ᠦᠣᠰᠢᠨ ᠤ ᠮᠠᠯᠴᠢᠳ ᠡᠪᠣᠯ ᠤᠨ ᠳᠥᠯ ᠲᠤᠰᠤᠭᠠᠳ ᠶᠠᠭᠠᠷᠠᠯᠳᠤᠨ᠎ᠠ
ᠨᠡᠶᠢᠲᠡᠯᠡᠭᠰᠡᠨ ᠴᠠᠭ᠄
2021/2/4
    ︽ᠪᠡᠯᠡᠳᠭᠡᠯ ᠲᠠᠢ ᠪᠣᠯ ᠪᠠᠯᠢᠳᠠᠬᠤ ᠦᠬᠡᠢ︾ ᠭᠡᠳᠡᠭᠴᠢᠯᠡᠨ ᠦᠣᠰᠢᠨ ᠬᠤᠰᠢᠭᠤᠨ ᠤ ᠮᠠᠯᠴᠢᠳ ᠡᠨ᠋ᠨ ᠡᠪᠣᠯ ᠢᠷᠡᠬᠦ ᠬᠠᠪᠣᠷ ᠤᠨ ᠳᠥᠯ ᠲᠣᠰᠬᠤ ᠠᠵᠢᠯ ᠳᠠᠭᠠᠨ ᠬᠠᠰᠢᠶ ᠎ᠠ ᠰᠠᠷᠡᠪᠴᠢ ᠶᠢᠨ ᠰᠠᠭᠤᠷᠢ ᠪᠦᠳᠣᠭᠡᠨ ᠪᠠᠶᠢᠭᠤᠯᠣᠯᠲᠠ᠂ ᠡᠪᠡᠰᠣ ᠪᠣᠷᠳᠣᠭᠠᠨ ᠤ ᠨᠦᠭᠡᠴᠠᠯᠠᠯᠲᠠ ᠵᠡᠷᠭᠡ ᠪᠡᠯᠡᠳᠭᠡᠯ ᠠᠵᠢᠯ ᠢ ᠬᠢᠵᠦ᠂ ᠳᠥᠯ ᠮᠠᠯ ᠤᠨ ᠮᠠᠨᠲᠣ ᠣᠨᠳᠣᠷᠣᠯᠲᠠ ᠳᠤ ᠪᠠᠳᠣᠯᠠᠭ᠎ᠠ ᠬᠠᠩᠭᠠᠵᠣ ᠪᠠᠶᠢᠨ᠎ᠠ᠃     ᠰᠦᠯᠳᠡ ᠰᠣᠮᠣᠨ ᠤ ᠲᠠᠯ᠎ᠠ ᠶᠢᠨ ᠣᠰᠤ ᠭᠠᠴᠠᠭᠠᠨ ᠤ ᠮᠠᠯᠴᠢᠨ ᠠᠯᠲᠠᠨᠳᠣᠪᠴᠢ ᠶᠢᠨ ᠬᠢᠨ 400 ᠭᠠᠷᠣᠢ ᠮᠦ ᠪᠡᠯᠴᠢᠬᠡᠷ ᠳᠡᠭᠡᠷ᠎ᠡ ᠪᠠᠨ 200 ᠭᠠᠷᠣᠢ ᠣᠷᠳᠣᠰ ᠤᠨ ᠨᠠᠷᠢᠨ ᠨᠣᠣᠰᠣᠳᠣ ᠬᠤᠨᠢ ᠮᠠᠯᠵᠢᠵᠣ ᠪᠤᠢ᠃ ᠲᠡᠳᠡᠨ ᠤ ᠬᠢᠨ 120 ᠭᠠᠷᠣᠢ ᠳᠦᠯᠵᠢᠬᠦ ᠬᠤᠨᠢᠨ ᠠᠴᠠ ᠤᠲᠣ ᠨᠢᠬᠡᠨᠲᠠ 50 ᠭᠠᠷᠣᠢ ᠳᠥᠯ ᠲᠣᠰᠴᠣ᠂ ᠬᠠᠰᠢᠶ᠎ᠠ ᠰᠠᠷᠡᠪᠴᠢ ᠶᠢᠨ ᠪᠦᠳᠣᠭᠡᠨ ᠪᠠᠶᠢᠭᠤᠯᠣᠯᠲᠠ᠂ ᠡᠪᠡᠰᠣ ᠪᠣᠷᠳᠣᠭᠠᠨ ᠤ ᠬᠠᠩᠭᠠᠯᠲᠠ ᠪᠦᠷᠢᠨ ᠬᠦᠢᠴᠡᠳ ᠠᠴᠠ ᠪᠤᠯᠵᠤ ᠡᠬᠡ ᠮᠠᠯ ᠤᠨ ᠭᠦᠴᠣ ᠲᠠᠮᠢᠷ᠂ ᠬᠤᠷᠠᠭᠠᠨ ᠤ ᠴᠠᠳᠬᠤᠪᠣᠷᠢ ᠵᠡᠷᠭᠡ ᠲᠠᠯ᠎ᠠ ᠪᠠᠷ ᠰᠠᠶᠢᠨ ᠪᠠᠶᠢᠵᠣ᠂ ᠲᠦᠯ ᠮᠠᠯ ᠤᠨ ᠮᠡᠨᠳᠤ ᠤᠨᠳᠤᠷᠤᠯᠲᠠ ᠶᠢ ᠪᠠᠳᠤᠯᠠᠭᠰᠠᠨ ᠪᠠᠶᠢᠨ᠎ᠠ᠃     ᠣᠶᠢᠷ᠎ᠠ ᠶᠢᠨ ᠵᠢᠯ ᠠᠴᠠ ᠨᠠᠭᠠᠰᠢ᠂ ᠠᠯᠳᠠᠨᠳᠣᠪᠴᠢ ᠶᠢᠨ ᠬᠢᠨ ᠪᠡᠯᠴᠢᠭᠡᠷ ᠨᠣᠳᠤᠭ ᠤᠨ ᠬᠢᠵᠠᠭᠠᠷᠯᠡᠯ ᠠᠴᠠ ᠪᠣᠯᠵᠤ ᠡᠪᠡᠰᠣ ᠪᠣᠷᠳᠤᠭ᠎ᠠ ᠪᠠᠨ ᠬᠠᠩᠭᠠᠯᠲᠠ ᠲᠠᠢ ᠨᠦᠭᠡᠴᠡᠯᠡᠵᠣ ᠡᠷᠲᠡ ᠶᠢᠨ ᠳᠥᠯ ᠲᠤᠰᠬᠤ᠂ ᠭᠤᠷᠪᠡᠨ ᠰᠠᠷ᠎ᠠ ᠲᠡᠵᠢᠭᠡᠨ ᠪᠣᠷᠳᠣᠵᠣ ᠪᠣᠷᠣᠯᠠᠭᠤᠯᠣᠨ ᠬᠤᠳᠠᠯᠳᠤᠬᠤ ᠠᠷᠭ᠎ᠠ ᠪᠠᠷ ᠵᠢᠯ ᠤᠨ 10 ᠭᠠᠷᠣᠢ ᠳᠦᠮᠡᠨ ᠳᠦᠭᠦᠷᠢᠭ ᠤᠨ ᠣᠷᠣᠯᠭ᠎ᠠ ᠡᠭᠦᠳᠬᠦ ᠪᠤᠯᠤᠭᠰᠠᠨ ᠪᠠᠶᠢᠨ᠎ᠠ᠃     ᠰᠦᠯᠳᠡ ᠰᠤᠮᠤᠨ ᠤ ᠪᠤᠷᠤᠬᠦ᠋ᠳᠡᠭᠡ ᠭᠠᠴᠠᠭᠠᠨ ᠤ ᠮᠠᠯᠴᠢᠨ ᠠᠯᠳᠠᠨ᠋ᠤ᠋ᠷᠬᠢᠯ ᠤᠨ ᠬᠢᠨ ᠣᠶᠢᠷ᠎ᠠ ᠶᠢᠨ ᠬᠤᠶᠠᠷ ᠵᠢᠯ ᠠᠴᠠ ᠮᠠᠯᠵᠢᠯ ᠤᠨ ᠪᠦᠳᠣᠴᠠ ᠳᠡᠭᠡᠨ ᠳᠣᠬᠢᠷᠠᠭᠤᠯᠣᠯᠲᠠ ᠬᠢᠵᠣ᠂ ᠵᠢᠯ ᠳᠤ ᠬᠤᠶᠠᠷ ᠤᠳᠠᠭ᠎ᠠ ᠬᠤᠷᠠᠭᠠᠯᠠᠳᠠᠭ 400 ᠭᠠᠷᠣᠢ ᠰᠢᠨ᠎ᠡ ᠡᠭᠦᠯᠳᠡᠷ ᠤᠨ ᠳ᠋ᠦ᠋ ᠪᠦᠸᠧ ᠬᠤᠨᠢ ᠮᠠᠯᠵᠢᠵᠣ᠂ 200 ᠭᠠᠷᠣᠢ ᠲᠥᠯᠵᠢᠬᠦ ᠮᠠᠯ ᠠᠴᠠ ᠣᠳᠤ ᠨᠢᠬᠡᠨᠲᠠ 70 ᠭᠠᠷᠣᠢ ᠲᠥᠯ ᠳᠣᠰᠴᠣ᠂ ᠡᠯ᠎ᠡ ᠲᠠᠯ᠎ᠠ ᠶᠢᠨ ᠪᠡᠯᠡᠳᠬᠡᠯ ᠠᠵᠢᠯ ᠪᠦᠷᠢᠨ ᠭᠦᠢᠴᠡᠳ ᠪᠤᠯᠤᠭᠰᠠᠨ ᠠᠴᠠ ᠲᠥᠯ ᠤᠨ ᠣᠨᠳᠣᠷᠣᠯᠳᠠ ᠰᠠᠶᠢᠨ ᠪᠠᠶᠢᠯ᠎ᠠ᠃ ᠠᠯᠳᠠᠨ᠋ᠤ᠋ᠷᠬᠢᠯ ᠤᠨ ᠬᠢᠨ 2015 ᠤᠨ ᠠᠴᠠ ᠡᠬᠢᠯᠡᠵᠦ᠂ 1500 ᠭᠠᠷᠤᠢ ᠮᠦ ᠪᠡᠯᠴᠢᠭᠡᠷ ᠲᠡᠭᠡᠷ᠎ᠡ ᠪᠠᠨ ᠬᠠᠰᠢᠶᠠᠯᠠᠨ ᠲᠡᠵᠢᠭᠡᠭᠦ ᠪᠤᠯᠤᠨ ᠪᠡᠯᠴᠢᠭᠡᠷᠯᠡᠭᠦᠯᠦᠨ ᠮᠠᠯᠵᠢᠬᠤ ᠠᠷᠭ᠎ᠠ ᠶᠢ ᠤᠶᠠᠯᠳᠤᠭᠤᠯᠤᠨ ᠮᠢᠬᠠᠨ ᠬᠤᠨᠢ ᠮᠠᠯᠵᠢᠬᠤ ᠠᠷᠭ᠎ᠠ ᠵᠠᠮ ᠢ ᠰᠦᠪᠡᠭᠴᠢᠯᠡᠵᠦ᠂ ᠵᠢᠯ ᠳᠡᠭᠡᠨ 500 ᠭᠠᠷᠤᠢ ᠬᠤᠷᠠᠭ᠎ᠠ ᠪᠤᠷᠤᠯᠠᠭᠤᠯᠳᠠᠭ ᠪᠤᠯᠵᠠᠢ᠃     ᠣᠶᠢᠷ᠎ᠠ ᠶᠢᠨ ᠵᠢᠯ ᠠᠴᠠ ᠨᠠᠭᠠᠰᠢ᠂ ᠦᠣᠰᠢᠨ ᠬᠤᠰᠢᠭᠤ ᠮᠠᠯᠴᠢᠳ ᠤᠨ ᠮᠠᠯᠵᠢᠯ ᠤᠨ ᠰᠠᠭᠤᠷᠢ ᠪᠦᠳᠣᠭᠡᠨ ᠪᠠᠶᠢᠭᠤᠯᠣᠯᠲᠠ᠂ ᠡᠪᠡᠰᠣ ᠪᠣᠷᠳᠣᠭᠠᠨ ᠤ ᠰᠠᠭᠤᠷᠢᠨ ᠭᠠᠵᠠᠷ᠂ ᠮᠡᠯ ᠰᠦᠷᠣᠭ᠌ ᠤᠨ ᠡᠪᠡᠳᠴᠢᠨ ᠭᠢᠵᠢᠭ ᠤᠨ ᠰᠡᠷᠭᠡᠶᠢᠯᠡᠯᠲᠡ ᠵᠡᠷᠭᠡ ᠠᠵᠢᠯ ᠢ ᠬᠠᠮᠲᠣ ᠳᠤᠨᠢ ᠠᠳᠬᠤᠵᠣ᠂ ᠴᠢᠨᠡᠷ ᠰᠠᠶᠢᠳᠡᠢ ᠮᠠᠯ ᠠᠵᠣ ᠠᠬᠤᠢ ᠶᠢ ᠭᠦᠭᠵᠢᠬᠦᠯᠬᠦ ᠳᠤ ᠪᠠᠲᠤ ᠪᠠᠬᠢ ᠰᠠᠭᠤᠷᠢ ᠶᠢ ᠳᠠᠯᠪᠢᠭᠰᠠᠨ ᠪᠠᠶᠢᠨ᠎ᠠ᠃ ᠣᠶᠢᠯᠠᠭᠠᠭᠰᠠᠨ ᠢᠶᠠᠷ᠂ ᠦᠣᠰᠢᠨ ᠬᠤᠰᠢᠭᠤ ᠡᠨ᠋ᠨ ᠡᠪᠣᠯ ᠢᠷᠡᠬᠦ ᠬᠠᠪᠣᠷ ᠨᠠᠶᠢᠳᠠ 45 ᠳᠦᠮᠡᠨ ᠳᠦᠯᠵᠢᠬᠦ ᠬᠤᠨᠢᠨ ᠠᠴᠠ 70 ᠳᠦᠮᠡᠨ ᠲᠥᠯ ᠳᠣᠰᠬᠤ ᠪᠠᠷ ᠪᠠᠶᠢᠵᠣ᠂ ᠡᠭᠦᠨ ᠳᠤ 10 ᠭᠠᠷᠣᠢ ᠳᠦᠮᠡᠨ ᠡᠪᠣᠯ ᠤᠨ ᠲᠥᠯ ᠲᠣᠰᠬᠤ ᠪᠠᠷ ᠪᠤᠢ᠃
ᠢᠷᠡᠯᠲᠡ᠄ ᠤᠷᠳᠤᠰ ᠮᠤᠩᠭᠤᠯ ᠰᠦᠯᠵᠢᠶ᠎ᠡ