ᠥᠪᠥᠷ ᠮᠣᠩᠭᠤᠯ ᠤᠨ ᠵᠥᠩ ᠮᠧᠶ ᠪᠦᠯᠦᠭᠯᠡᠯ ᠤᠨ ᠮᠧᠩ ᠳ᠋ᠡ ᠰᠢᠨ᠎ᠡ ᠡᠨᠧᠷᠭᠢ ᠶᠢᠨ ᠬᠢᠮᠢ ᠶᠢᠨ ᠠᠵᠤ ᠦᠢᠯᠡᠳᠪᠤᠷᠢ ᠶᠢᠨ ᠬᠢᠵᠠᠭᠠᠷᠲᠤ ᠺᠣᠮᠫᠠᠨᠢ ᠨᠢ | ᠤᠯᠤᠰ ᠤᠨ ᠥᠮᠴᠢᠯᠡᠯᠲᠦ ᠠᠵᠤ ᠠᠬᠤᠶᠢᠯᠠᠯ ᠳᠤ ᠬᠠᠷᠢᠶᠠᠯᠠᠭᠳᠠᠵᠤ᠂ ᠳᠤᠮᠳᠠᠳᠤ ᠤᠯᠤᠰ ᠤᠨ ᠵᠥᠩ ᠮᠧᠶ ᠪᠦᠯᠦᠭᠯᠡᠯ ᠤᠨ ᠡᠨᠧᠷᠭᠢ ᠶᠢᠨ ᠬᠤᠪᠢ | ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ ᠪᠦᠷᠢᠨ ᠪᠡᠯᠡᠳᠦ ᠬᠤᠪᠢᠶᠠᠷᠢ ᠺᠣᠮᠫᠠᠨᠢ ᠪᠣᠯᠤᠨ᠎ᠠ᠂ ᠺᠣᠮᠫᠠᠨᠢ ᠨᠢ 2012 ᠣᠨ ᠤ 5 ᠰᠠᠷ᠎ᠠ ᠶᠢᠨ 9 ᠤ ᠡᠳᠦᠷ | ᠪᠠᠶᠢᠭᠤᠯᠤᠭᠳᠠᠵᠦ᠂ ᠮᠠᠨ ᠤ ᠬᠤᠰᠢᠭᠤᠨ ᠳᠤ ᠪᠠᠯᠠ ᠣᠷᠣᠭᠤᠯᠤᠨ ᠪᠥᠲᠥᠭᠡᠨ ᠪᠠᠶᠢᠭᠤᠯᠤᠭᠰᠠᠨ ᠵᠢᠯ ᠳᠤ 50 ᠲᠦᠮᠡᠨ ᠲᠣᠨ ᠢᠨᠵᠧᠨᠧᠷᠢᠩ ᠤᠨ ᠰᠦᠯᠢᠶᠣᠣ | ᠦᠢᠯᠡᠳᠪᠤᠷᠢᠯᠡᠵᠦ᠂ ᠨᠡᠶᠢᠲᠡ 104 ᠳ᠋ᠦᠩᠰᠢᠭᠤᠷ ᠲᠥᠭᠦᠷᠢᠭ ᠤᠨ ᠪᠠᠯᠠ ᠣᠷᠣᠭᠤᠯᠵᠤ᠂ 2013 ᠣᠨ ᠤ 3 ᠰᠠᠷ᠎ᠠ ᠳᠤ ᠪᠠᠷᠢᠯᠭ᠎ᠠ ᠡᠬᠢᠯᠡᠭᠦᠯᠦᠨ | ᠪᠠᠶᠢᠭᠤᠯᠵᠤ᠂ 2016 ᠣᠨ ᠤ 4 ᠰᠠᠷ᠎ᠠ ᠶᠢᠨ 20 ᠤ ᠡᠳᠦᠷ ᠪᠠᠶᠢᠭᠤᠯᠵᠤ ᠳᠠᠭᠤᠰᠬᠠᠭᠠᠳ ᠠᠰᠢᠭᠯᠠᠯᠲᠠ ᠳᠤ ᠣᠷᠣᠭᠤᠯᠵᠤ᠂ ᠶᠡᠷᠦᠩᠬᠡᠶ ᠲᠠᠯᠠᠪᠠᠶ ᠨᠢ 225 | ᠡᠾᠧᠺᠲ᠋ᠠᠷ ᠪᠣᠯᠤᠨ᠎ᠠ᠃ ᠲᠥᠷᠥᠯ ᠵᠦᠢᠯ ᠠᠴᠠ ᠭᠠᠳᠠᠨ᠎ᠠ ᠡᠷᠬᠢᠨ ᠲᠣᠭᠤᠷᠢᠨ ᠤ ᠮᠧᠲ᠋ᠢᠯ ᠠᠯᠺᠣᠣᠯ ᠢ ᠬᠤᠳᠠᠯᠳᠤᠨ ᠠᠪᠴᠤ ᠲᠦᠭᠦᠬᠡᠶ ᠮᠠᠲ᠋ᠧᠷᠢᠶᠠᠯ ᠪᠤᠯᠭᠠᠨ | ᠵᠢᠯ ᠤᠨ 60 ᠲᠦᠮᠡᠨ ᠲᠣᠨ ᠪᠥᠭᠡᠭᠡᠨᠡᠷᠡᠯ ᠠᠯᠭᠧᠨ ᠦᠢᠯᠡᠳᠪᠤᠷᠢᠯᠡᠵᠦ᠂ ᠭᠤᠤᠯ ᠪᠣᠯᠬᠤ ᠦᠢᠯᠡᠳᠭᠦᠨ ᠨᠢ ᠵᠢᠯ ᠤᠨ 30 ᠲᠦᠮᠡᠨ ᠲᠣᠨ ᠪᠥᠭᠡᠭᠡᠨᠡᠷᠡᠯ | ᠫᠷᠦᠫᠤᠨ᠂ ᠵᠢᠯ ᠤᠨ 30 ᠲᠦᠮᠡᠨ ᠲᠣᠨ ᠡᠲ᠋ᠧᠨ ᠤ ᠪᠥᠭᠡᠭᠡᠨᠡᠪᠦᠷᠢ ᠪᠣᠯᠤᠨ᠎ᠠ︔ ᠳᠠᠭᠠᠯᠳᠠ ᠦᠢᠯᠡᠳᠬᠦᠨ ᠨᠢ ᠵᠢᠯ ᠤᠨ7.2 ᠲᠦᠮᠡᠨ ᠲᠣᠨ C4᠂ ᠵᠢᠯ ᠤᠨ | 1.1ᠲᠦᠮᠡᠨ ᠲᠣᠨ MTBE᠂ ᠵᠢᠯ ᠤᠨ 2.68 ᠲᠦᠮᠡᠨ ᠲᠣᠨ C5 ᠪᠣᠯᠤᠨ᠎ᠠ᠃ 2019 ᠣᠨ ᠳᠤ ᠪᠥᠭᠡᠭᠡᠨᠡᠷᠡᠯ ᠠᠯᠺᠧᠨ ᠢ 74.54 ᠲᠦᠮᠡᠨ | ᠲᠣᠨ ᠦᠢᠯᠡᠳᠪᠦᠷᠢᠯᠡᠵᠦ᠂ 2020 ᠣᠨ ᠤ 1 — 5 ᠰᠠᠷ᠎ᠠ ᠳᠤ ᠪᠥᠭᠡᠭᠡᠨᠡᠷᠡᠯ ᠠᠯᠺᠧᠨ ᠢ 31.78 ᠲᠦᠮᠡᠨ ᠲᠣᠨ ᠦᠢᠯᠡᠳᠪᠦᠷᠢᠯᠡᠪᠡ᠃ | | | | |