ᠬᠦᠭᠵᠢᠯ ᠲᠠᠯᠠᠯᠤᠬᠰᠡᠨ ᠦᠯᠢᠢᠨᠴᠠᠶᠢᠳᠠᠮ ᠭᠠᠴᠠᠭ᠎ᠠ
ᠨᠡᠶᠢᠲᠡᠯᠡᠭᠰᠡᠨ ᠴᠠᠭ᠄
2021/2/4
     ᠮᠠᠰᠢᠨ ᠲᠡᠷᠭᠡᠨ ᠤ ᠬᠦᠷᠳᠤ ᠲᠠᠪᠬᠢᠨ ᠲᠠᠪᠬᠢᠬᠰᠠᠭᠠᠷ ᠴᠠᠭ ᠭᠠᠷᠤᠢ ᠦᠡᠭᠭᠡᠷᠡᠵᠤ ᠤᠳᠬᠤ ᠳᠤ ᠮᠦᠷ ᠮᠦᠷ ᠢᠶᠠᠷ ᠵᠢᠭᠳᠡᠷᠡᠭᠰᠡᠨ ᠬᠦᠳᠡᠭᠡ ᠲᠤᠰᠬᠤᠨ ᠤ ᠤᠳᠤᠬᠢᠴᠢᠯᠠᠬᠰᠡᠨ ᠭᠡᠷ ᠪᠠᠶᠢᠰᠢᠩ ᠨᠢᠳᠤᠨ᠎ᠡ ᠦᠷᠳᠦᠵᠤ ᠡᠭᠡᠭᠡ ᠯᠨ ᠨᠢᠭᠡ ᠲᠤᠮᠤᠭ ᠤᠨ ᠶᠢᠷᠳᠢᠨᠴᠤ ᠳᠤ ᠤᠷᠤᠬᠰᠡᠨ ᠬᠡᠮᠡᠷᠭᠡᠨ ᠲᠤᠷ᠎ᠠ ᠰᠤᠨᠢᠷᠬᠠᠯ ᠢ ᠲᠠᠳᠠᠵᠤ ᠪᠠᠶᠢᠯ᠎ᠠ᠃  ︿  200 ᠭᠠᠷᠤᠢ ᠡᠷᠤᠭᠡ ᠲᠠᠢ ᠲᠤᠰ ᠭᠠᠴᠠᠭ᠎ᠠ ᠮᠠᠨᠢ ᠤᠳᠤ ᠨᠢᠭᠡᠨᠳᠡ ᠦᠨᠳᠤᠰᠤᠨ ᠳᠡᠭᠡᠨ ᠶᠠᠳᠠᠭᠤ ᠠᠴᠠ ᠠᠩᠬᠢᠵᠢᠷᠠᠵᠤ᠂  ᠴᠢᠨᠡᠭᠡᠯᠢᠭ ᠠᠮᠢᠳᠤᠷᠠᠯ ᠦᠭᠡᠳᠡ ᠲᠡᠮᠡᠤᠯᠡᠵᠤ ᠶᠠᠪᠤᠭ᠎ᠠ ᠶᠤᠮ ᠰᠢᠤ᠃  ᠵᠦᠪᠭᠡᠨ ᠮᠠᠨ ᠤ ᠪᠠᠶᠢᠭᠤᠯᠭ᠎ᠠ 2020 ᠤᠨ ᠳᠤ 70 ᠭᠠᠷᠤᠢ ᠲᠦᠮᠡᠨ ᠲᠦᠭᠦᠷᠢᠭ ᠤᠨ ᠪᠡᠯᠨ ᠮᠦᠡᠭᠬᠦ  ᠵᠠᠷᠤᠴᠠᠭᠤᠯᠴᠢᠬᠠᠯ᠎ᠠ﹀ ᠭᠡᠵᠤ  ᠰᠤᠮᠤᠨ ᠲᠡᠭᠡᠷ᠎ᠡ ᠠᠴᠠ ᠪᠢᠳᠡᠨ ᠢ  ᠤᠬᠳᠤᠨ ᠲᠤᠰᠴᠤ ᠠᠪᠤᠬᠰᠡᠨ  ᠦᠤᠰᠢᠨ ᠬᠤᠰᠢᠭᠤᠨ ᠤ ᠵᠠᠬᠢᠳᠠᠯ ᠰᠤᠷᠪᠤᠯᠵᠢᠯᠠᠯ ᠤᠨ ᠲᠤᠪᠴᠢᠶᠠᠨ ᠤ ᠲᠠᠳ᠋ ᠲᠠᠷᠤᠭ᠎ᠠ᠂  ᠦᠯᠢᠢᠨᠴᠠᠶᠢᠳᠠᠮ ᠭᠠᠴᠠᠭᠠᠨ ᠳᠤ ᠰᠠᠭᠤᠭ᠎ᠠ ᠺᠠᠳ᠋ᠷ ᠲᠤᠳᠢ ᠪᠢᠳᠡᠨ ᠳᠤ ᠲᠠᠨᠢᠯᠴᠠᠭᠤᠯᠤᠨ ᠶᠠᠷᠢᠵᠤ ᠪᠠᠶᠢᠯ᠎ᠠ᠃      ᠪᠢᠳᠡᠨ ᠤ ᠮᠠᠰᠢᠨ ᠭᠠᠴᠠᠭᠠᠨ ᠳᠤ ᠬᠦᠷᠴᠤ ᠵᠤᠬᠰᠤᠬᠤ ᠳᠤ ᠠᠳᠡ ᠦᠨᠡᠭᠡᠷ ᠵᠢᠷᠤᠭ ᠰᠢᠭ᠋ ᠰᠠᠶᠢᠬᠠᠨ᠃  ᠦᠷᠭᠡᠨ ᠲᠠᠷᠳᠠᠩ ᠵᠠᠰᠡᠮᠠᠯ ᠵᠠᠮ ᠭᠠᠴᠠᠭᠠᠨ ᠲᠤᠮᠳᠠᠭᠤᠷ ᠰᠦᠯᠵᠢᠯᠳᠤᠨ ᠠᠯᠤᠰ ᠲᠤ ᠰᠤᠨᠤᠯᠵᠠᠨ ᠤᠳᠬᠤ ᠳᠤ᠂  ᠭᠠᠴᠠᠭᠠᠨ ᠤ ᠲᠦᠪ ᠲᠤ ᠡᠷᠡᠭᠦᠯ ᠬᠠᠮᠠᠭᠠᠯᠠᠯ ᠡᠮᠴᠢᠯᠡᠭᠡᠨ ᠤ ᠲᠠᠰᠤᠭ᠂  ᠬᠦᠭᠵᠢᠯᠳᠤ ᠰᠠᠶᠢᠬᠠᠨ ᠭᠡᠳᠤ ᠲᠡᠯᠭᠡᠭᠦᠷ᠂   ᠴᠡᠪᠡᠷ ᠠᠷᠢᠭᠤᠨ ᠨᠡᠶᠢᠳᠡ ᠶᠢᠨ ᠵᠤᠷᠯᠤᠩ᠂   ᠪᠤᠯᠪᠠᠰᠤᠨ ᠰᠠᠶᠢᠬᠠᠨ ᠨᠠᠮ ᠤᠨ ᠠᠵᠢᠯᠯᠠᠭᠠᠨ ᠤ ᠭᠡᠷ᠂ ᠰᠢᠨ᠎ᠡ ᠬᠡᠪ ᠰᠤᠷᠳᠡᠯᠳᠤ ᠠᠷᠠᠳ ᠤᠨ ᠬᠤᠭᠤᠯᠡᠨ ᠭᠡᠷ᠂ ᠦᠢᠷ᠎ᠠ ᠬᠠᠪᠢ ᠶᠢᠨ ᠠᠭᠤᠳᠠᠮ ᠲᠠᠯᠠᠪᠠᠢ ᠲᠡᠭᠡᠷ᠎ᠡ ᠨᠢ ᠪᠡᠰᠨ ᠪᠡᠶ᠎ᠡ ᠲᠠᠮᠢᠷ ᠤᠨ  ᠲᠤᠨᠤᠭ ᠲᠦᠭᠦᠭᠡᠷᠤᠮᠵᠢ ᠪᠦᠷᠢᠨ ᠵᠢᠬᠰᠠᠯᠴᠡᠨ ᠬᠠᠷᠠᠬᠳᠠᠨ᠎ᠠ᠃
1.png
2.png
3.png
4.png
5.png
6.png
     ᠦᠢᠯᠠᠭᠠᠬᠰᠡᠨ ᠢᠶᠠᠷ᠂  ᠦᠯᠢᠢᠨᠴᠠᠶᠢᠳᠠᠮ ᠭᠠᠴᠠᠭ᠎ᠠ ᠨᠢ ᠤᠷᠳᠤᠰ ᠬᠤᠳᠠ ᠶᠢᠨ ᠪᠠᠷᠠᠭᠤᠨ ᠡᠮᠤᠨᠡᠳᠤ ᠬᠡᠰᠡᠭ ᠲᠤ ᠪᠠᠶᠢᠷᠢᠰᠢᠵᠤ᠂  ᠦᠡᠭᠭᠡᠷᠡᠭᠰᠡᠨ ᠳᠤ ᠭᠠᠴᠠᠭᠠᠨ ᠤ ᠪᠠᠶᠢᠳᠠᠯ ᠪᠠᠷᠤᠬᠳᠠᠢ᠂  ᠪᠡᠯᠴᠢᠭᠡᠷ ᠪᠠᠭ᠎ᠠ᠂  ᠲᠠᠷᠢᠶᠠᠨ ᠭᠠᠵᠠᠷ ᠴᠦᠭᠡᠨ᠂   ᠭᠠᠴᠠᠭᠠᠨ ᠤ ᠬᠠᠮᠳᠤ ᠶᠢᠨ ᠠᠵᠤ ᠠᠬᠤᠢ ᠶᠢᠨ ᠲᠦᠷᠦᠯ ᠵᠦᠢᠯ ᠲᠠᠮᠢ ᠭᠡᠳᠤ ᠦᠭᠡᠢ᠂ ᠭᠠᠴᠠᠭᠠᠨ ᠤ ᠠᠷᠠᠳ ᠤᠨ ᠲᠤᠮᠳᠠᠬᠢ ᠵᠦᠷᠢᠴᠡᠯ ᠵᠢᠭᠤᠷᠠᠯᠳᠤᠭᠠᠨ ᠶᠡᠭᠡᠳᠠᠢ ᠪᠠᠶᠢᠬᠰᠡᠨ ᠠᠴᠠ ᠪᠠᠨ 2015 ᠤᠨ ᠳᠤ ᠦᠤᠰᠢᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ᠂  ᠵᠠᠬᠢᠳᠠᠯ  ᠰᠤᠷᠪᠤᠯᠵᠢᠯᠠᠯ ᠤᠨ ᠲᠤᠪᠴᠢᠶᠠᠨ ᠤ ᠲᠠᠭᠠᠭᠠᠴᠢᠯᠠᠨ ᠲᠡᠳᠭᠦᠭᠰᠡᠨ ᠭᠠᠴᠠᠭ᠎ᠠ  ᠪᠤᠯᠵᠤ᠂  ᠤᠬᠤᠷᠬᠠᠨ  ᠲᠠᠪᠤ ᠵᠢᠷᠭᠤᠭᠠᠨ ᠵᠢᠯ ᠤᠨ ᠲᠤᠳᠤᠷ᠎ᠠ ᠯᠤᠳᠤ ᠶᠡᠭᠡ ᠬᠤᠪᠢᠷᠠᠯᠳᠡ ᠶᠢ ᠠᠪᠴᠢᠷᠠᠨ᠂  ᠠᠳᠡ  ᠭᠠᠴᠠᠭ᠎ᠠ ᠲᠤᠰᠬᠤᠨ ᠤ ᠡᠰᠡᠨᠢᠯ ᠬᠦᠭᠵᠢᠯ ᠤᠨ ᠰᠢᠨ᠎ᠡ ᠬᠠᠭᠤᠳᠠᠰᠤ ᠨᠡᠭᠡᠭᠡᠭᠳᠡᠭᠰᠡᠨ ᠪᠠᠶᠢᠨ᠎ᠠ᠃      ᠶᠠᠳᠠᠭᠤ ᠠᠴᠠ ᠠᠩᠬᠢᠵᠢᠷᠠᠭᠤᠯᠤᠨ ᠪᠠᠶᠠᠵᠢᠯ ᠤᠨ ᠵᠠᠮ ᠳᠤ ᠬᠦᠳᠦᠯᠬᠦ ᠪᠤᠯ ᠲᠠᠭᠠᠭᠠᠴᠢᠯᠠᠨ ᠲᠡᠳᠭᠦᠭᠰᠡᠨ ᠨᠢᠭᠡᠴᠢ ᠶᠢᠨ ᠲᠡᠷᠢᠭᠦᠨ ᠴᠢᠬᠤᠯᠨ ᠠᠰᠠᠭᠤᠳᠠᠯ ᠪᠤᠯᠤᠬᠰᠡᠨ ᠶᠤᠮ᠃  ᠡᠭᠦᠨ ᠤ ᠲᠦᠯᠦᠭᠡ ᠲᠡᠳᠡ ᠰᠢᠯᠢᠳᠡᠭ ᠨᠠᠮ ᠤᠨ ᠭᠡᠰᠢᠭᠦᠨ ᠺᠠᠳ᠋ᠷ ᠢ ᠢᠳᠡᠪᠬᠢᠳᠠᠢ ᠰᠤᠩᠭᠤᠨ ᠲᠤᠮᠢᠯᠠᠵᠤ ᠭᠠᠴᠠᠭᠠᠨ ᠳᠤ ᠰᠠᠭᠤᠨ ᠠᠵᠢᠯᠯᠠᠬᠤ ᠡᠩᠨᠡᠭᠡ ᠶᠢ ᠪᠠᠶᠢᠭᠤᠯᠤᠨ ᠨᠢᠭᠡ ᠨᠢᠭᠡ ᠡᠷᠤᠭᠡ ᠪᠠᠷ ᠶᠠᠪᠤᠵᠤ ᠰᠤᠷᠪᠤᠯᠵᠢᠯᠠᠭᠤᠯᠤᠨ ᠠᠷᠠᠳ ᠤᠨ ᠰᠠᠨᠠᠭ᠎ᠠ ᠪᠤᠳᠤᠯ ᠢ ᠦᠢᠯᠠᠭᠠᠬᠰᠡᠨ ᠰᠠᠭᠤᠷᠢᠨ ᠲᠡᠭᠡᠷ᠎ᠡ ᠨᠠᠮ ᠤᠨ ᠲᠦᠷᠦ ᠶᠢᠨ ᠪᠤᠳᠤᠯᠭ᠎ᠠ᠂  ᠲᠠᠭᠠᠭᠠᠴᠢᠯᠠᠨ ᠲᠡᠳᠭᠦᠵᠤ ᠪᠠᠶᠢᠬᠤ  ᠪᠠᠶᠢᠭᠤᠯᠭ᠎ᠠ  ᠨᠢᠭᠡᠴᠢ ᠶᠢᠨ ᠠᠷᠭ᠎ᠠ ᠬᠡᠮᠵᠢᠶ᠎ᠡ ᠶᠢ ᠤᠬᠠᠭᠤᠯᠤᠬᠰᠡᠨ ᠪᠠᠶᠢᠨ᠎ᠠ᠃      ︿ᠤᠷᠢᠳᠤ ᠳᠤ  ᠭᠠᠴᠠᠭᠠᠨ ᠳᠤ ᠤᠯᠢᠬᠳᠠᠢ ᠠᠵᠤ ᠦᠢᠯᠡᠰ ᠭᠡᠵᠤ ᠦᠭᠡᠢ᠂  ᠭᠠᠴᠠᠭᠠᠨ ᠤ ᠠᠷᠠᠳ ᠦᠪᠡᠰᠤᠪᠡᠨ ᠵᠢᠭᠠᠬᠠᠨ ᠠᠷᠠᠴᠢᠯᠠᠵᠤ ᠲᠡᠵᠢᠭᠡᠬᠦ ᠦᠢᠯᠡᠰ ᠲᠤ ᠪᠠᠨ ᠲᠦᠰᠢᠭᠯᠡᠨ ᠠᠷᠭᠠᠴᠠᠭᠠᠵᠤ ᠪᠠᠶᠢᠬᠰᠡᠨ ᠶᠤᠮ᠃  ᠲᠠᠭᠠᠭᠠᠴᠢᠯᠡᠨ ᠲᠡᠳᠭᠦᠭᠦ ᠪᠠᠶᠢᠭᠤᠯᠭ᠎ᠠ ᠨᠢᠭᠡᠴᠢ ᠶᠢᠨ ᠬᠢᠨ ᠢᠷᠡᠭᠰᠡᠨ ᠠᠴᠠ ᠨᠠᠰᠢ ᠮᠠᠨ ᠤ ᠭᠠᠴᠠᠭᠠᠨ ᠳᠤ ᠯᠤᠳᠤ ᠶᠡᠭᠡ ᠬᠤᠪᠢᠷᠠᠯᠳᠡ ᠲᠠᠢ ᠪᠤᠯᠤᠬᠰᠡᠨ ᠶᠤᠮ﹀ ᠭᠡᠵᠤ  ᠤᠤᠯ ᠤᠨ ᠭᠠᠴᠠᠭᠠᠨ ᠲᠠᠷᠤᠭ᠎ᠠ ᠪᠢᠶᠠᠨ ᠭᠤᠸᠠᠩ ᠫᠢᠡᠭ ᠶᠠᠷᠢᠬᠤ ᠶᠤᠮ ᠪᠢᠯᠨ᠃
7.png
8.png
9.png
10.png
11.png
     ᠲᠠᠶᠢᠮᠤ ᠡ᠂  ᠦᠢᠷ᠎ᠠ ᠶᠢᠨ ᠵᠢᠯ ᠠᠴᠠ ᠨᠠᠰᠢ᠂  ᠦᠯᠢᠢᠨᠴᠠᠶᠢᠳᠠᠮ ᠭᠠᠴᠠᠭ᠎ᠠ ᠨᠢ ᠲᠤᠰ ᠭᠠᠴᠠᠭᠠᠨ ᠤ ᠡᠬᠢ ᠪᠠᠶᠠᠯᠢᠭ ᠤᠨ ᠪᠠᠶᠢᠳᠠᠯ ᠳᠤ ᠲᠦᠰᠢᠭᠯᠡᠨ ︿ᠲᠡᠷᠢᠵᠤ ᠲᠡᠵᠢᠭᠡᠬᠦ ᠶᠢ ᠤᠶᠠᠯᠳᠤᠭᠤᠯᠤᠨ᠂  ᠲᠠᠷᠢᠬᠤ ᠪᠠᠷ ᠲᠡᠵᠢᠭᠡᠬᠦ ᠶᠢ ᠠᠬᠢᠭᠤᠯᠤᠨ᠂  ᠲᠡᠵᠢᠭᠡᠬᠦ ᠪᠠᠷ ᠤᠷᠤᠯᠭ᠎ᠠ ᠶᠢᠨ ᠨᠡᠮᠡᠭᠳᠡᠯ ᠢ ᠪᠠᠳᠤᠯᠬᠠᠤ﹀ ᠠᠮᠢ ᠠᠬᠤᠢ ᠶᠢᠨ ᠡᠷᠬᠢᠯᠳᠡᠳᠤ ᠮᠠᠯ ᠲᠠᠷᠢᠶᠠᠯᠠᠩ ᠤᠨ ᠦᠢᠯᠡᠰ ᠤᠨ ᠬᠦᠭᠵᠢᠯᠳᠡ ᠶᠢᠨ ᠬᠡᠪ ᠵᠠᠬᠪᠤᠷ ᠢ ᠶᠡᠭᠡ ᠬᠦᠴᠦᠨ ᠢᠶᠠᠷ ᠬᠡᠷᠡᠭᠵᠢᠭᠦᠯᠤᠨ᠂  ᠦᠯᠢᠢᠨᠴᠠᠶᠢᠳᠠᠮ ᠭᠠᠴᠠᠭᠠᠨ ᠤ ︿ᠲᠠᠪᠤᠨ ᠲᠤᠭᠤᠷᠢᠭ ᠨᠢᠭᠡ ᠴᠤᠬᠴᠨ﹀ ᠶᠢᠨ ᠰᠢᠨ᠎ᠡ ᠪᠠᠶᠢᠳᠠᠯ ᠢ ᠦᠨᠳᠤᠷ ᠪᠠᠷᠢᠮᠵᠢᠶ᠎ᠠ ᠲᠡᠭᠡᠳᠤ ᠴᠢᠨᠠᠷ ᠴᠢᠨᠰᠠᠭ᠎ᠠ ᠪᠠᠷ ᠲᠦᠯᠤᠪᠵᠢᠭᠦᠯᠵᠤ ᠪᠦᠳᠦᠭᠡᠨ ᠪᠠᠶᠢᠭᠤᠯᠵᠤ᠂  ᠰᠡᠯᠡᠡᠭᠦᠴᠡᠯ ᠠᠮᠢᠳᠤᠷᠠᠯ ᠤᠨ ᠲᠤᠭᠤᠷᠢᠭ᠂   ᠲᠦᠪᠯᠡᠷᠡᠭᠦᠯᠵᠤ ᠠᠷᠠᠴᠢᠯᠠᠵᠤ ᠲᠡᠵᠢᠭᠡᠬᠦ ᠲᠤᠭᠤᠷᠢᠭ᠂  ᠬᠡᠪᠴᠢᠶᠡᠵᠢᠭᠦᠯᠦᠭᠰᠡᠨ ᠲᠠᠷᠢᠵᠤ ᠲᠡᠵᠢᠭᠡᠬᠦ ᠲᠤᠭᠤᠷᠢᠭ᠂  ᠵᠤᠭᠠᠴᠠᠵᠤ ᠲᠤᠭᠤᠷᠢᠬᠤ ᠲᠤᠭᠤᠷᠢᠭ᠂  ᠠᠮᠢ ᠠᠬᠤᠢ ᠶᠢᠨ ᠬᠦᠭᠵᠢᠯᠳᠡ ᠶᠢᠨ ᠲᠤᠭᠤᠷᠢᠭ ᠢ ᠲᠤᠬᠢᠷᠠᠮᠵᠢᠳᠠᠢ ᠪᠠᠶᠢᠷᠢᠯᠠᠭᠤᠯᠵᠤ ᠂  ᠦᠢᠯᠡᠳᠪᠤᠷᠢᠯᠡᠬᠦ᠂  ᠪᠤᠯᠪᠠᠰᠤᠷᠠᠭᠤᠯᠬᠤ᠂  ᠪᠤᠷᠤᠯᠠᠭᠤᠯᠬᠤ ᠭᠤᠷᠪᠡᠨ ᠵᠤᠷᠪᠤᠰ ᠤᠨᠴᠠᠯᠢᠬᠳᠤ ᠠᠵᠤ ᠦᠢᠯᠡᠰ ᠤᠨ ᠬᠡᠯᠬᠢᠶ᠎ᠡ ᠶᠢ ᠪᠦᠬᠦ ᠬᠦᠴᠦᠨ ᠢᠶᠠᠷ ᠡᠭᠦᠳᠴᠤ᠂  ᠠᠵᠤ ᠦᠢᠯᠡᠰ ᠤᠨ ᠭᠡᠪᠴᠢᠶᠡᠵᠢᠭᠦᠯᠤᠯᠳᠡ᠂  ᠠᠵᠤ  ᠦᠢᠯᠡᠰᠵᠢᠭᠦᠯᠤᠯᠳᠡ᠂  ᠨᠠᠷᠢᠯᠢᠬᠵᠢᠭᠤᠯᠤᠬᠰᠡᠨ ᠬᠦᠭᠵᠢᠯᠳᠡ ᠶᠢ ᠠᠬᠢᠭᠤᠯᠵᠤ᠂  ᠠᠮᠢ ᠠᠬᠤᠢ ᠶᠢᠨ ᠬᠡᠯᠪᠡᠷᠢᠳᠤ᠂  ᠦᠨᠳᠤᠷ ᠦᠷ᠎ᠡ ᠠᠰᠢᠭ ᠤᠨ ᠬᠡᠯᠪᠡᠷᠢᠳᠤ᠂  ᠬᠦᠳᠡᠭᠡ ᠨᠤᠳᠤᠭ ᠤᠨ ᠬᠡᠯᠪᠡᠷᠢᠳᠤ  ᠦᠪᠡᠷᠮᠢᠴᠨ ᠤᠨᠴᠠᠯᠢᠬᠳᠤ  ᠬᠦᠳᠡᠭᠡ ᠲᠤᠰᠬᠤᠨ ᠤ ᠪᠦᠳᠦᠭᠡᠨ ᠪᠠᠶᠢᠭᠤᠯᠤᠯᠳᠡ ᠶᠢ ᠲᠦᠷᠭᠡᠳᠭᠡᠭᠰᠡᠨ ᠪᠠᠶᠢᠨ᠎ᠠ᠃      ᠦᠯᠢᠢᠨᠴᠠᠶᠢᠳᠠᠮ ᠭᠠᠴᠠᠭᠠᠨ ᠤ ᠲᠠᠷᠢᠶᠠᠯᠠᠩ ᠤᠨ ᠦᠢᠯᠡᠰ ᠨᠢ ᠡᠷᠳᠡᠨᠢ ᠰᠢᠰᠢ ᠲᠠᠷᠢᠬᠤ ᠪᠠᠷ ᠭᠤᠤᠯᠳᠠᠭᠤᠯᠵᠤ ᠪᠠᠶᠢᠳᠠᠭ᠃  ᠭᠡᠳᠡᠯ᠎ᠡ ᠦᠡᠭᠭᠡᠷᠡᠭᠰᠡᠨ ᠳᠤ ᠲᠠᠷᠢᠵᠤ ᠤᠷᠭᠤᠭᠤᠯᠵᠤ ᠪᠠᠶᠢᠬᠰᠡᠨ ᠨᠢ ᠲᠠᠷᠬᠠᠢ ᠪᠤᠳᠠᠷᠬᠠᠢ᠂  ᠬᠡᠪᠴᠢᠶ᠎ᠡ ᠨᠢ ᠪᠠᠭ᠎ᠠ᠃  ᠡᠨᠡ ᠪᠠᠶᠢᠳᠠᠯ ᠳᠤ ᠴᠢᠭᠯᠡᠭᠦᠯᠤᠨ ᠭᠠᠴᠠᠭᠠᠨ ᠳᠤ ᠰᠠᠭᠤᠵᠤ ᠠᠵᠢᠯᠯᠠᠵᠤ ᠪᠠᠶᠢᠬᠤ ᠠᠩᠬᠢ ᠨᠢ  ᠭᠠᠴᠠᠭᠠᠨ ᠤ ᠠᠷᠠᠳ ᠢ ᠲᠠᠶᠢᠴᠢᠯᠡᠨ ᠲᠠᠷᠢᠮᠠᠯ ᠤᠨ ᠡᠭᠦᠯᠳᠡᠷ ᠪᠡ ᠦᠢᠯᠡᠳᠪᠤᠷᠢᠯᠡᠯ ᠤᠨ ᠮᠡᠷᠭᠡᠵᠢᠯ ᠢ ᠨᠢ ᠰᠠᠶᠢᠵᠢᠷᠠᠭᠤᠯᠤᠨ᠂  ᠠᠵᠤ ᠦᠢᠯᠡᠰ ᠤᠨ ᠪᠠᠶᠢᠭᠤᠯᠤᠯᠳᠡ ᠶᠢ ᠴᠢᠩᠭᠠᠳᠬᠠᠨ᠂   ᠪᠦᠳᠦᠭᠡᠭᠳᠡᠭᠦᠨ᠂  ᠤᠨᠠᠯᠳᠡ ᠶᠢᠨ ᠲᠠᠯ᠎ᠠ ᠲᠡᠭᠡᠷ᠎ᠡ ᠠᠰᠢᠭ ᠬᠦᠷᠳᠡᠬᠦ ᠶᠢ  ᠴᠢᠷᠮᠠᠶᠢᠨ ᠪᠡᠶᠡᠯᠡᠭᠦᠯᠪᠡ᠃       ᠬᠡᠯᠡᠯᠭᠡᠨ ᠦᠭᠡᠢ᠂  ᠦᠡᠭᠭᠡᠷᠡᠭᠰᠡᠨ ᠳᠤ ᠭᠠᠴᠠᠭᠠᠨ ᠤ ᠠᠷᠠᠳ ᠤᠨ ᠬᠠᠳᠤᠵᠤ ᠬᠤᠷᠢᠶᠠᠬᠰᠡᠨ ᠡᠷᠳᠡᠨᠢ ᠰᠢᠰᠢ ᠨᠢ ᠡᠭᠡᠭᠡᠵᠤ ᠬᠠᠳᠠᠭᠠᠬᠤ  ᠶᠡᠭᠡ ᠰᠢᠭ ᠲᠠᠯᠠᠪᠤᠷ ᠭᠡᠵᠤ ᠦᠭᠡᠢ ᠤᠴᠢᠷ ᠠᠴᠠ ᠬᠤᠷᠢᠶᠠᠬᠰᠡᠨ ᠲᠠᠷᠢᠮᠠᠯ ᠤᠨ ᠵᠦᠢᠯ ᠢᠶᠠᠨ  ᠲᠠᠷᠢᠶᠠᠨ ᠦᠵᠦᠭᠦᠷ  ᠪᠤᠶᠤ ᠵᠠᠮ ᠤᠨ ᠬᠠᠵᠠᠭᠤ  ᠬᠠᠪᠢ ᠪᠠᠷ ᠲᠤᠷ᠎ᠠ ᠪᠠᠷ ᠤᠪᠤᠭᠠᠯᠠᠵᠤ ᠪᠠᠶᠢᠳᠠᠭ ᠠᠴᠠ ᠪᠤᠯᠵᠤ ᠵᠠᠮ ᠨᠡᠪᠳᠡᠷᠡᠯᠭᠡ ᠬᠠᠷᠰᠢᠯᠠᠬᠳᠠᠵᠤ᠂  ᠶᠡᠭᠡᠭᠡᠨ ᠶᠠᠷᠰᠢᠭ ᠲᠦᠪᠡᠭ ᠪᠤᠯᠵᠤ ᠪᠠᠶᠢᠵᠠᠢ᠃  ᠡᠨᠡᠬᠦ ᠪᠠᠶᠢᠳᠠᠯ ᠳᠤ ᠬᠠᠨᠳᠤᠭᠤᠯᠤᠨ ᠲᠠᠭᠠᠭᠠᠴᠢᠯᠡᠨ ᠲᠡᠳᠭᠦᠵᠤ ᠪᠠᠶᠢᠬᠤ  ᠨᠢᠭᠡᠴᠢ ᠨᠢ ᠰᠤᠮᠤ ᠪᠠ ᠭᠠᠴᠠᠭ᠎ᠠ ᠲᠠᠢ ᠬᠤᠯᠪᠤᠭᠠᠯᠠᠨ ᠲᠦᠷᠦᠯ ᠵᠦᠢᠯ ᠤᠨ ᠪᠡᠯᠨ ᠮᠦᠡᠭᠬᠦ ᠶᠢ ᠭᠤᠶᠤᠴᠢᠯᠡᠨ ᠤᠯᠵᠤ᠂  ᠡᠭᠡᠭᠡᠵᠤ ᠬᠠᠳᠠᠭᠠᠬᠤ 3 ᠲᠠᠯᠠᠪᠤᠷ ᠢ ᠪᠠᠶᠢᠭᠤᠯᠤᠨ᠂  ᠡᠵᠡᠯᠡᠬᠦ ᠭᠠᠵᠠᠷ ᠤᠨ ᠲᠠᠯᠠᠪᠠᠢ ᠨᠢ 185 ᠮᠤ᠋ ᠳᠤ ᠬᠦᠷᠴᠠᠢ ︔  ᠵᠠᠮ ᠱᠤᠭᠤᠮ ᠤᠨ ᠬᠠᠮᠠᠭᠠᠯᠠᠯᠳᠡ ᠶᠢᠨ ᠲᠤᠤᠷ ᠢ 1000 ᠭᠠᠷᠤᠢ ᠮᠧᠲᠷ ᠲᠤᠬᠢᠷᠠᠭᠤᠯᠵᠠᠢ︔  ᠡᠷᠳᠡᠨᠢ ᠰᠢᠰᠢ ᠡᠭᠡᠭᠡᠵᠤ ᠬᠠᠳᠠᠭᠠᠬᠤ 2 ᠲᠦᠭᠦᠷ ᠮᠠᠰᠢᠨ ᠲᠦᠭᠦᠭᠡᠷᠤᠮᠵᠢ ᠶᠢ ᠬᠤᠳᠠᠯᠳᠤᠨ ᠤᠷᠤᠭᠤᠯᠵᠤ᠂  ᠡᠳᠤᠷ ᠲᠤ  ᠬᠠᠳᠠᠭᠠᠵᠤ ᠲᠠᠶᠢᠯᠬᠦ  ᠡᠷᠳᠡᠨᠢ ᠰᠢᠰᠢ ᠶᠢᠨ ᠬᠡᠮᠵᠢᠶ᠎ᠡ ᠨᠢ 1000  ᠲᠤᠨ ᠳᠤ ᠬᠦᠷᠴᠠᠢ︔      ᠡᠭᠦᠨ ᠠᠴᠠ ᠭᠠᠳᠠᠨ᠎ᠠ ᠲᠠᠭᠠᠭᠠᠴᠢᠯᠡᠨ ᠲᠡᠳᠭᠦᠵᠤ ᠪᠠᠶᠢᠬᠤ  ᠨᠢᠭᠡᠴᠢ ᠨᠢ ᠪᠠᠰᠨ ᠭᠠᠴᠠᠭᠠᠨ ᠤ ᠬᠠᠮᠳᠤ ᠶᠢᠨ ᠠᠵᠤ ᠠᠬᠤᠢ ᠶᠢ ᠪᠤᠵᠠᠭᠠᠶᠢᠷᠠᠭᠤᠯᠬᠤ ᠲᠡᠭᠡᠷ᠎ᠡ ᠬᠦᠴᠦ ᠪᠠᠨ ᠲᠠᠯᠪᠢᠵᠤ᠂  ᠤᠳᠤᠬᠢᠴᠢᠯᠠᠬᠰᠡᠨ᠂  ᠪᠠᠷᠢᠮᠵᠢᠶᠠᠵᠢᠬᠰᠡᠨ  ᠭᠠᠭ᠋ᠠᠢ ᠲᠡᠵᠢᠭᠡᠬᠦ ᠲᠠᠯᠠᠪᠠᠢ ᠶᠢ ᠪᠠᠶᠢᠭᠤᠯᠵᠤ᠂    ᠭᠠᠭ᠋ᠠᠢ ᠶᠢᠨ ᠬᠠᠰᠢᠶ᠎ᠡ 10 ᠂  ᠤᠰᠤ᠂ ᠴᠠᠬᠢᠯᠭᠠᠨ᠂  ᠵᠠᠮ᠂  ᠠᠷᠢᠭᠤᠳᠬᠠᠯ᠂  ᠬᠢᠵᠢᠭ ᠰᠡᠷᠭᠡᠶᠢᠯᠡᠯᠳᠡ ᠵᠢᠴᠢ ᠪᠠᠭᠠᠰᠤ ᠰᠢᠭᠡᠰᠤ ᠶᠢ ᠰᠢᠢᠳᠪᠤᠷᠢᠯᠡᠬᠦ ᠵᠡᠷᠭᠡ ᠲᠤᠨᠤᠭ ᠲᠦᠭᠦᠭᠡᠷᠤᠮᠵᠢ ᠶᠢ ᠲᠦᠭᠦᠷᠵᠢᠭᠦᠯᠵᠤ᠂  ᠡᠵᠡᠯᠡᠬᠦ ᠭᠠᠵᠠᠷ ᠤᠨ ᠲᠠᠯᠠᠪᠠᠢ ᠨᠢ 4000 ᠭᠠᠷᠤᠢ ᠲᠡᠭᠰᠢ ᠲᠦᠷᠪᠡᠯᠵᠢᠨ ᠮᠧᠲᠷ ᠲᠤ ᠬᠦᠷᠴᠤ᠂ 2020 ᠤᠨ ᠳᠤ ᠬᠠᠰᠢᠶᠠᠨ ᠠᠴᠠ ᠭᠠᠷᠭᠠᠬᠰᠡᠨ ᠭᠠᠭ᠋ᠠᠢ ᠶᠢᠨ ᠲᠤᠭ᠎ᠠ ᠨᠢ 2000 ᠲᠤᠯᠤᠭᠠᠢ ᠳᠤ ᠬᠦᠷᠴᠠᠢ᠃   ᠤᠤᠯ ᠤᠨ ᠭᠠᠴᠠᠭᠠᠨ ᠲᠠᠷᠤᠭ᠎ᠠ ᠪᠢᠶᠠᠨ ᠭᠤᠸᠠᠩ ᠫᠢᠡᠭ ᠪᠢᠳᠡᠨ ᠳᠤ ᠶᠠᠷᠢᠬᠤ  ᠳᠠᠭᠠᠨ᠄ ︿  ᠭᠠᠭ᠋ᠠᠢ ᠲᠡᠵᠢᠭᠡᠬᠦ ᠲᠠᠯᠠᠪᠠᠢ ᠶᠢ ᠦᠪᠤᠷ ᠮᠤᠩᠭᠤᠯ ᠤᠨ ᠵᠸᠡᠭ ᠳ᠋ᠠ ᠬᠢᠵᠠᠭᠠᠷᠳᠤ ᠺᠤᠮᠫᠠᠨᠢ ᠲᠠᠢ ᠬᠤᠷᠰᠢᠵᠤ ᠪᠠᠶᠢᠭᠤᠯᠤᠬᠰᠡᠨ ᠶᠤᠮ᠃  ᠤᠳᠤᠬᠠᠨ  ᠳᠤ ᠮᠡᠭᠡᠵᠢ ᠭᠠᠭ᠋ᠠᠢ ᠪᠡ ᠠᠯᠠᠰᠢᠨ ᠭᠠᠭ᠋ᠠᠢ ᠪᠦᠷ ᠪᠠᠶᠢᠨ᠎ᠠ᠃  ᠬᠤᠶᠢᠰᠢᠳᠡ ᠭᠠᠭ᠋ᠠᠢ ᠶᠢᠨ ᠲᠤᠷᠤᠢ ᠶᠢ ᠬᠠᠭᠠᠰ ᠦᠨ᠎ᠡ ᠪᠠᠷ  ᠭᠠᠴᠭᠠᠠᠨ ᠤ ᠠᠷᠠᠳ ᠲᠤ ᠦᠭᠴᠤ ᠲᠡᠵᠢᠭᠡᠯᠭᠡᠨ᠂  ᠲᠡᠵᠢᠭᠡᠵᠤ ᠦᠰᠭᠡᠭᠰᠡᠨ ᠭᠠᠭ᠋ᠠᠢ ᠪᠠᠨ ᠪᠠᠰᠨ ᠲᠠᠬᠢᠨ ᠲᠤᠰ ᠲᠠᠯᠠᠪᠠᠢ ᠳᠤ ᠦᠭᠴᠤ ᠪᠤᠷᠤᠯᠠᠭᠤᠯᠤᠨ  ᠭᠠᠴᠠᠭᠠᠨ ᠤ ᠠᠷᠠᠳ ᠲᠤ ᠠᠰᠢᠭ ᠬᠦᠷᠳᠡᠭᠡᠨ ᠤᠷᠤᠯᠭ᠎ᠠ ᠶᠢ ᠨᠢ ᠨᠡᠮᠡᠭᠳᠡᠭᠦᠯᠬᠦ ᠵᠤᠷᠢᠯᠭ᠎ᠠ ᠲᠠᠢ﹀ ᠭᠡᠵᠤ ᠪᠠᠶᠢᠯ᠎ᠠ᠃       ᠡᠭᠦᠨ ᠤ ᠬᠠᠮᠳᠤ ᠲᠠᠭᠠᠭᠠᠠᠴᠢᠯᠡᠨ ᠲᠡᠳᠭᠦᠵᠤ ᠪᠠᠶᠢᠬᠤ ᠪᠠᠶᠢᠭᠤᠯᠭ᠎ᠠ ᠨᠢᠭᠡᠴᠢ ᠨᠢ ᠭᠠᠴᠠᠭᠠᠨ ᠤ ᠵᠦᠪᠯᠡᠯ ᠲᠠᠢ ᠬᠠᠮᠳᠤ ᠪᠠᠷ ᠤᠰᠤ᠂  ᠴᠠᠬᠢᠯᠭᠠᠨ᠂  ᠵᠠᠮ᠂  ᠪᠠᠶᠢᠭᠠᠯᠢ ᠶᠢᠨ ᠰᠢᠳᠠᠮᠠᠬᠠᠢ ᠭᠡᠢ᠂  ᠲᠤᠤᠷ ᠰᠦᠯᠵᠢᠶ᠎ᠡ ᠵᠡᠷᠭᠡ ᠰᠠᠭᠤᠷᠢ ᠲᠦᠭᠦᠭᠡᠷᠤᠮᠵᠢ ᠶᠢ ᠲᠦᠭᠦᠷᠵᠢᠭᠦᠯᠵᠤ᠂  ᠠᠷᠠᠳ ᠤᠯᠡᠨ ᠤ ᠬᠤᠭᠤᠯᠡᠨ ᠭᠡᠷ᠂  ᠲᠠᠷᠢᠶᠠᠯᠠᠬᠤ ᠰᠤᠶᠤᠯ ᠤᠨ ᠮᠦᠽᠸᠢ᠂   ᠲᠡᠵᠢᠭᠡᠯ ᠪᠤᠷᠳᠤᠭᠠᠨ ᠦᠢᠯᠡᠳᠪᠤᠷᠢ᠂  ᠲᠠᠷᠢᠶᠠᠯᠠᠩ ᠤᠨ ᠮᠠᠰᠢᠨ ᠤ ᠬᠦᠷᠢᠶᠡᠯᠡᠩ᠂  ᠡᠯᠧᠺᠲᠷᠤᠨ ᠬᠤᠳᠠᠯᠳᠤᠭᠠᠨ ᠤ ᠶᠠᠪᠤᠳᠠᠯ ᠤᠨ ᠦᠢᠯᠡᠴᠢᠯᠡᠭᠡᠨ ᠤ ᠭᠡᠷ ᠵᠡᠷᠭᠡ ᠶᠢ ᠪᠠᠶᠢᠭᠤᠯᠵᠤ᠂  ᠪᠠᠰᠨ  ᠰᠤᠶᠤᠯ ᠤᠨ ᠠᠵᠢᠯᠯᠠᠭᠠᠨ ᠤ ᠦᠷᠭᠡᠨ ᠲᠠᠯᠠᠪᠠᠢ 3᠂  ᠤᠰᠤ ᠪᠠᠷ ᠠᠷᠢᠭᠤᠳᠬᠠᠬᠤ ᠨᠡᠶᠢᠳᠡ ᠶᠢᠨ ᠵᠤᠷᠯᠤᠩ 3᠂  ᠪᠤᠵᠠᠷ ᠤᠰᠤ ᠶᠢ ᠠᠷᠢᠭᠤᠳᠬᠠᠨ ᠰᠢᠢᠳᠪᠤᠷᠢᠯᠡᠬᠦ ᠭᠠᠵᠠᠷ 4 ᠪᠠᠶᠢᠭᠤᠯᠵᠠᠢ᠃  ᠰᠡᠴᠡᠨᠴᠢᠮᠡᠭ ᠤᠨ ᠬᠢᠨ ᠪᠤᠯ ᠲᠤᠰ ᠭᠠᠴᠠᠭᠠᠨ  ᠳᠠᠭᠠᠨ ᠨᠡᠯᠢᠶᠡᠳ ᠪᠤᠯᠪᠠᠰᠤᠨ ᠲᠤᠬᠢᠯᠢᠭ ᠰᠠᠭᠤᠷᠢᠰᠢᠬᠰᠡᠨ ᠠᠶᠢᠯ ᠪᠤᠯᠤᠨ᠎ᠠ᠃   ᠪᠢᠳᠡ ᠲᠡᠳᠡᠨ ᠤ ᠬᠢᠨ ᠳᠤ ᠬᠦᠷᠬᠦ ᠳᠤ ᠭᠡᠷ ᠲᠤ ᠨᠢ ᠭᠡᠷ ᠪᠦᠯᠢ ᠶᠢᠨ ᠵᠤᠷᠯᠤᠩ᠂  ᠪᠠᠶᠢᠭᠠᠯᠢ ᠶᠢᠨ ᠰᠢᠳᠠᠮᠠᠬᠠᠢ ᠭᠡᠢ ᠂  ᠲᠤᠤᠷ ᠰᠦᠯᠵᠢᠶ᠎ᠡ ᠵᠡᠷᠭᠡ ᠪᠦᠷᠢᠨ ᠤᠬᠰᠠᠷᠠᠴᠢᠬᠠᠬᠰᠡᠨ ᠲᠤᠬᠢᠯᠢᠭ ᠰᠠᠶᠢᠬᠠᠨ ᠪᠠᠶᠢᠷᠢᠰᠢᠵᠤ ᠪᠠᠶᠢᠯ᠎ᠠ᠃  ᠰᠡᠴᠡᠨᠴᠢᠮᠡᠭ ᠪᠢᠳᠡᠨ ᠳᠤ ᠬᠡᠯᠡᠬᠦ ᠳᠡᠭᠡᠨ᠄  ︿ᠪᠢᠳᠡ ᠴᠢᠨᠢ ᠤᠳᠤ ᠬᠤᠭᠤᠯᠨ ᠪᠤᠳᠠᠭ᠎ᠠ ᠬᠢᠬᠦ ᠳᠤ ᠲᠦᠭᠦᠮ ᠮᠦᠷᠳᠡᠭᠡᠨ ᠲᠤᠤᠷ ᠰᠦᠯᠵᠢᠶ᠎ᠡ ᠵᠡᠷᠭᠡ ᠨᠡᠪᠳᠡᠷᠡᠵᠤ ᠠᠮᠢᠳᠤᠷᠠᠯ ᠲᠤᠩ ᠲᠦᠭᠦᠮ ᠪᠤᠯᠤᠬᠰᠡᠨ ᠰᠢᠤ﹀ ᠭᠡᠵᠤ ᠪᠠᠶᠢᠯ᠎ᠠ᠃  ᠡᠭᠦᠨ ᠠᠴᠠ ᠭᠠᠳᠠᠨ᠎ᠠ  ᠲᠤᠰ ᠭᠠᠴᠠᠭ᠎ᠠ ᠨᠢ ᠪᠠᠰᠨ  ᠭᠠᠵᠠᠷ ᠰᠢᠷᠤᠢ ᠪᠠᠷ ᠬᠤᠪᠢ ᠤᠷᠤᠬᠤ᠂  ᠲᠦᠷᠢᠶᠡᠰᠤᠯᠡᠭᠦᠯᠬᠦ  ᠵᠡᠷᠭᠡ ᠬᠡᠯᠪᠡᠷᠢ ᠪᠠᠷ ᠲᠠᠮᠵᠢᠨ ᠬᠠᠮᠳᠤ ᠶᠢᠨ ᠠᠵᠤ ᠠᠬᠤᠢ ᠶᠢᠨ ᠤᠷᠤᠯᠭ᠎ᠠ ᠶᠢ ᠨᠡᠮᠡᠭᠳᠡᠭᠦᠯᠵᠤ᠂ 2020 ᠤᠨ ᠳᠤ 30  ᠰᠢᠬᠠᠮ ᠲᠦᠮᠡᠨ ᠲᠦᠭᠦᠷᠢᠭ  ᠤᠨ ᠤᠷᠤᠯᠭ᠎ᠠ ᠶᠢ ᠡᠭᠦᠳᠴᠠᠢ᠃
12.png
15.png
14.png
13.png
      ᠶᠠᠨ ᠹᠸᠡᠭ ᠱᠸᠡᠭ ᠤᠨ ᠬᠢᠨ ᠪᠤᠯ ᠲᠤᠰ ᠭᠠᠴᠠᠭᠠᠨ ᠤ ᠮᠦᠨᠴᠤ ᠰᠦᠯᠳᠡ ᠰᠤᠮᠤᠨ ᠤ ᠶᠠᠳᠠᠭᠤ ᠠᠴᠠ ᠠᠩᠬᠢᠵᠢᠷᠠᠭᠤᠯᠤᠨ ᠪᠠᠶᠠᠵᠢᠭᠤᠯᠤᠬᠰᠡᠨ ᠲᠠᠶᠢᠴᠢᠯᠠᠬᠴᠢ ᠬᠦᠮᠤᠨ ᠪᠤᠯᠤᠨ᠎ᠠ᠃  ᠡᠳᠡᠨ ᠤ ᠬᠢᠨ ᠤᠷᠢᠳᠤ ᠳᠠᠭᠠᠨ ᠲᠦᠷᠪᠡᠨ ᠠᠮᠨ ᠪᠦᠯᠢ ᠲᠠᠢ᠃  ᠬᠤᠶᠠᠷ ᠬᠡᠤᠭᠡᠳ ᠨᠢ ᠰᠤᠷᠭᠠᠭᠤᠯᠢ ᠳᠤ ᠰᠠᠭᠤᠵᠤ᠂  ᠬᠤᠷᠢ ᠭᠠᠷᠤᠶᠢᠬᠠᠨ ᠮᠤ᠋ ᠲᠠᠷᠢᠶᠠᠨ ᠭᠠᠵᠠᠷ ᠲᠠᠢ ᠪᠠᠶᠢᠬᠰᠡᠨ ᠮᠦᠷᠳᠡᠭᠡᠨ ᠡᠳᠡᠨ ᠤ ᠬᠢᠨ ᠤ ᠡᠷ᠎ᠡ ᠡᠮ᠎ᠡ ᠬᠤᠶᠠᠭᠤᠯᠨ ᠪᠠᠨ ᠦᠷᠭᠦᠯᠵᠢᠳᠡ ᠠᠷᠢᠬᠢ ᠤᠤᠭᠤᠵᠤ ᠵᠤᠳᠤᠭᠠᠨ ᠮᠤᠳᠤᠭᠠᠨ ᠬᠢᠬᠦ ᠵᠡᠷᠭᠡ ᠪᠠᠷ ᠠᠮᠢᠳᠤᠷᠠᠯ ᠳᠠᠭᠠᠨ ᠤᠯᠢᠬᠳᠠᠢ ᠰᠠᠶᠢᠨ ᠴᠢᠷᠮᠠᠶᠢᠳᠠᠭ ᠦᠭᠡᠢ ᠪᠠᠶᠢᠬᠰᠡᠨ ᠠᠴᠠ 2015 ᠤᠨ ᠳᠤ ᠶᠠᠳᠠᠭᠤ ᠡᠷᠤᠭᠡ  ᠶᠢᠨ ᠲᠤᠭᠠᠨ ᠳᠤ ᠲᠠᠩᠰᠠᠯᠠᠭᠤᠯᠵᠠᠢ᠃  ᠲᠠᠭᠠᠭᠠᠴᠢᠯᠡᠨ ᠲᠡᠳᠭᠦᠵᠤ ᠪᠠᠶᠢᠬᠤ ᠨᠢᠭᠡᠴᠢ ᠵᠢᠴᠢ ᠭᠠᠴᠠᠭᠠᠨ ᠤ ᠵᠦᠪᠯᠡᠯ ᠤᠨ ᠬᠢᠨ 60 ᠲᠡᠭᠰᠢ ᠲᠦᠷᠪᠡᠯᠵᠢᠨ ᠮᠧᠲᠷ ᠤᠨ ᠬᠤᠨᠢᠨ ᠬᠤᠷᠤᠭ᠎ᠠ᠂ 120  ᠲᠡᠭᠰᠢ ᠲᠦᠷᠪᠡᠯᠵᠢᠨ ᠮᠧᠲᠷ ᠤᠨ ᠭᠠᠭ᠋ᠠᠢ ᠶᠢᠨ ᠬᠤᠷᠤᠭ᠎ᠠ ᠪᠠᠷᠢᠵᠤ ᠦᠭᠴᠤ ᠪᠠᠰᠨ ᠰᠠᠭᠤᠬᠤ ᠭᠡᠷ ᠢ ᠨᠢ ᠵᠡᠰᠡᠨ ᠰᠡᠯᠪᠢᠵᠤ ᠦᠭᠭᠦᠭᠰᠡᠨ ᠠᠴᠠ ᠭᠠᠳᠠᠨ᠎ᠠ ᠪᠠᠰᠨ 8000 ᠭᠠᠷᠤᠢ ᠲᠦᠭᠦᠷᠢᠭ ᠤᠨ ᠪᠡᠯᠨ ᠮᠦᠡᠭᠬᠦ ᠴᠤᠬᠯᠠᠭᠤᠯᠤᠨ᠂  ᠡᠳᠡᠨ ᠤ ᠬᠢᠨ ᠳᠤ ᠤᠷᠢᠳ ᠬᠤᠵᠢᠳ 10 ᠢᠮᠠᠭ᠎ᠠ᠂ 2 ᠮᠡᠭᠡᠵᠢ ᠭᠠᠭ᠋ᠠᠢ᠂ 1 ᠦᠭᠡᠷ ᠬᠤᠳᠠᠯᠳᠤᠨ ᠠᠪᠴᠤ ᠦᠭᠴᠤ᠂  ᠪᠠᠰᠨ ᠲᠠᠷᠢᠶᠠᠯᠠᠭ᠎ᠠ ᠶᠢᠨ ᠤᠯᠠᠷᠢᠯ ᠳᠤ ᠬᠢᠮᠢ ᠶᠢᠨ ᠪᠤᠷᠳᠤᠭᠤᠷ ᠡᠨᠡ ᠲᠡᠷᠨ ᠬᠦᠷᠭᠡᠨ ᠦᠭᠴᠠᠢ᠃  ᠡᠶᠢᠨᠬᠦ 2016 ᠤᠨ ᠳᠤ ᠡᠳᠡᠨ ᠤ ᠬᠢᠨ ᠶᠠᠳᠠᠭᠤ ᠠᠴᠠ ᠠᠩᠬᠢᠵᠢᠷᠠᠵᠤ᠂  ᠤᠳᠤ 65 ᠢᠮᠠᠭ᠎ᠠ᠂ 18 ᠭᠠᠭ᠋ᠠᠢ ᠂ 3 ᠦᠭᠡᠷ ᠲᠠᠢ ᠪᠤᠯᠵᠤ᠂  ᠨᠢᠭᠤᠷ ᠴᠢᠷᠠᠢ ᠳᠠᠭᠠᠨ ᠪᠠᠶᠠᠰᠤᠯ ᠤᠨ ᠭᠡᠭᠡ ᠲᠤᠳᠤᠷᠠᠭᠤᠯᠵᠠᠢ᠃  ︿  ᠲᠠᠭᠠᠭᠠᠴᠢᠯᠡᠨ ᠲᠡᠳᠭᠦᠵᠤ ᠪᠠᠶᠢᠬᠤ ᠨᠢᠭᠡᠴᠢ ᠶᠢᠨ ᠲᠤᠰᠠᠯᠠᠮᠵᠢ  ᠪᠠᠶᠢᠬᠰᠡᠨ ᠦᠭᠡᠢ ᠪᠤᠯ ᠪᠢᠳᠡ  ᠭᠡᠵᠢᠶ᠎ᠡ ᠪᠠᠶᠠᠵᠢᠵᠤ ᠲᠠᠶᠢᠯᠬᠦ ᠪᠠᠨ ᠴᠤ ᠮᠡᠳᠡᠬᠦ ᠦᠭᠡᠢ ᠶᠤᠮ ᠰᠢᠤ﹀ ᠭᠡᠵᠤ ᠶᠠᠨ ᠹᠸᠡᠭ ᠱᠸᠡᠭ ᠪᠢᠳᠡᠨ ᠢ ᠬᠠᠷᠠᠵᠤ ᠲᠤᠬᠳᠤᠯᠤᠨ ᠶᠠᠷᠢᠬᠤ ᠶᠤᠮ ᠪᠢᠯᠨ᠃    ᠡᠭᠦᠨ ᠠᠴᠠ ᠭᠠᠳᠠᠨ᠎ᠠ ᠭᠠᠴᠠᠭᠠᠨ ᠤ ᠰᠤᠷᠳᠡᠯ ᠴᠤ ᠲᠠᠭᠠᠭᠠᠴᠢᠯᠡᠨ ᠲᠡᠳᠭᠦᠵᠤ ᠪᠠᠶᠢᠬᠤ ᠨᠢᠭᠡᠴᠢ ᠶᠢᠨ ᠺᠠᠳ᠋ᠷ ᠠᠵᠢᠯᠳᠡᠳ ᠤᠨ ᠴᠢᠷᠮᠠᠶᠢᠯᠭ᠎ᠠ ᠲᠤᠤᠷ᠎ᠠ ᠢᠳᠡᠭ ᠢᠳᠡᠭ ᠢᠶᠠᠷ  ᠰᠠᠶᠢᠵᠢᠷᠠᠵᠤ᠂  ᠤᠳᠤ ᠲᠤᠰ ᠭᠠᠴᠠᠭ᠎ᠠ ᠨᠢ ᠡᠯ᠎ᠡ ᠲᠡᠯ᠎ᠠ ᠲᠡᠭᠡᠷ᠎ᠡ ᠪᠠᠨ ᠰᠢᠨ᠎ᠡ ᠴᠠᠭ ᠦᠶ᠎ᠡ ᠶᠢᠨ ᠤᠳᠤᠬᠢᠴᠢᠯᠠᠬᠰᠡᠨ  ᠭᠠᠴᠠᠭ᠎ᠠ ᠲᠤᠰᠬᠤᠨ ᠤ ᠦᠡᠭᠭᠡ ᠲᠦᠷᠰᠤ ᠶᠢ ᠢᠯᠡᠷᠡᠭᠦᠯᠤᠨ᠂  ᠬᠤᠯᠨ ᠦᠢᠷ᠎ᠠ ᠶᠢᠨ ᠠᠶᠠᠨᠴᠢᠳ ᠤᠨ ᠨᠢᠳᠤᠨ ᠬᠠᠷᠠᠭ᠎ᠠ ᠶᠢ ᠪᠤᠯᠢᠶᠠᠵᠤ ᠡᠬᠢᠯᠡᠵᠠᠢ᠃   ︿  ᠭᠠᠴᠠᠭᠠᠨ ᠤ ᠬᠤᠪᠢᠷᠠᠯᠳᠡ ᠲᠤᠩ ᠶᠡᠭᠡ᠂  ᠤᠷᠢᠳᠤ ᠨᠢ ᠪᠤᠳᠤᠵᠤ ᠴᠤ ᠤᠯᠤᠬᠰᠡᠨ ᠦᠭᠡᠢ ᠰᠢᠤ﹀ ᠭᠡᠵᠤ ᠶᠠᠳᠠᠭᠤ ᠠᠴᠠ ᠠᠩᠬᠢᠵᠢᠷᠠᠬᠰᠡᠨ ᠡᠷᠤᠭᠡ ᠶᠢᠨ ᠡᠵᠡᠨ ᠭᠤᠤ ᠽᠢ ᠺᠤᠸᠠᠨ ᠶᠠᠷᠢᠬᠤ ᠳᠤ᠂ ᠲᠠᠷᠠᠭ᠎ᠠ ᠠᠯᠬᠤᠮ ᠳᠤ ᠰᠢᠶᠠᠩ ᠲᠤᠰᠬᠤᠨ ᠤ ᠵᠢᠭᠤᠯᠴᠢᠯᠠᠯ ᠤᠨ ᠦᠢᠯᠡᠰ ᠢ  ᠬᠦᠭᠵᠢᠭᠦᠯᠪᠡᠯ ᠨᠡᠩ ᠭᠤᠶᠤ ᠦᠵᠡᠮᠵᠢᠳᠠᠢ ᠪᠤᠯᠬᠤ ᠪᠢᠵᠨ ᠭᠡᠵᠤ ᠲᠤᠳᠢ ᠨᠦᠬᠦᠷ ᠶᠠᠷᠢᠵᠤ ᠪᠠᠶᠢᠯ᠎ᠠ᠃  
ᠢᠷᠡᠯᠲᠡ᠄ ᠣᠷᠳᠣᠰ ᠮᠣᠩᠭᠤᠯ ᠰᠦᠯᠵᠢᠶ᠎ᠡ