠡᠰᠡᠷᠭᠦᠴᠡᠬᠦ ᠠᠭᠤᠤ ᠶᠡᠭᠡ ᠲᠠᠶᠢᠨ ᠤ ᠵᠣᠷᠢᠭ ᠰᠠᠨᠠᠭ᠎ᠠ ᠪᠣᠯ ᠳᠤᠮᠳᠠᠳᠤ ᠤᠯᠤᠰ ᠤᠨ ᠠᠷᠠᠳ ᠲᠦᠮᠡᠨ ᠤ ᠡᠷᠬᠢᠮ ᠨᠠᠨᠳᠢᠨ ᠤᠶᠤᠨ ᠰᠠᠨᠠᠭᠠᠨ ᠤ ᠥᠪ ᠬᠦᠷᠦᠩᠭᠡ ᠮᠥᠨ᠂ ᠳᠤᠮᠳᠠᠳᠤ ᠤᠯᠤᠰ ᠤᠨ ᠠᠷᠠᠳ ᠲᠦᠮᠡᠨ ᠤ ᠠᠯᠢᠪᠠ ᠬᠦᠴᠢᠷ ᠪᠡᠷᠬᠡᠰᠢᠶᠡᠯ ᠬᠠᠷᠰᠢ ᠰᠠᠭᠠᠳ ᠢ ᠢᠯᠠᠨ ᠳᠠᠪᠠᠵᠤ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠡᠶᠡᠯᠡᠭᠦᠯᠬᠦ ᠶᠢᠨ ᠲᠥᠯᠥᠭᠡ ᠲᠡᠮᠡᠴᠡᠬᠦ ᠶᠢ ᠬᠡᠵᠢᠶ᠎ᠡ ᠡᠭᠦᠷᠢᠲᠡ ᠵᠣᠷᠢᠭᠵᠢᠭᠤᠯᠬᠤ ᠪᠣᠯᠤᠨ᠎ᠠ ᠭᠡᠵᠤ ᠴᠢᠬᠤᠯᠠᠴᠢᠯᠠᠵᠠᠢ᠃  
   9 ᠰᠠᠷ᠎ᠠ ᠶᠢᠨ 3 ᠤ ᠦᠳᠡ ᠶᠢᠨ ᠬᠤᠶᠢᠨ᠎ᠠ᠂ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶ᠎ᠠ ᠠᠷᠠᠳ ᠤᠨ ᠶᠡᠭᠡ ᠬᠤᠷᠠᠯ ᠤᠨ ᠲᠠᠩᠬᠢᠮ ᠳᠤ ᠶᠠᠷᠢᠯᠴᠠᠬᠤ ᠬᠤᠷᠠᠯ ᠬᠤᠷᠠᠯᠳᠤᠭᠤᠯᠵᠤ᠂ ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠳᠠᠶᠢᠨ ᠵᠢᠴᠢ ᠳᠡᠯᠡᠬᠡᠶ ᠶᠢᠨ ᠹᠠᠱᠢᠰ ᠢ ᠡᠰᠡᠷᠭᠦᠴᠡᠬᠦ ᠳᠠᠶᠢᠨ ᠤ ᠢᠯᠠᠯᠲᠠ ᠣᠯᠤᠭᠰᠠᠨ 75 ᠵᠢᠯ ᠤᠨ ᠤᠢ ᠶᠢ ᠳᠤᠷᠠᠰᠬᠠᠪᠠ᠃ ᠨᠠᠮ ᠤᠨ ᠲᠥᠪ ᠬᠤᠷᠢᠶᠠᠨ ᠤ ᠶᠡᠷᠦᠩᠬᠡᠶ ᠱᠦᠵᠢ᠂ ᠤᠯᠤᠰ ᠤᠨ ᠲᠡᠷᠢᠭᠦᠯᠡᠭᠴᠢ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠲᠡᠷᠢᠭᠦᠯᠡᠭᠴᠢ ᠰᠢ ᠶᠢᠨ ᠫᠢᠩ ᠶᠠᠷᠢᠯᠴᠠᠬᠤ ᠬᠤᠷᠠᠯ ᠳᠤ ᠤᠷᠤᠯᠴᠠᠵᠤ ᠴᠢᠬᠤᠯᠠ ᠶᠠᠷᠢᠶ᠎ᠠ ᠲᠠᠯᠪᠢᠪᠠ᠃    ᠰᠢᠨᠬᠤᠸᠠ ᠬᠤᠷᠢᠶᠠᠨ ᠤ ᠰᠤᠷᠪᠤᠯᠵᠢᠯᠠᠭᠴᠢ ᠫᠠᠩ ᠰᠢᠩ ᠯᠸᠢ ᠰᠡᠭᠦᠳᠡᠷᠯᠡᠪᠡ    ᠨᠠᠮ ᠤᠨ ᠲᠥᠪ ᠬᠤᠷᠢᠶᠠᠨ ᠤ ᠤᠯᠤᠰ ᠲᠦᠷᠦ ᠶᠢᠨ ᠲᠣᠪᠴᠢᠶᠠᠨ ᠤ ᠪᠠᠶᠢᠩᠭᠤ ᠶᠢᠨ ᠭᠡᠰᠢᠭᠦᠨ ᠯᠢ ᠺᠧ ᠴᠢᠶᠠᠩ᠂ ᠯᠢ ᠵᠠᠨ ᠱᠦ᠂ ᠸᠠᠩ ᠶᠠᠩ ᠶᠠᠷᠢᠯᠴᠠᠬᠤ ᠬᠤᠷᠠᠯ ᠳᠤ ᠣᠷᠣᠯᠴᠠᠵᠤ᠂ ᠨᠠᠮ ᠤᠨ ᠲᠥᠪ ᠬᠤᠷᠢᠶᠠᠨ ᠤ ᠤᠯᠤᠰ ᠲᠦᠷᠦ ᠶᠢᠨ ᠲᠣᠪᠴᠢᠶᠠᠨ ᠤ ᠪᠠᠶᠢᠩᠭᠤ ᠶᠢᠨ ᠭᠡᠰᠢᠭᠦᠨ ᠸᠠᠩ ᠬᠤ᠋ ᠨᠢᠩ ᠶᠠᠷᠢᠯᠴᠠᠬᠤ ᠬᠤᠷᠠᠯ ᠢ ᠡᠷᠬᠢᠯᠡᠪᠡ᠃    ᠰᠢ ᠶᠢᠨ ᠫᠢᠩ ᠶᠠᠷᠢᠶᠠᠨ ᠳᠠᠭᠠᠨ᠂ ᠡᠨᠡ ᠡᠳᠦᠷ ᠪᠢᠳᠡ ᠠᠳᠡ ᠦᠪᠡᠳᠡᠭᠰᠢ ᠶᠡᠭᠡ ᠪᠠᠷ ᠴᠤᠭᠯᠠᠭᠠᠨ ᠪᠤᠯᠵᠤ᠂ ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠳᠠᠶᠢᠨ ᠵᠢᠴᠢ ᠳᠡᠯᠡᠬᠡᠶ ᠶᠢᠨ ᠹᠠᠱᠢᠰ ᠢ ᠡᠰᠡᠷᠭᠦᠴᠡᠬᠦ ᠳᠠᠶᠢᠨ ᠤ ᠢᠯᠠᠯᠲᠠ ᠣᠯᠤᠭᠰᠠᠨ 75 ᠵᠢᠯ ᠤᠨ ᠤᠢ ᠶᠢ ᠳᠤᠷᠠᠰᠬᠠᠵᠤ ᠪᠠᠶᠢᠨ᠎ᠠ᠃ 75 ᠵᠢᠯ ᠤᠨ ᠡᠮᠦᠨᠡᠬᠢ ᠡᠨᠡ ᠡᠳᠦᠷ᠂ ᠳᠤᠮᠳᠠᠳᠤ ᠤᠯᠤᠰ ᠤᠨ ᠠᠷᠠᠳ ᠲᠦᠮᠡᠨ ᠳᠡᠯᠡᠬᠡᠶ ᠶᠢᠨ ᠠᠷᠠᠳ ᠲᠦᠮᠡᠨ ᠲᠠᠢ ᠬᠠᠮᠲᠤ ᠪᠠᠷ ᠡᠷᠡᠰ ᠬᠠᠲᠠᠭᠤ ᠵᠣᠷᠢᠭ ᠪᠠ ᠡᠷᠡᠯᠬᠡᠭ ᠪᠠᠭᠠᠲᠤᠷᠯᠢᠭ ᠲᠡᠮᠡᠴᠡᠯ ᠢᠶᠠᠷ ᠹᠠᠱᠢᠰ ᠤᠨ ᠦᠵᠡᠯ ᠢ ᠲᠦᠢᠯᠪᠤᠷᠢᠲᠠᠶ ᠢᠯᠠᠵᠤ᠂ ᠰᠢᠳᠤᠷᠭᠤ ᠶᠣᠰᠣ ᠨᠢ ᠬᠠᠷᠭᠢᠰ ᠬᠡᠷᠴᠡᠭᠡᠶ ᠶᠢ ᠢᠯᠠᠬᠤ᠂ ᠭᠡᠭᠡᠨ ᠰᠠᠷᠠᠭᠤᠯ ᠨᠢ ᠬᠠᠷᠠᠩᠭᠤᠶ ᠪᠤᠲᠤᠩᠭᠤᠢ ᠶᠢ ᠢᠯᠠᠬᠤ᠂ ᠳᠠᠪᠰᠢᠯᠳᠠ ᠨᠢ ᠲᠡᠷᠰᠯᠡᠭᠦᠤ ᠶᠢ ᠢᠯᠠᠬᠤ ᠠᠭᠤᠤ ᠶᠡᠭᠡ ᠢᠯᠠᠯᠲᠠ ᠶᠢ ᠤᠯᠵᠠᠢ᠃ 75 ᠵᠢᠯ ᠤᠨ ᠡᠮᠦᠨᠡᠬᠢ ᠡᠨᠡ ᠡᠳᠦᠷ ᠂ ᠳᠤᠮᠳᠠᠳᠤ ᠤᠯᠤᠰ ᠤᠨ ᠠᠷᠠᠳ ᠲᠦᠮᠡᠨ 14 ᠵᠢᠯ ᠤᠨ ᠨᠤᠭᠤᠷᠠᠰᠢ ᠦᠭᠡᠢ ᠲᠡᠮᠡᠴᠡᠬᠦ ᠴᠢᠰᠤᠨ ᠪᠠᠶᠢᠯᠳᠤᠭᠠᠨ ᠢᠶᠠᠷ ᠳᠠᠮᠵᠢᠨ ᠲᠦᠢᠯ ᠤᠨ ᠬᠠᠷᠭᠢᠰ ᠬᠡᠷᠴᠡᠭᠡᠶ ᠶᠠᠫᠣᠨ ᠤ ᠴᠡᠷᠢᠭᠯᠡᠬᠦ ᠦᠵᠡᠯ ᠤᠨ ᠲᠦᠷᠢᠮᠡᠬᠡᠶᠢᠯᠡᠭᠴᠢᠳ ᠢ ᠢᠯᠠᠵᠤ᠂ ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠳᠠᠶᠢᠨ ᠤ ᠠᠭᠤᠤ ᠶᠡᠭᠡ ᠢᠯᠠᠯᠲᠠ ᠶᠢ ᠤᠯᠪᠠ᠃ ᠡᠨᠡ ᠪᠣᠯ ᠣᠶᠢᠷ᠎ᠠ ᠦᠶ᠎ᠡ ᠠᠴᠠ ᠨᠠᠭᠠᠰᠢᠬᠢ ᠳᠤᠮᠳᠠᠳᠤ ᠤᠯᠤᠰ ᠤᠨ ᠠᠷᠠᠳ ᠲᠦᠮᠡᠨ ᠤ ᠭᠠᠳᠠᠭᠠᠳᠤ ᠶᠢᠨ ᠳᠠᠶᠢᠰᠤᠨ ᠤ ᠲᠦᠷᠢᠮᠡᠬᠡᠶᠢᠯᠡᠯ ᠢ ᠡᠰᠡᠷᠭᠦᠴᠡᠭᠰᠡᠨ ᠴᠠᠭ ᠢᠶᠠᠷ ᠬᠠᠮᠤᠭ ᠤᠨ ᠤᠷᠲᠤ᠂ ᠬᠡᠪᠴᠢᠶ᠎ᠡ ᠪᠠᠷ ᠬᠠᠮᠤᠭ ᠤᠨ ᠶᠡᠭᠡ ᠂ ᠦᠷᠡᠭᠳᠡᠯ ᠢᠶᠠᠷ ᠬᠠᠮᠤᠭ ᠤᠨ ᠶᠡᠭᠡ ᠪᠠᠶᠢᠲᠠᠭ ᠦᠨᠳᠦᠰᠦᠲᠡᠨ ᠤ ᠴᠢᠯᠥᠭᠡᠯᠡᠯᠲᠡ ᠶᠢᠨ ᠲᠡᠮᠡᠴᠡᠯ ᠪᠣᠯᠤᠨ᠎ᠠ᠂ ᠮᠥᠨ ᠴᠦ ᠦᠨᠳᠦᠰᠦᠲᠡᠨ ᠤ ᠴᠢᠯᠥᠭᠡᠯᠡᠯᠲᠡ ᠶᠢᠨ ᠠᠩᠬᠠᠳᠠᠭᠴᠢ ᠪᠦᠷᠢᠨ ᠢᠯᠠᠯᠲᠠ ᠶᠢ ᠣᠯᠤᠭᠰᠠᠨ ᠲᠡᠮᠡᠴᠡᠯ ᠮᠥᠨ᠃ ᠡᠨᠡ ᠬᠦ ᠠᠭᠤᠤ ᠶᠡᠭᠡ ᠢᠯᠠᠯᠲᠠ ᠨᠢ ᠳᠤᠮᠳᠠᠳᠤ ᠶᠢᠨ ᠦᠨᠳᠦᠰᠦᠲᠡᠨ ᠤ ᠤᠢᠢᠷ᠎ᠠ ᠦᠶ᠎ᠡ ᠠᠴᠠ ᠨᠠᠭᠠᠰᠢ ᠬᠦᠨᠳᠦ ᠬᠡᠴᠡᠭᠦᠤ ᠬᠢᠮᠤᠷᠠᠯ ᠲᠤᠮᠲᠠ ᠠᠴᠠ ᠠᠭᠤᠤ ᠶᠡᠭᠡ ᠰᠡᠷᠭᠦᠨ ᠮᠠᠨᠳᠤᠯᠲᠠ ᠲᠡᠶᠢᠰᠢ ᠤᠷᠤᠭᠰᠢᠯᠠᠭᠰᠠᠨ ᠲᠡᠤᠬᠡᠨ ᠡᠷᠭᠢᠯᠲᠡ ᠮᠥᠨ᠂ ᠪᠠᠰᠠ ᠴᠤ ᠳᠡᠯᠡᠬᠡᠶ ᠶᠢᠨ ᠹᠠᠱᠢᠰ ᠢ ᠡᠰᠡᠷᠭᠦᠴᠡᠬᠦ ᠲᠠᠶᠢᠨ ᠤ ᠢᠯᠠᠯᠲᠠ ᠶᠢᠨ ᠴᠢᠬᠤᠯᠠ ᠪᠦᠷᠢᠯᠳᠦᠬᠦᠨ ᠬᠡᠰᠡᠭ ᠮᠥᠨ᠂ ᠳᠤᠮᠳᠠᠳᠤ ᠤᠯᠤᠰ ᠤᠨ ᠠᠷᠠᠳ ᠲᠦᠮᠡᠨ ᠤ ᠢᠯᠠᠯᠲᠠ᠂ ᠪᠠᠰᠠ ᠴᠤ ᠳᠡᠯᠡᠬᠡᠶ ᠶᠢᠨ ᠠᠷᠠᠳ ᠲᠦᠮᠡᠨ ᠤ ᠢᠯᠠᠯᠲᠠ ᠮᠥᠨ ᠃ ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠲᠠᠶᠢᠨ ᠤ ᠠᠭᠤᠤ ᠶᠡᠭᠡ ᠢᠯᠠᠯᠲᠠ ᠳᠤᠮᠳᠠᠳᠤ ᠶᠢᠨ ᠦᠨᠳᠦᠰᠦᠲᠡᠨ‌‍ᠤ ᠲᠡᠤᠬᠡᠨ ᠬᠠᠭᠤᠳᠠᠰᠤᠨ ᠳᠡᠭᠡᠷ᠎ᠡ ᠥᠨᠢᠳᠡ ᠲᠡᠮᠳᠡᠭᠯᠡᠭᠳᠡᠵᠤ᠂ ᠬᠥᠮᠦᠨ ᠲᠥᠷᠥᠯᠬᠢᠲᠡᠨ ᠤ ᠰᠢᠳᠤᠷᠭᠤ ᠶᠣᠰᠣᠨ ᠤ ᠦᠢᠯᠡᠰ‌‍ᠤᠨ ᠲᠡᠤᠬᠡᠨ ᠬᠠᠭᠤᠳᠠᠰᠤᠨ ᠳᠡᠭᠡᠷ᠎ᠡ ᠥᠨᠢᠳᠡ ᠰᠡᠶᠢᠯᠦᠭᠳᠡᠬᠦ ᠪᠣᠯᠤᠨ᠎ᠠ ᠭᠡᠵᠤ ᠵᠢᠭᠠᠵᠤ ᠭᠠᠷᠭᠠᠪᠠ᠃    ᠰᠢ ᠶᠢᠨ ᠫᠢᠩ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ᠂ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠡᠭᠭᠤ ᠶᠢᠨ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ᠂ ᠪᠦᠬᠦ ᠤᠯᠤᠰ ᠤᠨ ᠤᠯᠤᠰ ᠲᠥᠷᠥ ᠶᠢᠨ ᠵᠥᠪᠯᠡᠯᠭᠡᠨ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶ᠎ᠠ ᠶᠢᠨ ᠡᠮᠦᠨ᠎ᠠ ᠠᠴᠠ᠂ ᠶᠠᠫᠣᠨ ᠢ ᠡᠰᠡᠷᠭᠦᠴᠡᠬᠦ ᠳᠠᠶᠢᠨ ᠳᠤ ᠣᠷᠣᠯᠴᠠᠭᠰᠠᠨ ᠪᠦᠬᠦ ᠤᠯᠤᠰ ᠤᠨ ᠠᠬᠠᠮᠠᠳ ᠪᠠᠶᠢᠯᠳᠤᠭᠴᠢ᠂ ᠠᠬᠠᠮᠠᠳ ᠨᠥᠬᠦᠳ᠂ ᠤᠯᠤᠰ ᠢᠶᠠᠨ ᠬᠠᠶᠢᠷᠠᠯᠠᠬᠤ ᠬᠥᠮᠦᠰ ᠪᠠ ᠶᠠᠫᠣᠨ ᠢ ᠡᠰᠡᠷᠭᠦᠴᠡᠭᠰᠡᠨ ᠵᠠᠩᠵᠤᠨ᠂ ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠳᠠᠶᠢᠨ ᠤ ᠢᠯᠠᠯᠲᠠ ᠣᠯᠬᠤ ᠳᠤ ᠲᠡᠦᠬᠡᠲᠦ ᠭᠠᠪᠢᠶ᠎ᠠ ᠵᠢᠳᠬᠦᠯ ᠪᠠᠶᠢᠭᠤᠯᠤᠭᠰᠠᠨ ᠤᠯᠤᠰ ᠤᠨ ᠳᠣᠲᠣᠭᠠᠳᠤ ᠭᠠᠳᠠᠭᠠᠳᠤ ᠶᠢᠨ ᠳᠤᠮᠳᠠᠳᠤ ᠶᠢᠨ ᠬᠥᠪᠡᠭᠦᠳ ᠥᠬᠢᠳ ᠲᠤ ᠡᠷᠬᠢᠮ ᠳᠡᠭᠡᠳᠤ ᠬᠦᠨᠳᠦᠳᠬᠡᠯ ᠢᠶᠠᠨ ᠳᠡᠪᠰᠢᠭᠦᠯᠵᠦ᠂ ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠳᠠᠶᠢᠨ ᠢ ᠲᠤᠰᠠᠯᠠᠨ ᠬᠠᠪᠰᠤᠷᠤᠭᠰᠠᠨ ᠭᠠᠳᠠᠭᠠᠳᠤ ᠤᠯᠤᠰ ᠤᠨ ᠵᠠᠰᠠᠭ ᠤᠨ ᠣᠷᠳᠣᠨ ᠪᠣᠯᠤᠨ ᠣᠯᠠᠨ ᠤᠯᠤᠰ ᠤᠨ ᠨᠥᠬᠦᠷᠰᠡᠭ ᠬᠥᠮᠦᠰ ᠲᠤ ᠴᠢᠩ ᠰᠡᠳᠬᠢᠯ ᠤᠨ ᠲᠠᠯᠠᠷᠬᠠᠯ ᠳᠡᠪᠰᠢᠭᠦᠯᠵᠦ᠂ ᠢᠯᠠᠯᠲᠠ ᠶᠢᠨ ᠲᠥᠯᠥᠭᠡ ᠪᠠᠭᠠᠲᠤᠷᠯᠢᠭ ᠢᠶᠠᠷ ᠪᠡᠶ᠎ᠡ ᠦᠷᠡᠭᠳᠡᠭᠰᠡᠨ ᠪᠤᠶ ᠪᠦᠬᠦᠢ ᠪᠠᠭᠠᠲᠤᠷ ᠢᠲᠡᠲᠡᠨ᠂ ᠲᠦᠷᠢᠮᠡᠬᠡᠶᠢᠯᠡᠭᠴᠢᠳ ᠲᠤ ᠬᠠᠷᠠᠰᠠᠯᠲᠠᠶ ᠪᠠᠷ ᠠᠯᠠᠭᠳᠠᠭᠰᠠᠳ ᠢ ᠭᠦᠨ᠎ᠡ ᠭᠠᠰᠢᠭᠤᠳᠠᠵᠤ ᠪᠠᠶᠢᠬᠤ ᠪᠠᠨ ᠢᠯᠡᠳᠬᠡᠪᠡ᠃    ᠰᠢ ᠶᠢᠨ ᠫᠢᠩ᠂ ︽9 · 18︾ ᠤ ᠬᠡᠷᠡᠭ ᠬᠤᠪᠢᠰᠤᠯ ᠤᠨ ᠳᠠᠷᠠᠭ᠎ᠠ᠂ ᠳᠤᠮᠳᠠᠳᠤ ᠤᠯᠤᠰ ᠤᠨ ᠠᠷᠠᠳ ᠲᠦᠮᠡᠨ ᠵᠡᠬᠦᠨ ᠬᠤᠶᠢᠳᠤ ᠤᠷᠤᠨ ᠢᠶᠠᠷ ᠪᠣᠰᠣᠯᠴᠠᠨ ᠡᠰᠡᠷᠭᠦᠴᠡᠵᠦ᠂ ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠳᠠᠶᠢᠨ ᠤ ᠡᠬᠢᠯᠡᠯᠲᠡ ᠪᠣᠯᠤᠭᠰᠠᠠ ᠪᠦᠭᠡᠳ ᠳᠡᠯᠡᠬᠡᠶ ᠶᠢᠨ ᠹᠠᠱᠢᠰ ᠢ ᠡᠰᠡᠷᠭᠦᠴᠡᠬᠦ ᠲᠠᠶᠢᠨ ᠤ ᠬᠥᠰᠢᠭᠡ ᠶᠢ ᠨᠡᠭᠡᠭᠡᠭᠰᠡᠨ ᠪᠠᠶᠢᠨ᠎ᠠ᠃ ︽7 · 7︾ ᠤ ᠬᠡᠷᠡᠭ ᠬᠤᠪᠢᠰᠤᠯ ᠤᠨ ᠳᠠᠷᠠᠭ᠎ᠠ᠂ ᠲᠦᠷᠢᠮᠡᠬᠡᠶᠢᠯᠡᠯ ᠢ ᠡᠰᠡᠷᠭᠦᠴᠡᠨ᠂ ᠤᠯᠤᠰ ᠤᠷᠤᠨ ᠢᠶᠠᠨ ᠮᠥᠬᠦᠯ ᠠᠴᠠ ᠠᠪᠤᠷᠠᠬᠤ ᠨᠢ ᠳᠤᠮᠳᠠᠳᠤ ᠤᠯᠤᠰ ᠤᠨ ᠡᠯ᠎ᠡ ᠨᠠᠮ ᠪᠦᠯᠦᠭ᠂ ᠡᠯ᠎ᠡ ᠦᠨᠳᠦᠰᠦᠲᠡᠨ᠂ ᠡᠯ᠎ᠡ ᠠᠩᠭᠢ᠂ ᠡᠯ᠎ᠡ ᠳᠠᠪᠬᠤᠷᠭ᠎ᠠ᠂ ᠡᠯ᠎ᠡ ᠪᠦᠯᠬᠦᠮ ᠵᠢᠴᠢ ᠭᠠᠳᠠᠭᠠᠳᠤ ᠳᠤ ᠰᠠᠭᠤᠭ᠎ᠠ ᠳᠤᠮᠳᠠᠳᠤ ᠶᠢᠨ ᠬᠠᠷᠢᠶᠠᠲᠤ ᠪᠠ ᠳᠤᠮᠳᠠᠳᠤᠴᠤᠳ ᠤᠨ ᠬᠠᠮᠲᠤ ᠶᠢᠨ ᠵᠣᠷᠢᠭ ᠰᠠᠨᠠᠭ᠎ᠠ ᠪᠠ ᠠᠵᠢᠯᠯᠠᠭ᠎ᠠ ᠪᠣᠯᠵᠤ᠂ ᠳᠤᠮᠳᠠᠳᠤ ᠤᠯᠤᠰ ᠡᠭᠦᠨ ᠠᠴᠠ ᠪᠦᠬᠦ ᠦᠨᠳᠦᠰᠦᠲᠡᠨ ᠢᠶᠠᠷ ᠢᠶᠠᠨ ᠶᠠᠫᠣᠨ ᠢ ᠡᠰᠡᠷᠭᠦᠴᠡᠬᠦ ᠳᠠᠶᠢᠨ ᠤ ᠱᠠᠲᠤᠨ ᠳᠤ ᠤᠷᠤᠵᠤ᠂ ᠲᠡᠷᠡᠴᠢᠯᠠᠨ ᠳᠡᠯᠡᠬᠡᠶ ᠶᠢᠨ ᠹᠠᠱᠢᠰ ᠢ ᠡᠰᠡᠷᠭᠦᠴᠡᠬᠦ ᠳᠠᠶᠢᠨ ᠤ ᠳᠣᠷᠣᠨᠠᠳᠠᠬᠢᠨ ᠤ ᠭᠤᠣᠯ ᠳᠠᠶᠢᠨ ᠤ ᠲᠠᠯᠠᠪᠤᠷ ᠢ ᠨᠡᠭᠡᠭᠡᠭᠰᠡᠨ ᠪᠠᠶᠢᠨ᠎ᠠ᠃ ᠪᠡᠷᠬᠡ ᠬᠠᠲᠠᠭᠤᠵᠢᠯᠲᠠᠶ ᠶᠠᠫᠣᠨ ᠢ ᠡᠰᠡᠷᠭᠦᠴᠡᠬᠦ ᠳᠠᠶᠢᠨ ᠤ ᠳᠤᠮᠳᠠ᠂ ᠪᠦᠬᠦ ᠳᠤᠮᠳᠠᠳᠤ ᠶᠢᠨ ᠬᠥᠪᠡᠭᠦᠳ ᠥᠬᠢᠳ ᠤᠯᠤᠰ ᠣᠷᠣᠨ ᠤ ᠪᠠᠨ ᠣᠷᠣᠰᠢᠨ ᠲᠣᠭᠲᠠᠨᠢᠬᠤ ᠶᠢᠨ ᠲᠥᠯᠥᠭᠡ ᠪᠠᠶᠢᠯᠳᠤᠵᠤ᠂ ᠦᠨᠳᠦᠰᠦᠲᠡᠨ ᠤ ᠰᠡᠷᠭᠦᠨ ᠮᠠᠨᠳᠤᠯᠲᠠ ᠶᠢᠨ ᠲᠥᠯᠥᠭᠡ ᠪᠠᠶᠢᠯᠳᠤᠵᠤ᠂ ᠬᠥᠮᠦᠨ ᠲᠥᠷᠥᠯᠬᠢᠲᠡᠨ ᠤ ᠰᠢᠳᠤᠷᠭᠤ ᠶᠣᠰᠣᠨ ᠤ ᠲᠥᠯᠥᠭᠡ ᠪᠠᠶᠢᠯᠳᠤᠵᠤ᠂ ᠨᠡᠶᠢᠭᠡᠮ ᠤᠨ ᠲᠠᠶᠢᠴᠢᠯᠠᠯᠳᠠ ᠶᠢᠨ ᠥᠷᠭᠡᠨ ᠳᠡᠯᠭᠡᠷ᠂ ᠦᠨᠳᠦᠰᠦᠲᠡᠨ ᠤ ᠰᠡᠬᠡᠭᠡᠷᠡᠯᠲᠡ ᠶᠢᠨ ᠭᠦᠨᠵᠡᠭᠡᠢ᠂ ᠳᠠᠶᠢᠴᠢᠨ ᠵᠣᠷᠢᠭ ᠤᠨ ᠡᠷᠡᠰ ᠬᠠᠲᠠᠭᠤ᠂ ᠵᠠᠪᠠᠯ ᠢᠯᠠᠬᠤ ᠢᠲᠡᠭᠡᠯ ᠵᠣᠷᠢᠭ ᠤᠨ ᠡᠷᠡᠰ ᠪᠠᠳᠤ ᠨᠢ ᠴᠥᠮ ᠤᠷᠢᠳ ᠡᠮᠦᠨ᠎ᠡ ᠪᠠᠶᠢᠭ᠎ᠠ ᠦᠭᠡᠢ ᠳᠡᠭᠡᠳᠦ ᠬᠡᠮᠵᠢᠶᠡᠨ ᠳᠤ ᠬᠦᠷᠦᠭᠰᠡᠨ ᠪᠠᠶᠢᠨ᠎ᠠ᠃ ᠳᠤᠮᠳᠠᠳᠤ ᠤᠯᠤᠰ ᠤᠨ ᠠᠷᠠᠳ ᠲᠦᠮᠡᠨ ᠨᠤᠭᠤᠷᠠᠰᠢ ᠦᠬᠡᠢ ᠬᠠᠳᠠᠭᠤ ᠵᠤᠷᠢᠬ ᠢᠶᠠᠷ ᠬᠦᠴᠦᠷᠭᠡᠭ ᠳᠠᠶᠢᠰᠤᠨ ᠢ ᠢᠯᠠᠵᠤ᠂ ᠴᠢᠰᠤ ᠮᠢᠬᠠᠨ ᠪᠡᠶ᠎ᠡ ᠪᠠᠷ ᠢᠶᠠᠨ ᠤᠷᠲᠤ ᠴᠠᠭᠠᠨ ᠬᠡᠷᠡᠮ ᠢ ᠴᠣᠭᠴᠠᠯᠠᠵᠤ᠂ ᠡᠮᠦᠨᠡᠬᠢ ᠨᠢ ᠤᠨᠠᠪᠠᠯ ᠬᠤᠶᠢᠨᠠᠬᠢ ᠨᠢ ᠵᠠᠯᠭᠠᠮᠵᠢᠯᠠᠨ ᠤᠯᠤᠰ ᠤᠷᠤᠨ ᠢᠶᠠᠨ ᠠᠶᠤᠯ ᠵᠣᠪᠠᠯᠠᠩ ᠠᠴᠠ ᠠᠪᠤᠷᠠᠬᠤ ᠲᠩᠷᠢ ᠭᠠᠵᠠᠷ ᠢ ᠳᠣᠩᠰᠣᠯᠭᠠᠮ᠎ᠠ᠂ ᠰᠦᠷᠯᠢᠭ ᠵᠢᠪᠬᠤᠭᠠᠲᠦ ᠲᠤᠤᠯᠢᠰ ᠢ ᠪᠢᠴᠢᠭᠯᠡᠵᠠᠢ ᠬᠡᠵᠤ ᠴᠢᠬᠤᠯᠠᠴᠢᠯᠠᠪᠠ᠃    ᠰᠢ ᠶᠢᠨ ᠫᠢᠩ᠂ ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠲᠠᠶᠢᠨ ᠤ ᠠᠭᠤᠤ ᠶᠡᠭᠡ ᠢᠯᠠᠯᠲᠠ ᠨᠢ ᠶᠠᠫᠣᠨ ᠤ ᠴᠡᠷᠢᠭᠯᠡᠬᠦ ᠦᠵᠡᠯ ᠤᠨ ᠳᠤᠮᠳᠠᠳᠤ ᠤᠯᠤᠰ ᠢ ᠪᠣᠭᠤᠯᠴᠢᠯᠠᠬᠤ ᠭᠡᠰᠡᠨ ᠭᠤᠷᠢᠳᠠᠯᠭ᠎ᠠ ᠶᠢ ᠲᠦᠢᠯᠪᠤᠷᠢᠲᠠᠶ ᠪᠤᠲᠠ ᠨᠢᠷᠭᠡᠵᠦ᠂ ᠤᠯᠤᠰ ᠤᠨ ᠡᠷᠬᠡ ᠮᠡᠳᠡᠯ ᠪᠣᠯᠤᠨ ᠨᠤᠲᠤᠭ ᠳᠡᠪᠢᠰᠬᠡᠷ ᠤᠨ ᠪᠦᠷᠢᠨ ᠪᠦᠲᠦᠨ ᠢ ᠬᠦᠴᠦᠲᠡᠶ ᠬᠠᠮᠠᠭᠠᠯᠠᠵᠤ᠂ ᠣᠢᠢᠷ᠎ᠠ ᠦᠶ᠎ᠡ ᠠᠴᠠ ᠨᠠᠭᠠᠰᠢᠬᠢ ᠭᠠᠳᠠᠭᠠᠳᠤ ᠶᠢᠨ ᠲᠦᠷᠢᠮᠡᠬᠡᠶᠢᠯᠡᠯ ᠢ ᠡᠰᠡᠷᠭᠦᠴᠡᠬᠦ ᠳᠤ ᠣᠯᠠᠨᠲᠠ ᠢᠯᠠᠭᠳᠠᠭᠰᠠᠨ ᠦᠨᠳᠦᠰᠦᠲᠡᠨ ᠤ ᠢᠴᠢᠬᠦᠷᠢ ᠭᠤᠲᠤᠮᠰᠢᠭ ᠢ ᠲᠦᠢᠯᠪᠤᠷᠢᠲᠠᠶ ᠠᠷᠢᠯᠭᠠᠵᠠᠶ᠃ ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠳᠠᠶᠢᠨ ᠤ ᠠᠭᠤᠤ ᠶᠡᠭᠡ ᠢᠯᠠᠯᠲᠠ ᠨᠢ ᠳᠤᠮᠳᠠᠳᠤ ᠤᠯᠤᠰ ᠤᠨ ᠳᠡᠯᠡᠬᠡᠶ ᠳᠡᠭᠡᠷᠡᠬᠢ ᠲᠣᠮᠣ ᠤᠯᠤᠰ ᠤᠨ ᠪᠠᠶᠢᠷᠢ ᠰᠠᠭᠤᠷᠢ ᠶᠢ ᠳᠠᠬᠢᠨ ᠲᠣᠭᠲᠠᠭᠠᠵᠤ᠂ ᠳᠤᠮᠳᠠᠳᠤ ᠤᠯᠤᠰ ᠤᠨ ᠠᠷᠠᠳ ᠲᠦᠮᠡᠨ ᠳᠡᠯᠡᠬᠡᠶ ᠶᠢᠨ ᠡᠩᠬᠡ ᠲᠠᠶᠢᠪᠤᠩ ᠢ ᠡᠷᠬᠢᠮᠯᠡᠭᠴᠢ ᠠᠷᠠᠳ ᠲᠦᠮᠡᠨ ᠤ ᠬᠦᠨᠳᠦᠳᠬᠡᠯ ᠢ ᠣᠯᠵᠤ᠂ ᠳᠤᠮᠳᠠᠳᠤ ᠶᠢᠨ ᠦᠨᠳᠦᠰᠦᠲᠡᠨ ᠡᠷᠬᠢᠮ ᠳᠡᠭᠡᠳᠦ ᠦᠨᠳᠦᠰᠦᠲᠡᠨ ᠤ ᠨᠡᠷ᠎ᠡ ᠬᠦᠨᠳᠦ ᠶᠢ ᠣᠯᠤᠭᠰᠠᠨ ᠪᠠᠶᠢᠨ᠎ᠠ ᠃ ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠳᠠᠶᠢᠨ ᠤ ᠠᠭᠤᠤ ᠶᠡᠭᠡ ᠢᠯᠠᠯᠲᠠ ᠨᠢ ᠳᠤᠮᠳᠠᠳᠤ ᠤᠯᠤᠰ ᠤᠨ ᠠᠷᠠᠳ ᠲᠦᠮᠡᠨ ᠤ ᠦᠨᠳᠦᠰᠦᠲᠡᠨ ᠤ ᠲᠤᠰᠠᠭᠠᠷ ᠲᠣᠭᠲᠠᠨᠢᠯ᠂ ᠡᠷᠬᠡ ᠴᠢᠯᠥᠭᠡ᠂ ᠴᠢᠯᠥᠭᠡᠯᠡᠯᠲᠡ ᠶᠢ ᠬᠥᠭᠡᠭᠡᠴᠡᠯᠳᠦᠬᠦ ᠵᠣᠷᠢᠭ ᠰᠠᠨᠠᠭ᠎ᠠ ᠶᠢ ᠪᠠᠲᠤᠳᠬᠠᠵᠤ᠂ ᠡᠷᠲᠡᠨ ᠤ ᠳᠤᠮᠳᠠᠳᠤ ᠤᠯᠤᠰ ᠤᠨ ᠭᠠᠷᠤᠳᠢ ᠭᠠᠯᠪᠢᠩᠭ᠎ᠠ ᠨᠢᠷᠸᠠᠨ ᠲᠦᠷᠢ ᠦᠵᠡᠭᠦᠯᠬᠦ᠂ ᠳᠦᠷᠡᠯᠵᠡᠭᠰᠡᠨ ᠭᠠᠯ ᠲᠤᠮᠲᠠ ᠠᠴᠠ ᠲᠠᠬᠢᠨ ᠠᠮᠢᠯᠠᠬᠤ ᠲᠡᠦᠬᠡ ᠶᠢᠨ ᠰᠢᠨ᠎ᠡ ᠠᠶᠠᠨ ᠢ ᠡᠬᠢᠯᠡᠭᠦᠯᠵᠠᠢ ᠬᠡᠵᠤ ᠵᠢᠭᠠᠵᠤ ᠭᠠᠷᠭᠠᠪᠠ᠃    ᠰᠢ ᠶᠢᠨ ᠫᠢᠩ᠂ ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠳᠠᠶᠢᠨ ᠤ ᠢᠯᠠᠯᠲᠠ ᠪᠣᠯ ᠤᠯᠤᠰ‌‍ᠢᠶ᠋ᠠᠨ ᠬᠠᠶᠢᠷᠠᠯᠠᠬᠤ ᠦᠵᠡᠯ ᠢᠶᠠᠷ ᠭᠤᠤᠯᠯᠠᠭᠤᠯᠤᠭᠰᠠᠨ ᠦᠨᠳᠦᠰᠦᠲᠡᠨ ᠤ ᠵᠣᠷᠢᠭ ᠰᠠᠨᠠᠭᠠᠨ ᠤ ᠠᠭᠤᠤ ᠶᠡᠭᠡ ᠢᠯᠠᠯᠲᠠ ᠮᠥᠨ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠷᠤᠰᠬᠠᠯ ᠤᠨ ᠲᠤᠮᠲᠠ ᠤᠷᠭᠤᠭ᠎ᠠ ᠬᠠᠲᠠ ᠪᠤᠯᠬᠤ ᠭᠤᠤᠯ ᠲᠤᠯᠭᠠᠭᠤᠷᠢ ᠶᠢᠨ ᠦᠢᠯᠡᠳᠦᠯ ᠢᠶᠠᠨ ᠪᠠᠳᠠᠷᠠᠭᠤᠯᠤᠬᠰᠠᠨ ᠤ ᠠᠭᠤᠤ ᠶᠡᠭᠡ ᠢᠯᠠᠯᠲᠠ ᠮᠥᠨ᠃ ᠪᠦᠬᠦ ᠦᠨᠳᠦᠰᠦᠲᠡᠨ ᠤ ᠠᠷᠠᠳ ᠲᠦᠮᠡᠨ ᠤ ᠲᠠᠮᠤᠷ ᠬᠡᠷᠡᠮ ᠮᠡᠳᠤ ᠪᠦᠯᠬᠦᠮᠳᠡᠨ ᠨᠢᠬᠡᠳᠴᠤ ᠡᠷᠡᠯᠭᠡᠭ ᠢᠶᠠᠷ ᠲᠡᠮᠡᠴᠡᠭᠰᠡᠨ ᠶᠠᠫᠣᠨ ᠢ ᠡᠰᠡᠷᠭᠦᠴᠡᠬᠦ ᠳᠠᠶᠢᠨ ᠤ ᠠᠭᠤᠤ ᠶᠡᠭᠡ ᠢᠯᠠᠯᠲᠠ ᠮᠥᠨ᠂ ᠳᠤᠮᠳᠠᠳᠤ ᠤᠯᠤᠰ ᠤᠨ ᠠᠷᠠᠳ ᠲᠦᠮᠡᠨ ᠹᠠᠱᠢᠰ ᠢ ᠡᠰᠡᠷᠭᠦᠴᠡᠬᠦ ᠬᠤᠯᠪᠣᠭᠠᠲᠠᠨ ᠤᠯᠤᠰ ᠪᠠ ᠡᠯ᠎ᠡ ᠤᠯᠤᠰ ᠤᠨ ᠠᠷᠠᠳ ᠲᠦᠮᠡᠨ ᠲᠠᠢ ᠮᠥᠷᠥ ᠵᠡᠷᠭᠡᠴᠡᠨ ᠪᠠᠶᠢᠯᠳᠤᠭᠰᠠᠠ ᠠᠭᠤᠤ ᠶᠡᠭᠡ ᠢᠯᠠᠯᠲᠠ ᠮᠥᠨ ᠬᠡᠵᠤ ᠴᠢᠬᠤᠯᠠᠴᠢᠯᠠᠪᠠ᠃    ᠰᠢ ᠶᠢᠨ ᠫᠢᠩ᠂ ᠳᠤᠮᠳᠠᠳᠤ ᠤᠯᠤᠰ ᠪᠣᠯᠤᠨ ᠶᠠᠫᠣᠨ ᠪᠣᠯ ᠬᠥᠷᠰᠢ ᠤᠯᠤᠰ ᠪᠣᠯᠤᠨ᠎ᠠ᠃ ᠳᠤᠮᠳᠠᠳᠤ ᠶᠠᠫᠣᠨ ᠤ ᠤᠷᠲᠤ ᠬᠤᠭᠤᠴᠠᠭᠠᠨ ᠤ ᠡᠩᠬᠡ ᠲᠠᠶᠢᠪᠤᠩ ᠨᠥᠬᠦᠷᠰᠡᠭ ᠬᠠᠷᠢᠯᠴᠠᠭ᠎ᠠ ᠶᠢ ᠪᠠᠲᠤᠯᠠᠬᠤ ᠨᠢ ᠬᠤᠶᠠᠷ ᠤᠯᠤᠰ ᠤᠨ ᠠᠷᠠᠳ ᠲᠦᠮᠡᠨ ᠤ ᠦᠨᠳᠦᠰᠦᠨ ᠠᠰᠢᠭ ᠲᠤᠰᠠ ᠳᠤ ᠨᠡᠶᠢᠴᠡᠵᠦ᠂ ᠠᠽᠢᠶ᠎ᠠ ᠲᠢᠪ ᠪᠣᠯᠤᠨ ᠳᠡᠯᠡᠬᠡᠶ ᠶᠢᠨ ᠡᠩᠬᠡ ᠲᠠᠶᠢᠪᠤᠩ ᠲᠣᠭᠲᠠᠭᠤᠨ ᠢ ᠬᠠᠮᠠᠭᠠᠯᠠᠬᠤ ᠬᠡᠷᠡᠭᠴᠡᠭᠡ ᠳᠤ ᠨᠡᠶᠢᠴᠡᠨ᠎ᠠ᠃ ᠶᠠᠫᠣᠨ ᠤ ᠴᠡᠷᠢᠭᠯᠡᠬᠦ ᠦᠵᠡᠯ ᠤᠨ ᠲᠦᠷᠢᠮᠡᠬᠡᠶᠢᠯᠡᠯ ᠳᠤ ᠵᠥᠪ ᠢᠶᠠᠷ ᠬᠠᠨᠳᠤᠵᠤ ᠭᠦᠨᠵᠡᠭᠡᠶ ᠲᠤᠩᠭᠠᠨ ᠪᠤᠲᠤᠬᠤ ᠪᠣᠯ ᠳᠤᠮᠳᠠᠳᠤ ᠶᠠᠫᠣᠨ ᠤ ᠬᠠᠷᠢᠯᠴᠠᠭ᠎ᠠ ᠶᠢ ᠪᠠᠶᠢᠭᠤᠯᠤᠨ ᠬᠥᠭᠵᠢᠭᠦᠯᠬᠦ ᠶᠢᠨ ᠴᠢᠬᠤᠯᠠ ᠤᠯᠤᠰ ᠲᠦᠷᠦ‌‍ᠶᠢᠨ ᠰᠠᠭᠤᠷᠢ ᠮᠥᠨ᠂ ᠤᠷᠢᠳᠤ ᠶᠢᠨ ᠶᠠᠪᠤᠳᠠᠯ ᠢ ᠦᠯᠤ ᠮᠠᠷᠳᠠᠪᠠᠰᠤ ᠬᠤᠵᠢᠮ ᠤᠨ ᠶᠠᠪᠤᠳᠠᠯ ᠳᠤ ᠰᠤᠷᠭᠠᠮᠵᠢ ᠪᠤᠯᠤᠮᠤᠢ᠃ ᠪᠢᠳᠡ ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠳᠠᠶᠢᠨ ᠪᠣᠯᠤᠨ ᠳᠡᠯᠡᠬᠡᠶ ᠶᠢᠨ ᠹᠠᠱᠢᠰ ᠢ ᠡᠰᠡᠷᠭᠦᠴᠡᠬᠦ ᠳᠠᠶᠢᠨ ᠤ ᠢᠯᠠᠯᠲᠠ ᠶᠢ ᠳᠤᠷᠠᠰᠬᠠᠵᠤ᠂ ᠲᠡᠦᠬᠡ ᠪᠠᠷ ᠲᠣᠯᠢ ᠪᠣᠯᠭᠠᠵᠤ᠂ ᠢᠷᠡᠭᠡᠳᠦᠢ ᠳᠤ ᠬᠠᠨᠳᠤᠵᠤ᠂ ᠡᠩᠬᠡ ᠲᠠᠶᠢᠪᠤᠩ ᠢ ᠬᠠᠮᠲᠤ ᠪᠠᠷ ᠨᠠᠨᠳᠢᠩᠨᠠᠨ᠂ ᠡᠩᠬᠡ ᠲᠠᠶᠢᠪᠤᠩ ᠢ ᠬᠠᠮᠠᠭᠠᠯᠠᠵᠤ᠂ ᠳᠤᠮᠳᠠᠳᠤ ᠶᠠᠫᠣᠨ ᠬᠤᠶᠠᠷ ᠤᠯᠤᠰ ᠤᠨ ᠠᠷᠠᠳ ᠲᠦᠮᠡᠨ ᠢ ᠦᠶ᠎ᠡ ᠶᠢᠨ ᠦᠶ᠎ᠡ ᠳᠡᠭᠡᠨ ᠨᠥᠬᠦᠷᠰᠡᠭ ᠪᠠᠶᠢᠯᠭᠠᠵᠤ᠂ ᠳᠡᠯᠡᠬᠡᠶ ᠶᠢᠨ ᠡᠯ᠎ᠡ ᠤᠯᠤᠰ ᠤᠨ ᠠᠷᠠᠳ ᠲᠦᠮᠡᠨ ᠳᠤ ᠥᠨᠢ ᠡᠭᠦᠷᠢᠳᠡ ᠡᠩᠭᠡ ᠲᠠᠶᠢᠪᠤᠩ ᠠᠮᠤᠷ ᠠᠮᠤᠭᠤᠯᠠᠩ ᠢ ᠡᠳ᠋ᠯᠡᠬᠦᠯᠬᠦ ᠭᠡᠷᠡᠭᠳᠠᠢ ᠬᠡᠵᠤ ᠵᠢᠭᠠᠵᠤ ᠭᠠᠷᠭᠠᠪᠠ᠃    ᠰᠢ ᠶᠢᠨ ᠫᠢᠩ᠂ ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠲᠠᠶᠢᠨ ᠤ ᠢᠯᠠᠯᠲᠠ ᠣᠯᠤᠭᠰᠠᠨ 75 ᠵᠢᠯ ᠤᠨ ᠲᠤᠷᠰᠢ᠂ ᠳᠤᠮᠳᠠᠳᠤ ᠤᠯᠤᠰ ᠲᠤ ᠲᠩᠷᠢ ᠭᠠᠵᠠᠷ ᠢ ᠳᠣᠩᠰᠣᠯᠭᠠᠮ᠎ᠠ ᠬᠤᠪᠢᠷᠠᠯᠲᠠ ᠭᠠᠷᠪᠠ ᠃ ᠳᠤᠮᠳᠠᠳᠤ ᠤᠯᠤᠰ ᠤᠨ ᠡᠪ ᠬᠠᠮᠲᠤ ᠨᠠᠮ ᠪᠦᠬᠦ ᠤᠯᠤᠰ ᠤᠨ ᠦᠨᠳᠦᠰᠦᠲᠡᠨ ᠨᠦᠭᠦᠳ ᠤᠨ ᠠᠷᠠᠳ ᠲᠦᠮᠡᠨ ᠢ ᠪᠦᠯᠬᠦᠮᠳᠡᠭᠦᠯᠦᠨ ᠳᠠᠭᠠᠭᠤᠯᠵᠤ ᠬᠦᠴᠦᠷᠬᠡᠭᠵᠢᠬᠦ ᠪᠠᠷ ᠬᠦᠴᠦᠯᠡᠨ ᠴᠢᠷᠮᠠᠶᠢᠵᠤ᠂ ᠲᠡᠰᠪᠦᠷᠢ ᠬᠠᠲᠠᠭᠤᠵᠢᠯᠲᠠᠶ ᠪᠠᠷ ᠠᠳᠠᠯ ᠦᠢᠯᠡᠰ ᠪᠤᠰᠬᠠᠵᠤ᠂ ᠳᠡᠯᠡᠬᠡᠶ ᠳ᠋ᠠᠬᠢᠨ ᠤ ᠠᠩᠬᠠᠷᠤᠯ ᠢ ᠲᠠᠲᠠᠭᠰᠠᠨ ᠬᠥᠭᠵᠢᠯᠲᠡ ᠶᠢᠨ ᠠᠮᠵᠢᠯᠲᠠ ᠪᠦᠲᠦᠮᠵᠢ ᠶᠢ ᠡᠭᠦᠳᠴᠦ᠂ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠵᠠᠮ ᠢ ᠠᠮᠵᠢᠯᠲᠠ ᠲᠠᠢ ᠪᠠᠷ ᠨᠡᠭᠡᠭᠡᠵᠦ᠂ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠰᠢᠨ᠎ᠡ ᠴᠠᠭ ᠣᠶᠢᠶ᠎ᠠ ᠳᠤ ᠣᠷᠣᠵᠤ᠂ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠳᠠᠶᠢᠯᠠᠯᠳᠤᠭᠠᠨ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠬᠦ ᠨᠢ ᠠᠮᠵᠢᠯᠲᠠ ᠤᠯᠤᠮᠠᠷ ᠪᠤᠯᠵᠤ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠭᠡᠭᠡᠨ ᠰᠠᠷᠠᠭᠤᠯ ᠢᠷᠡᠭᠡᠳᠦᠢ ᠪᠠᠨ ᠤᠭᠲᠤᠨ ᠠᠪᠴᠢᠷᠠᠪᠠ ᠭᠡᠵᠤ ᠴᠢᠬᠤᠯᠠᠴᠢᠯᠠᠪᠠ᠃    ᠰᠢ ᠶᠢᠨ ᠫᠢᠩ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠡᠶᠡᠯᠡᠭᠦᠯᠬᠦ ᠳᠤ ᠡᠷᠬᠡᠪᠰᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ ᠶᠢ ᠪᠠᠷᠢᠮᠲᠠᠯᠠᠵᠤ᠂ ᠡᠷᠬᠡᠪᠰᠢ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠵᠠᠮ ᠢᠶᠠᠷ ᠵᠠᠮᠨᠠᠬᠤ ᠶᠢ ᠪᠠᠷᠢᠮᠲᠠᠯᠠᠵᠤ᠂ ᠡᠷᠬᠡᠪᠰᠢ ᠠᠷᠠᠳ ᠲᠦᠮᠡᠨ ᠢᠶᠠᠷ ᠭᠤᠤᠯ ᠪᠣᠯᠭᠠᠬᠤ ᠶᠢ ᠪᠠᠷᠢᠮᠲᠠᠯᠠᠵᠤ᠂ ᠡᠷᠬᠡᠪᠰᠢ ᠲᠡᠮᠡᠴᠡᠯ ᠤᠨ ᠵᠣᠷᠢᠭ ᠰᠠᠨᠠᠭ᠎ᠠ ᠶᠢ ᠪᠠᠷᠢᠮᠲᠠᠯᠠᠵᠤ᠂ ᠡᠷᠬᠡᠪᠰᠢ ᠡᠩᠭᠡ ᠲᠠᠶᠢᠪᠤᠩ ᠬᠥᠭᠵᠢᠯᠲᠡ ᠶᠢᠨ ᠵᠠᠮ ᠢᠶᠠᠷ ᠡᠷᠡᠰ ᠭᠤᠶᠢᠪᠢᠰᠢ ᠦᠭᠡᠢ ᠵᠠᠮᠨᠠᠬᠤ ᠬᠡᠷᠡᠭᠲᠡᠶ᠃ ᠶᠠᠮᠠᠷᠪᠠ ᠬᠥᠮᠦᠨ ᠶᠠᠮᠠᠷᠪᠠ ᠬᠦᠴᠦᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠡᠦᠬᠡ ᠶᠢ ᠭᠠᠵᠢᠭᠤᠳᠠᠭᠤᠯᠬᠤ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠰᠢᠨᠵᠢ ᠴᠢᠨᠠᠷ ᠪᠠ ᠵᠣᠷᠢᠯᠲᠠ ᠶᠢ ᠮᠠᠭᠤᠰᠢᠶᠠᠬᠤ ᠪᠠᠷ ᠭᠤᠷᠢᠳᠠᠬᠤ ᠶᠢ ᠳᠤᠮᠳᠠᠳᠤ ᠤᠯᠤᠰ ᠤᠨ ᠠᠷᠠᠳ ᠲᠦᠮᠡᠨ ᠶᠠᠭᠠᠬᠢᠭᠰᠠᠨ ᠴᠤ ᠵᠥᠪᠰᠢᠶᠡᠷᠡᠬᠦ ᠦᠭᠡᠢ ᠶᠤᠮ︕ ᠶᠠᠮᠠᠷᠪᠠ ᠬᠥᠮᠦᠨ ᠶᠠᠮᠠᠷᠪᠠ ᠬᠦᠴᠦᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠵᠠᠮ ᠢ ᠭᠠᠵᠢᠭᠤᠳᠠᠭᠤᠯᠬᠤ ᠪᠠ ᠬᠤᠪᠢᠷᠠᠭᠤᠯᠬᠤ᠂ ᠳᠤᠮᠳᠠᠳᠤ ᠤᠯᠤᠰ ᠤᠨ ᠠᠷᠠᠳ ᠲᠦᠮᠡᠨ ᠤ ᠨᠡᠶᠢᠭᠡᠮ ᠵᠢᠷᠤᠮ ᠢ ᠪᠦᠲᠦᠭᠡᠨ ᠪᠠᠶᠢᠭᠤᠯᠤᠭᠰᠠᠨ ᠠᠭᠤᠤ ᠶᠡᠭᠡ ᠠᠮᠵᠢᠯᠲᠠ ᠪᠦᠲᠦᠮᠵᠢ ᠶᠢ ᠦᠭᠡᠶᠢᠰᠬᠡᠬᠦ ᠪᠠ ᠮᠠᠭᠤᠰᠢᠶᠠᠬᠤ ᠪᠠᠷ ᠭᠤᠷᠢᠳᠠᠬᠤ ᠶᠢ ᠳᠤᠮᠳᠠᠳᠤ ᠤᠯᠤᠰ ᠤᠨ ᠠᠷᠠᠳ ᠲᠦᠮᠡᠨ ᠶᠠᠭᠠᠬᠢᠭᠰᠠᠨ ᠴᠤ ᠵᠥᠪᠰᠢᠶᠡᠷᠡᠬᠦ ᠦᠭᠡᠢ ᠶᠤᠮ︕ ᠶᠠᠮᠠᠷᠪᠠ ᠬᠥᠮᠦᠨ ᠶᠠᠮᠠᠷᠪᠠ ᠬᠦᠴᠦᠨ ᠳᠤᠮᠳᠠᠳᠤ ᠤᠯᠤᠰ ᠤᠨ ᠡᠪ ᠬᠠᠮᠲᠤ ᠨᠠᠮ ᠪᠣᠯᠤᠨ ᠳᠤᠮᠳᠠᠳᠤ ᠤᠯᠤᠰ ᠤᠨ ᠠᠷᠠᠳ ᠲᠦᠮᠡᠨ ᠢ ᠰᠠᠯᠭᠠᠬᠤ᠂ ᠡᠰᠡᠷᠭᠦᠴᠡᠯᠳᠦᠭᠦᠯᠬᠦ ᠪᠠᠷ ᠭᠤᠷᠢᠳᠠᠬᠤ ᠶᠢ ᠳᠤᠮᠳᠠᠳᠤ ᠤᠯᠤᠰ ᠤᠨ ᠠᠷᠠᠳ ᠲᠦᠮᠡᠨ ᠶᠠᠭᠠᠬᠢᠭᠰᠠᠨ ᠴᠤ ᠵᠥᠪᠰᠢᠶᠡᠷᠡᠬᠦ ᠦᠭᠡᠢ ᠶᠤᠮ︕ ᠶᠠᠮᠠᠷᠪᠠ ᠬᠥᠮᠦᠨ ᠶᠠᠮᠠᠷᠪᠠ ᠬᠦᠴᠦᠨ ᠡᠵᠡᠷᠬᠡᠬᠦ ᠠᠷᠭ᠎ᠠ ᠪᠠᠷᠢᠯ ᠢᠶᠠᠷ ᠲᠡᠳᠡᠨ ᠤ ᠰᠠᠨᠠᠭ᠎ᠠ ᠵᠤᠷᠢᠯᠲᠠ ᠪᠠᠨ ᠳᠤᠮᠳᠠᠳᠤ ᠤᠯᠤᠰ ᠲᠤ ᠠᠯᠪᠠ ᠪᠠᠷ ᠲᠤᠬᠤᠬᠤ᠂ ᠳᠤᠮᠳᠠᠳᠤ ᠤᠯᠤᠰ ᠤᠨ ᠤᠷᠤᠭᠰᠢᠯᠠᠯᠲᠠ ᠶᠢᠨ ᠴᠢᠭᠯᠡᠯ ᠢ ᠬᠤᠪᠢᠷᠠᠭᠤᠯᠬᠤ᠂ ᠳᠤᠮᠳᠠᠳᠤ ᠤᠯᠤᠰ ᠤᠨ ᠠᠷᠠᠳ ᠲᠦᠮᠡᠨ ᠤ ᠥᠪᠡᠷ ᠤᠨ ᠰᠠᠶᠢᠨ ᠰᠠᠶᠢᠬᠠᠨ ᠠᠮᠢᠳᠤᠷᠠᠯ ᠢᠶᠠᠨ ᠡᠭᠦᠳᠦᠨ ᠪᠦᠲᠦᠭᠡᠬᠦ ᠴᠢᠷᠮᠠᠶᠢᠯᠭ᠎ᠠ ᠶᠢ ᠬᠠᠷᠰᠢᠯᠠᠬᠤ ᠪᠠᠷ ᠭᠤᠷᠢᠳᠠᠬᠤ ᠶᠢ ᠳᠤᠮᠳᠠᠳᠤ ᠤᠯᠤᠰ ᠤᠨ ᠠᠷᠠᠳ ᠲᠦᠮᠡᠨ ᠶᠠᠭᠠᠬᠢᠭᠰᠠᠨ ᠴᠤ ᠵᠥᠪᠰᠢᠶᠡᠷᠡᠬᠦ ᠦᠭᠡᠢ ᠶᠤᠮ︕ ᠶᠠᠮᠠᠷᠪᠠ ᠬᠥᠮᠦᠨ ᠶᠠᠮᠠᠷᠪᠠ ᠬᠦᠴᠦᠨ ᠳᠤᠮᠳᠠᠳᠤ ᠤᠯᠤᠰ ᠤᠨ ᠠᠷᠠᠳ ᠲᠦᠮᠡᠨ ᠤ ᠡᠩᠭᠡ ᠲᠠᠶᠢᠪᠤᠩ ᠠᠮᠢᠳᠤᠷᠠᠯ ᠪᠠ ᠬᠥᠭᠵᠢᠯᠲᠡ ᠶᠢᠨ ᠡᠷᠬᠡ ᠶᠢ ᠡᠪᠳᠡᠬᠦ᠂ ᠳᠤᠮᠳᠠᠳᠤ ᠤᠯᠤᠰ ᠤᠨ ᠠᠷᠠᠳ ᠲᠦᠮᠡᠨ ᠪᠣᠯᠤᠨ ᠪᠤᠰᠤᠳ ᠤᠯᠤᠰ ᠤᠨ ᠠᠷᠠᠳ ᠲᠦᠮᠡᠨ ᠤ ᠬᠤᠭᠤᠷᠣᠨᠳᠣᠬᠢ ᠰᠣᠯᠢᠯᠴᠠᠭ᠎ᠠ ᠬᠠᠮᠲᠤᠷᠠᠯᠴᠠᠭ᠎ᠠ ᠶᠢ ᠡᠪᠳᠡᠬᠦ᠂ ᠬᠥᠮᠦᠨ ᠲᠥᠷᠥᠯᠬᠢᠲᠡᠨ ᠤ ᠡᠩᠭᠡ ᠲᠠᠶᠢᠪᠤᠩ ᠪᠠ ᠬᠥᠭᠵᠢᠯᠲᠡ ᠶᠢᠨ ᠡᠷᠬᠢᠮ ᠳᠡᠭᠡᠳᠦ ᠦᠢᠯᠡᠰ ᠢ ᠡᠪᠳᠡᠬᠦ ᠪᠠᠷ ᠭᠤᠷᠢᠳᠠᠬᠤ ᠶᠢ ᠳᠤᠮᠳᠠᠳᠤ ᠤᠯᠤᠰ ᠤᠨ ᠠᠷᠠᠳ ᠲᠦᠮᠡᠨ ᠶᠠᠭᠠᠬᠢᠭᠰᠠᠨ ᠴᠤ ᠵᠥᠪᠰᠢᠶᠡᠷᠡᠬᠦ ᠦᠭᠡᠢ ᠶᠤᠮ︕ ᠭᠡᠵᠤ ᠵᠢᠭᠠᠵᠤ ᠭᠠᠷᠭᠠᠪᠠ᠃    ᠸᠠᠩ ᠬᠤ᠋ ᠨᠢᠩ ᠶᠠᠷᠢᠯᠴᠠᠬᠤ ᠬᠤᠷᠠᠯ ᠢ ᠡᠷᠬᠢᠯᠡᠬᠦ ᠳᠡᠭᠡᠨ᠂ ᠶᠡᠷᠦᠩᠬᠡᠶ ᠱᠦᠵᠢ ᠰᠢ ᠶᠢᠨ ᠫᠢᠩ ᠤᠨ ᠴᠢᠬᠤᠯᠠ ᠶᠠᠷᠢᠶ᠎ᠠ ᠤᠳᠬ᠎ᠠ ᠰᠠᠨᠠᠭ᠎ᠠ ᠭᠦᠨ ᠭᠦᠨᠵᠡᠭᠡᠢ᠂ ᠦᠨᠳᠦᠷ ᠲᠤ ᠵᠤᠭᠰᠤᠨ ᠠᠯᠤᠰ ᠢ ᠪᠠᠷᠠᠯᠠᠭᠰᠠᠠ᠂ ᠲᠤᠲᠤᠭᠠᠲᠦ ᠠᠭᠤᠯᠤᠬᠳᠠᠬᠤᠨ ᠡᠯᠪᠡᠭ ᠪᠠᠶᠠᠯᠢᠭ ᠪᠠᠶᠢᠵᠤ᠂ ᠮᠠᠰᠢ ᠴᠢᠩᠭ᠎ᠠ ᠤᠯᠤᠰ ᠲᠦᠷᠦᠴᠢ ᠴᠢᠨᠠᠷ᠂ ᠦᠵᠡᠯ ᠰᠠᠨᠠᠭᠠᠴᠢ ᠴᠢᠨᠠᠷ ᠂ ᠪᠠᠶᠢᠯᠳᠤᠬᠤ ᠪᠤᠳᠤᠯᠭ᠎ᠠ ᠶᠢᠨ ᠴᠢᠨᠠᠷ ᠪᠠ ᠵᠢᠯᠣᠭᠤᠳᠬᠤ ᠴᠢᠨᠠᠷ ᠲᠠᠢ ᠪᠠᠶᠢᠭ᠎ᠠ ᠶᠤᠮ᠂ ᠪᠢᠳᠡ ᠵᠠᠪᠠᠯ ᠨᠠᠷᠢᠨ ᠬᠢᠨᠠᠮᠠᠭᠠᠢ ᠰᠤᠷᠤᠯᠴᠠᠨ ᠣᠶᠢᠯᠠᠭᠠᠵᠤ᠂ ᠦᠨᠡᠨ ᠬᠦ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠬᠡᠷᠡᠭᠲᠡᠶ᠃ ᠪᠢᠳᠡ ᠰᠢ ᠶᠢᠨ ᠫᠢᠩ ᠨᠥᠬᠦᠷ ᠢᠶᠠᠷ ᠭᠤᠣᠯ ᠪᠣᠯᠭᠠᠭᠰᠠᠨ ᠨᠠᠮ ᠤᠨ ᠲᠥᠪ ᠬᠤᠷᠢᠶᠠᠨ ᠤ ᠲᠣᠭᠤᠷᠢᠨ ᠳᠤ ᠨᠠᠩ ᠨᠢᠭᠲᠠᠷᠠᠨ ᠪᠦᠯᠬᠦᠮᠳᠡᠵᠦ᠂ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠠᠭᠤᠤ ᠶᠡᠭᠡ ᠲᠤᠭ ᠢ ᠥᠨᠳᠥᠷ ᠮᠠᠨᠳᠤᠭᠤᠯᠵᠤ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠨᠠᠷᠢᠨ ᠬᠢᠨᠠᠮᠠᠭᠠᠶ ᠰᠤᠷᠤᠯᠴᠠᠨ ᠲᠤᠭᠤᠰᠢᠯᠠᠭᠤᠯᠵᠤ᠂ ︽ᠳᠥᠷᠪᠡᠨ ᠤᠬᠠᠮᠰᠠᠷ︾ ᠢᠶᠠᠨ ᠴᠢᠩᠭᠠᠳᠬᠠᠵᠤ᠂ ︽ᠳᠥᠷᠪᠡᠨ ᠢᠲᠡᠭᠡᠯ︾ ᠢᠶᠠᠨ ᠪᠠᠲᠤᠳᠬᠠᠵᠤ᠂ ︽ᠬᠤᠶᠠᠷ ᠢ ᠬᠠᠮᠠᠭᠠᠯᠠᠬᠤ︾ ᠶᠢ ᠪᠡᠶᠡᠯᠡᠭᠦᠯᠵᠦ᠂ ᠵᠤᠷᠢᠬᠳᠠᠢ ᠪᠠᠷ ᠤᠷᠤᠭᠰᠢᠯᠠᠨ᠂ ᠰᠢᠷᠭᠠᠭᠤ ᠬᠠᠲᠠᠭᠤᠵᠢᠯᠲᠠᠶ ᠠᠵᠢᠯᠯᠠᠵᠤ᠂ ᠲᠦᠭ ᠲᠦᠮᠡᠨ ᠦᠷᠡᠭᠳᠡᠭᠰᠡᠨ ᠪᠠᠭᠠᠲᠤᠷᠴᠤᠳ ᠤᠨ ᠡᠭᠦᠳᠦᠨ ᠨᠡᠭᠡᠭᠡᠭᠰᠡᠡ ᠠᠭᠤᠤ ᠶᠡᠭᠡ ᠦᠢᠯᠡᠰ ᠢ ᠦᠷᠭᠦᠯᠵᠢᠯᠡᠨ ᠠᠬᠢᠭᠤᠯᠵᠤ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠬᠦ ᠰᠢᠢᠳᠪᠦᠷᠢᠲᠦ ᠢᠯᠠᠯᠲᠠ ᠶᠢ ᠤᠯᠬᠤ᠂ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠠᠭᠤᠤ ᠶᠡᠭᠡ ᠢᠯᠠᠯᠲᠠ ᠶᠢ ᠲᠡᠮᠡᠴᠡᠨ ᠤᠯᠬᠤ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢᠨ ᠳᠤᠮᠳᠠᠳᠤ ᠶᠢᠨ ᠵᠡᠭᠦᠳᠦ ᠶᠢ ᠲᠡᠷᠭᠡᠯᠰᠢᠭᠦᠯᠬᠦ᠂ ᠠᠷᠠᠳ ᠲᠦᠮᠡᠨ ᠤ ᠰᠠᠶᠢᠨ ᠰᠠᠶᠢᠬᠠᠨ ᠠᠮᠢᠳᠤᠷᠠᠯ ᠤᠨ ᠬᠦᠰᠡᠯ ᠡᠷᠡᠮᠡᠯᠵᠡᠯ ᠢ ᠪᠡᠶᠡᠯᠡᠭᠦᠯᠬᠦ ᠶᠢᠨ ᠲᠥᠯᠥᠭᠡ ᠴᠥᠬᠦᠷᠡᠰᠢ ᠦᠭᠡᠢ ᠲᠡᠮᠡᠴᠡᠶ᠎ᠡ ᠭᠡᠵᠤ ᠢᠯᠡᠳᠭᠡᠪᠡ᠃    ᠶᠠᠷᠢᠯᠴᠠᠬᠤ ᠬᠤᠷᠠᠯ ᠳᠡᠭᠡᠷ᠎ᠡ᠂ ᠲᠥᠪ ᠤᠨ ᠨᠠᠮ ᠤᠨ ᠲᠡᠤᠬᠡ ᠪᠠ ᠲᠤᠯᠭᠤᠷ ᠪᠢᠴᠢᠭ ᠤᠨ ᠰᠤᠳᠤᠯᠭᠠᠨ ᠤ ᠬᠦᠷᠢᠶᠡᠯᠡᠩ ᠤᠨ ᠳᠠᠷᠤᠭ᠎ᠠ ᠴᠢᠦᠶ ᠴᠢᠩ ᠱᠠᠨ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠭᠡᠰᠢᠭᠦᠨ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠤᠯᠤᠰ ᠲᠥᠷᠥ ᠶᠢᠨ ᠠᠵᠢᠯ ᠤᠨ ᠬᠡᠯᠲᠡᠰ ᠤᠨ ᠡᠷᠬᠢᠯᠡᠭᠴᠢ ᠮᠢᠶᠣᠣ ᠬᠤᠸᠠ᠂ ᠶᠠᠫᠣᠨ ᠢ ᠡᠰᠡᠷᠭᠦᠴᠡᠬᠦ ᠳᠠᠶᠢᠨ ᠳᠤ ᠣᠷᠣᠯᠴᠠᠵᠤ ᠥᠩᠭᠡᠷᠡᠭᠰᠡᠨ ᠠᠬᠠᠮᠠᠳ ᠪᠠᠶᠢᠯᠳᠤᠭᠴᠢᠳ ᠤᠨ ᠲᠥᠯᠥᠭᠡᠯᠡᠭᠴᠢ ᠸᠠᠩ ᠡᠸ᠋ᠨ ᠲᠢᠶᠠᠨ᠂ ᠵᠠᠯᠠᠭᠤ ᠰᠤᠷᠤᠭᠴᠢᠳ ᠤᠨ ᠲᠥᠯᠥᠭᠡᠯᠡᠭᠴᠢ ᠴᠢᠶᠠᠨ ᠯᠢᠩ ᠰᠢᠶᠤᠤ ᠤᠷᠢᠳ ᠬᠤᠵᠢᠳ ᠦᠭᠡ ᠬᠡᠯᠡᠪᠡ᠃    ᠳ᠋ᠢᠩ ᠰᠢᠤᠸᠠᠢ ᠰᠢᠶᠠᠩ᠂ ᠸᠠᠩ ᠴᠧᠨ᠂ ᠰᠢᠤᠢ ᠴᠢ ᠯᠢᠶᠠᠩ᠂ ᠵᠠᠩ ᠶᠢᠦ ᠰᠢᠶᠠ᠂ ᠬᠤᠸᠠᠩ ᠺᠦᠨ ᠮᠢᠩ᠂ ᠼᠠᠢ ᠴᠢ᠂ ᠴᠧᠨ ᠵᠦ᠂ ᠰᠢᠶᠤᠤ ᠵᠢᠶᠧ᠂ ᠵᠠᠩ ᠴᠢᠩ ᠯᠢ ᠶᠠᠷᠢᠯᠴᠠᠬᠤ ᠬᠤᠷᠠᠯ ᠳᠤ ᠣᠷᠣᠯᠴᠠᠪᠠ᠃    ᠶᠠᠫᠣᠨ ᠢ ᠡᠰᠡᠷᠭᠦᠴᠡᠬᠦ ᠳᠠᠶᠢᠨ ᠳᠤ ᠣᠷᠣᠯᠴᠠᠭᠰᠠᠨ ᠠᠬᠠᠮᠠᠳ ᠪᠠᠶᠢᠯᠳᠤᠭᠴᠢ ᠵᠢᠴᠢ ᠶᠠᠫᠣᠨ ᠢ ᠡᠰᠡᠷᠭᠦᠴᠡᠬᠦ ᠳᠠᠶᠢᠨ ᠤ ᠵᠠᠩᠵᠤᠨ ᠤ ᠲᠥᠷᠥᠯ ᠰᠠᠳᠤᠨ ᠤ ᠲᠥᠯᠥᠭᠡᠯᠡᠭᠴᠢ᠂ ᠶᠠᠫᠣᠨ ᠢ ᠡᠰᠡᠷᠭᠦᠴᠡᠬᠦ ᠳᠠᠶᠢᠨ ᠤ ᠦᠷᠡᠭᠳᠡᠭᠰᠡᠨ ᠪᠠᠭᠠᠲᠤᠷᠴᠤᠳ ᠤᠨ ᠭᠡᠷ ᠪᠦᠯᠢ ᠶᠢᠨ ᠲᠥᠯᠥᠭᠡᠯᠡᠭᠴᠢ᠂ ᠲᠥᠪ ᠤᠨ ᠨᠠᠮ ᠵᠠᠰᠠᠭ ᠴᠡᠷᠢᠭ ᠣᠯᠠᠨ ᠲᠦᠮᠡᠨ ᠤ ᠪᠦᠯᠬᠦᠮ ᠤᠨ ᠬᠤᠯᠪᠣᠭᠳᠠᠯ ᠪᠦᠬᠦᠢ ᠰᠠᠯᠠᠭ᠎ᠠ ᠮᠥᠴᠢᠷ ᠪᠠ ᠪᠡᠭᠡᠵᠢᠩ ᠬᠤᠲᠠ ᠶᠢᠨ ᠬᠠᠷᠢᠭᠤᠴᠠᠯᠭᠠᠲᠠᠨ ᠨᠥᠬᠦᠳ᠂ ᠡᠯ᠎ᠡ ᠠᠷᠠᠳᠴᠢᠯᠠᠭᠰᠠᠨ ᠨᠠᠮ ᠪᠦᠯᠦᠭ ᠤᠨ ᠲᠥᠪ ᠬᠤᠷᠢᠶ᠎ᠠ᠂ ᠪᠦᠬᠦ ᠤᠯᠤᠰ ᠤᠨ ᠦᠢᠯᠡᠳᠪᠦᠷᠢ ᠬᠤᠳᠠᠯᠳᠤᠭᠠᠨ ᠤ ᠬᠤᠯᠪᠣᠭ᠎ᠠ ᠶᠢᠨ ᠬᠠᠷᠢᠭᠤᠴᠠᠯᠭᠠᠲᠠᠨ ᠪᠣᠯᠤᠨ ᠨᠠᠮ ᠪᠦᠯᠦᠭ ᠤᠨ ᠪᠤᠰᠤ ᠬᠥᠮᠦᠰ ᠤᠨ ᠲᠥᠯᠥᠭᠡᠯᠡᠭᠴᠢ᠂ ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠳᠠᠶᠢᠨ ᠤ ᠢᠯᠠᠯᠲᠠ ᠳᠤ ᠬᠤᠪᠢ ᠨᠡᠮᠡᠷᠢ ᠦᠵᠡᠭᠦᠯᠦᠭᠰᠡᠨ ᠣᠯᠠᠨ ᠤᠯᠤᠰ ᠤᠨ ᠨᠥᠬᠦᠷᠰᠡᠭ ᠬᠥᠮᠦᠰ ᠤᠨ ᠭᠡᠷ ᠪᠦᠯᠢ ᠶᠢᠨ ᠲᠥᠯᠥᠭᠡᠯᠡᠭᠴᠢ᠂ ᠨᠡᠶᠢᠰᠯᠡᠯ ᠤᠨ ᠡᠯ᠎ᠡ ᠡᠲᠡᠭᠡᠳ ᠤᠨ ᠤᠯᠠᠨ ᠲᠦᠮᠡᠨ ᠤ ᠲᠥᠯᠥᠭᠡᠯᠡᠭᠴᠢ ᠶᠠᠷᠢᠯᠴᠠᠬᠤ ᠬᠤᠷᠠᠯ ᠳᠤ ᠣᠷᠣᠯᠴᠠᠪᠠ᠃    
 
ᠢᠷᠡᠯᠲᠡ᠄ ᠲᠤᠮᠳᠠᠲᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠬᠡᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号