ᠭᠤᠷᠪᠠᠨ ᠥᠶ᠎ᠠ ᠶᠢᠨ 11 ᠨᠠᠮ ᠤᠨ ᠭᠡᠰᠢᠭᠦᠨ ᠪᠤᠳᠠᠳᠤ ᠠᠵᠢᠯᠯᠠᠭ᠎ᠠ ᠪᠠᠷ ᠢᠶᠠᠨ ᠳᠠᠷᠬᠠᠨ ᠬᠠᠷᠢᠭᠤᠴᠠᠯᠭ᠎ᠠ ᠪᠠᠨ ᠪᠠᠶᠠᠯᠠᠭᠦᠯᠵᠤ ᠪᠠᠶᠢᠨ᠎ᠠ
ᠨᠡᠶᠢᠲᠡᠯᠡᠭᠰᠡᠨ ᠴᠠᠭ᠄
2021/5/21
      ᠳᠤᠭ ᠪᠠᠯᠭᠠᠰᠣᠨ ᠤ ᠳᠠᠷᠬᠠᠨᠯᠠᠮ᠎ᠠ ᠭᠠᠴᠠᠭᠠᠨ ᠤ ᠠᠬᠠᠮᠠᠳ ᠨᠠᠮ ᠤᠨ ᠭᠡᠰᠢᠭᠦᠨ ᠰᠤᠶᠤᠯᠳᠦ ᠶᠢᠨ ᠬᠢᠨ ᠤ ᠭᠤᠷᠪᠡᠨ ᠦᠶ᠎ᠡ ᠶᠢᠨ 21 ᠭᠡᠷ ᠪᠦᠯᠢ ᠶᠢᠨ ᠭᠡᠰᠢᠭᠦᠨ ᠤ ᠳᠤᠲᠤᠷ᠎ᠠ 11 ᠨᠠᠮ ᠤᠨ ᠭᠡᠰᠢᠭᠦᠨ ᠲᠠᠢ ᠪᠠᠶᠢᠳᠠᠭ᠃ ᠭᠠᠷᠠᠭ ᠤᠨ ᠰᠡᠭᠦᠯᠴᠢ ᠶᠢᠨ ᠠᠮᠠᠷᠠᠯᠲᠠ ᠪᠠᠷ ᠰᠣᠶᠣᠯᠲᠤ ᠨᠠᠰᠤᠳᠠᠨ ᠤ ᠬᠢᠨ ᠭᠤᠷᠪᠠᠨ ᠦᠶ᠎ᠡ ᠪᠠᠷ ᠢᠶᠠᠨ ᠴᠤᠭᠯᠠᠷᠠᠵᠤ ᠪᠣᠰᠣᠣᠨ ᠢ ᠳᠠᠮᠵᠢᠨ ᠳᠣᠰᠠᠯᠠᠬᠤ ᠪᠣᠳᠠᠳᠣ ᠠᠵᠢᠯᠯᠠᠭ᠎ᠠ ᠦᠷᠨᠢᠬᠦᠯᠤᠨ ᠨᠢᠭᠡ ᠰᠡᠳᠬᠢᠯ ᠨᠢᠭᠡ ᠵᠤᠷᠢᠭ ᠢᠶᠠᠷ ᠨᠠᠮ᠂ ᠠᠷᠠᠳ ᠳᠦᠮᠡᠨ ᠳᠤ ᠦᠢᠯᠡᠴᠢᠯᠡᠵᠦ ᠪᠤᠳᠠᠳᠤ ᠠᠵᠢᠯᠯᠠᠭ᠎ᠠ ᠪᠠᠷ ᠢᠶᠠᠨ ᠡᠪ ᠬᠠᠮᠳᠤ ᠨᠠᠮ ᠤᠨ ᠭᠡᠰᠢᠭᠦᠨ ᠤ ᠳᠤᠯᠭᠤᠷ ᠵᠤᠷᠢᠯᠳᠠ ᠳᠠᠷᠬᠠᠨ ᠬᠠᠷᠢᠭᠤᠴᠠᠯᠭ᠎ᠠ ᠪᠠᠨ ᠪᠠᠶᠠᠯᠠᠭᠦᠯᠣᠨ ᠶᠠᠪᠤᠵᠥ ᠪᠠᠶᠢᠨ᠎ᠠ᠃      ᠭᠠᠷᠠᠭ ᠤᠨ ᠠᠮᠠᠷᠠᠯᠲᠠ ᠪᠠᠷ᠂ ᠲᠤᠭ ᠪᠠᠯᠭᠠᠰᠣᠨ ᠤ ᠳᠠᠷᠬᠠᠨᠯᠠᠮ᠎ᠠ ᠭᠠᠴᠠᠭᠠᠨ ᠤ ᠠᠬᠠᠮᠠᠳ ᠨᠠᠮ ᠤᠨ ᠭᠡᠰᠢᠭᠦᠨ ᠰᠤᠶᠤᠯᠳᠦ ᠶᠢᠨ ᠬᠢᠨ ᠭᠤᠷᠪᠠᠨ ᠦᠶ᠎ᠡ ᠪᠠᠷ ᠢᠶᠠᠨ ᠴᠣᠭᠯᠠᠷᠠᠵᠣ ᠨᠠᠮ ᠤᠨ ᠭᠡᠰᠢᠬᠦᠨ ᠤ ᠡᠬᠦᠷᠭᠡ ᠬᠠᠷᠢᠭᠤᠴᠠᠯᠭ᠎ᠠ ᠪᠠᠨ ᠭᠦᠴᠡᠳᠭᠡᠨ ᠣᠯᠡᠨ ᠳᠦᠮᠡᠨ ᠳᠤ ᠪᠣᠳᠠᠳᠣ ᠶᠠᠪᠣᠳᠠᠯ ᠬᠢᠬᠦ ᠪᠠᠷ ᠨᠣᠮ ᠤᠩᠰᠢᠵᠤ ᠴᠤᠭᠯᠠᠭᠤᠯᠬᠤ ᠲᠣᠷ᠎ᠠ ᠪᠠᠭ᠋ᠠᠳᠠᠢ ᠪᠠᠶᠢᠳᠠᠭ ᠭᠠᠴᠠᠭᠠᠨ ᠤ ᠮᠠᠯᠴᠢᠨ ᠤᠶᠤᠨᠳᠠᠯᠠᠢ ᠶᠢᠨ ᠳᠤ ᠭᠦᠷᠴᠤ ᠳᠡᠭᠦᠨ ᠤ ᠭᠦᠰᠡᠵᠤ ᠪᠠᠶᠢᠭᠰᠠᠨ ᠨᠣᠮ ᠰᠤᠳᠤᠷ ᠢ  ᠨᠢ ᠪᠡᠯᠩ ᠪᠤᠯᠭᠠᠨ  ᠭᠦᠷᠭᠡᠯ᠎ᠡ᠃
1.webp.jpg
2.webp.jpg
3.webp.jpg
      ᠰᠤᠶᠤᠯᠲᠤ ᠨᠠᠰᠤᠲᠠᠨ ᠡᠨᠡ ᠵᠢᠯ 80 ᠨᠠᠰᠤᠳᠠᠢ᠂ 1967 ᠣᠨ ᠳᠤ ᠴᠡᠷᠢᠭ ᠲᠤ ᠪᠠᠶᠢᠬᠤ ᠳᠤ ᠪᠠᠨ ᠨᠠᠮ ᠳᠤ  ᠤᠷᠤᠵᠤ 1969 ᠣᠨ ᠳᠤ ᠴᠡᠷᠢᠭ ᠠᠴᠠ ᠬᠠᠯᠠᠭᠳᠠᠨ ᠨᠤᠲᠤᠭ ᠲᠤ ᠪᠠᠨ ᠪᠤᠴᠠᠭᠰᠠᠨ ᠤ ᠳᠠᠷᠠᠭ᠎ᠠ ᠠᠷᠪᠠᠨ ᠬᠡᠳᠦᠨ ᠵᠢᠯ  ᠭᠠᠴᠠᠭᠠᠨ ᠤ ᠱᠦᠵᠢ ᠶᠢᠨ ᠠᠵᠢᠯ ᠢ ᠬᠠᠷᠢᠭᠤᠴᠠᠵᠤ ᠨᠠᠮ᠂ ᠣᠯᠠᠨ ᠲᠥᠮᠡᠨ ᠳᠤ ᠪᠠᠨ ᠦᠷᠭᠦᠯᠵᠢᠯᠡᠨ ᠦᠢᠯᠡᠴᠢᠯᠡᠵᠡᠢ᠃ ︽ᠨᠠᠮ ᠢᠶᠠᠨ ᠢᠲᠡᠬᠡᠵᠦ᠂ ᠠᠷᠠᠳ ᠲᠥᠮᠡᠨ ᠢᠶᠠᠨ ᠢᠲᠡᠬᠡᠵᠦ᠂ ᠨᠠᠮ ᠣᠯᠠᠨ ᠲᠥᠮᠡᠨ ᠳᠤ ᠪᠠᠨ ᠰᠠᠶᠢᠨ ᠦᠢᠯᠡᠴᠢᠯᠡᠬᠦ ᠬᠡᠷᠡᠭᠲᠡᠢ︾ ᠭᠡᠵᠦ ᠰᠤᠶᠤᠯᠲᠤ ᠨᠠᠰᠤᠲᠠᠨ ᠦᠷᠭᠦᠯᠵᠢ ᠦᠷ᠎ᠡ ᠬᠤᠶᠢᠴᠢᠰ ᠢᠶᠠᠨ ᠰᠤᠷᠭᠠᠳᠠᠭ ᠢᠶᠠᠷ ᠪᠠᠷᠠᠬᠤ ᠥᠭᠡᠢ ᠪᠤᠳᠠᠳᠤ ᠦᠢᠯᠡ ᠠᠵᠢᠯᠯᠠᠭ᠎ᠠ ᠪᠠᠷ ᠢᠶᠠᠨ ᠳᠠᠭᠤᠷᠢᠶᠠᠯ ᠪᠣᠯᠳᠠᠭ ᠪᠠᠶᠢᠨ᠎ᠠ᠃      ᠠᠬᠠᠮᠠᠳ ᠨᠠᠮ ᠤᠨ ᠭᠡᠰᠢᠭᠦᠨ ᠰᠤᠶᠤᠯᠳᠤ᠄ ︽ᠪᠢ ᠬᠡᠤᠬᠡᠳ ᠲᠤ ᠪᠠᠨ ᠨᠠᠮ ᠤᠯᠠᠨ ᠳᠦᠮᠡᠨ ᠳᠤ ᠪᠠᠨ ᠰᠠᠶᠢᠨ ᠦᠢᠯᠡᠴᠢᠯᠡᠵᠦ ᠤᠯᠠᠨ ᠳᠦᠮᠡᠨ ᠳᠤ ᠪᠠᠨ ᠦᠨᠡᠨᠴᠢ ᠰᠢᠳᠤᠷᠭᠤ ᠶᠠᠪᠤᠭᠠᠷᠠᠢ᠂ ᠨᠠᠮ ᠤᠯᠠᠨ ᠳᠦᠮᠡᠨ ᠢᠶᠠᠨ ᠢᠳᠡᠭᠡᠵᠤ ᠶᠠᠪᠤᠭᠠᠷᠠᠢ᠃ ᠨᠠᠮ ᠢᠶᠠᠨ ᠢᠳᠡᠭᠡᠬᠦ᠂ ᠤᠯᠠᠨ ᠳᠦᠮᠡᠨ ᠢᠶᠠᠨ ᠢᠳᠡᠭᠡᠭᠦ ᠡᠨᠡ ᠬᠤᠶᠠᠷ ᠦᠨᠳᠦᠰᠦᠯᠡᠯ ᠦᠭᠡᠢ ᠪᠣᠯ ᠪᠢᠳᠠ ᠶᠠᠮᠠᠷ ᠴᠤ ᠬᠡᠷᠡᠭ ᠢ ᠬᠢᠵᠦ ᠴᠢᠳᠠᠬᠤ ᠦᠭᠡᠢ᠃ ᠪᠢᠳᠠ ᠵᠠᠪᠠᠯ ᠨᠠᠮ᠂ ᠤᠯᠠᠨ ᠳᠦᠮᠡᠨ ᠢᠶᠠᠨ ᠢᠳᠡᠭᠡᠭᠦ ᠬᠡᠷᠡᠭᠳᠠᠢ᠃ ᠤᠯᠠᠨ ᠳᠦᠮᠡᠨᠴᠢ ᠠᠷᠭ᠎ᠠ ᠶᠢ ᠤᠯᠠᠨ ᠳᠦᠮᠡᠨ ᠳᠤ ᠬᠡᠷᠡᠭᠯᠡᠨ ᠤᠯᠠᠨ ᠳᠦᠮᠡᠨ ᠳᠤ ᠪᠠᠨ ᠰᠠᠶᠢᠨ ᠦᠢᠯᠡᠴᠢᠯᠠᠵᠤ᠂ ᠤᠯᠠᠨ ᠳᠦᠮᠡᠨ ᠳᠤ ᠪᠠᠨ ᠭᠦᠷᠢᠶᠡᠯᠡᠯ ᠲᠠᠢ ᠰᠠᠶᠢᠬᠠᠨ ᠪᠠᠶᠢᠵᠦ ᠪᠠᠶᠠᠷ ᠵᠢᠷᠭᠠᠯᠳᠠᠢ ᠠᠮᠢᠳᠤᠷᠠ ᠭᠡᠵᠦ ᠬᠡᠯᠡᠵᠦ ᠰᠤᠷᠭᠠᠳᠠᠭ ᠶᠤᠮ︾ ᠭᠡᠪᠡ᠃
4.webp.jpg
5.webp.jpg
6.webp.jpg
7.webp.jpg
      ᠣᠶᠢᠯᠠᠭᠠᠭᠰᠠᠨ ᠢᠶᠠᠷ᠂ ᠰᠤᠶᠤᠯᠲᠤ ᠨᠠᠰᠤᠲᠠᠨ ᠤ ᠲᠠᠪᠤᠨ ᠬᠡᠦᠬᠡᠳ ᠨᠢ ᠴᠦ ᠠᠪᠤ ᠶᠢᠨ ᠢᠶᠠᠨ ᠨᠥᠯᠦᠭᠡ ᠵᠢᠴᠢ ᠰᠤᠷᠭᠠᠨ  ᠬᠥᠮᠦᠵᠢᠯ ᠤᠨ ᠳᠤᠤᠷ᠎ᠠ ᠨᠠᠮ ᠤᠨ ᠭᠡᠰᠢᠭᠦᠨ ᠪᠤᠯᠤᠭᠰᠠᠨ ᠮᠥᠷᠲᠡᠭᠡᠨ ᠰᠤᠶᠤᠯᠲᠤ ᠨᠠᠰᠤᠲᠠᠨ ᠤ ᠬᠦᠷᠭᠡᠨ᠂ ᠪᠡᠷᠢ ᠨᠢ ᠴᠦ ᠨᠠᠮ ᠤᠨ ᠭᠡᠰᠢᠭᠦᠨ ᠪᠠᠶᠢᠵᠤ ᠭᠡᠷ ᠪᠥᠯᠢ ᠶᠢᠨ 21 ᠭᠡᠰᠢᠭᠦᠨ ᠤ ᠲᠤᠳᠤᠷ᠎ᠠ 11 ᠨᠠᠮ ᠤᠨ ᠭᠡᠰᠢᠭᠦᠨ ᠲᠠᠢ ᠪᠤᠯᠵᠠᠢ᠃ ᠲᠡᠳᠡ ᠡᠭᠦᠨ ᠢᠶᠠᠷ ᠢᠶᠠᠨ ᠤᠮᠤᠭᠰᠢᠯ ᠪᠣᠯᠭᠠᠨ ᠨᠢᠭᠡ ᠰᠡᠳᠬᠢᠯ ᠨᠢᠭᠡ ᠵᠤᠷᠢᠭ ᠢᠶᠠᠷ ᠢᠶᠠᠨ ᠨᠠᠮ᠂ ᠠᠷᠠᠳ ᠲᠥᠮᠡᠨ ᠳᠤ ᠪᠠᠨ ᠦᠢᠯᠡᠴᠢᠯᠡᠨ ᠪᠤᠳᠠᠳᠤ ᠦᠢᠯᠡ ᠠᠵᠢᠯᠯᠠᠭ᠎ᠠ ᠪᠠᠷ ᠢᠶᠠᠨ ᠡᠪ ᠬᠠᠮᠲᠤ ᠨᠠᠮ ᠤᠨ ᠭᠡᠰᠢᠭᠦᠨ ᠤ ᠲᠤᠯᠭᠤᠷ ᠵᠤᠷᠢᠯᠳᠠ ᠳᠠᠷᠬᠠᠨ ᠬᠠᠷᠢᠭᠤᠴᠠᠯᠭ᠎ᠠ ᠪᠠᠨ ᠪᠡᠶᠡᠯᠡᠬᠦᠯᠤᠨ ᠶᠠᠪᠣᠵᠣ ᠪᠠᠶᠢᠨ᠎ᠠ᠃        ᠰᠤᠶᠤᠯᠳᠤ ᠶᠢᠨ ᠪᠠᠭ᠎ᠠ ᠭᠦᠥ ᠠᠯᠳᠠᠨᠴᠤᠭᠳᠤ᠄ ︽ᠮᠠᠨᠠᠶᠢᠬᠢᠨ ᠠᠪᠤ᠂ ᠠᠬ᠎ᠠ ᠳᠡᠭᠦᠤ ᠲᠠᠢ ᠪᠠᠨ ᠨᠡᠶᠢᠳᠡ 11 ᠨᠠᠮ ᠤᠨ ᠭᠡᠰᠢᠭᠦᠨ ᠲᠠᠢ᠃ ᠤᠳᠤ 11 ᠨᠠᠮ ᠤᠨ ᠭᠡᠰᠢᠭᠦᠨ ᠦᠷᠭᠦᠯᠵᠢᠯᠠᠨ ᠠᠷᠠᠳ ᠳᠦᠮᠡᠨ ᠳᠤ ᠪᠠᠨ ᠪᠤᠳᠠᠳᠤ ᠠᠵᠢᠯ ᠢ ᠬᠢᠵᠦ᠂ ᠦᠭᠡᠷ᠎ᠡ ᠪᠤᠰᠤᠳ ᠤᠨ ᠭᠦᠰᠡᠯ ᠮᠦᠷᠦᠬᠡᠳᠦᠯ ᠢ ᠨᠢ ᠪᠡᠶᠡᠯᠡᠬᠦᠯᠬᠦ ᠠᠵᠢᠯᠯᠠᠭ᠎ᠠ ᠶᠢ ᠦᠷᠭᠦᠯᠵᠢᠯᠡᠨ ᠨᠡᠩ ᠰᠠᠶᠢᠨ ᠬᠢᠬᠦ ᠪᠠᠷ ᠴᠢᠷᠮᠠᠶᠢᠨ᠎ᠠ︾ ᠭᠡᠪᠡ᠃      ᠰᠤᠶᠤᠯᠳᠤ ᠶᠢᠨ ᠠᠴᠢ ᠬᠡᠤᠬᠡᠨ ᠳᠠᠷᠢᠮ᠎ᠠ᠄ ︽ᠪᠢ ᠠᠪᠤ᠂ ᠠᠪᠠᠭ᠎ᠠ ᠨᠠᠷ ᠤᠨ ᠨᠦᠯᠦᠭᠡ ᠠᠴᠠ ᠪᠤᠯᠵᠤ 2019 ᠤᠨ ᠳᠤ ᠨᠠᠮ ᠳᠤ ᠣᠷᠣᠬᠤ ᠡᠷᠭᠦᠳᠡᠯ ᠢᠶᠠᠨ ᠪᠢᠴᠢᠵᠠᠢ᠃ ᠨᠠᠮ ᠳᠤ ᠣᠷᠤᠬᠤ ᠡᠷᠭᠦᠳᠡᠯ ᠤᠨ ᠪᠢᠴᠢᠭ ᠲᠤ ᠪᠠᠨ ᠡᠪᠦᠭᠡ ᠠᠪᠤ᠂ ᠠᠪᠤ ᠶᠢᠨ ᠢᠶᠠᠨ ᠲᠤᠬᠠᠢ ᠤᠴᠢᠷ ᠢ ᠤᠯᠠᠨ ᠪᠢᠴᠢᠵᠠᠢ᠃ ᠪᠢ ᠤᠳᠤ ᠪᠣᠯ ᠪᠡᠯᠡᠳᠬᠡᠯ ᠨᠠᠮ ᠤᠨ ᠬᠡᠰᠢᠭᠦᠨ ᠪᠤᠯᠤᠨ᠎ᠠ᠃ ᠨᠠᠮ ᠳᠤ ᠤᠷᠤᠭᠰᠠᠨ ᠤ ᠳᠠᠷᠠᠭ᠎ᠠ ᠪᠢ ᠪᠡᠶ᠎ᠡ ᠪᠠᠨ ᠨᠡᠩ ᠴᠢᠩᠭ᠎ᠠ ᠱᠠᠭᠠᠷᠳᠠᠵᠤ ᠠᠷᠠᠳ ᠳᠦᠮᠡᠨ ᠳᠤ ᠪᠠᠨ ᠨᠡᠩ ᠢᠯᠡᠭᠦᠦ ᠦᠢᠯᠡᠴᠢᠯᠡᠶ᠎ᠡ ᠬᠡᠵᠦ ᠪᠤᠳᠤᠵᠤ ᠪᠠᠶᠢᠨ᠎ᠠ︾ ᠭᠡᠪᠡ᠃                                                           ᠰᠣᠷᠪᠣᠯᠵᠢᠯᠠᠭᠴᠢ ᠄  ᠬᠠᠰᠪᠣᠶᠠᠨᠲᠣ  ᠠᠷᠢᠭᠤᠨ᠎ᠠ  
ᠢᠷᠡᠯᠲᠡ᠄ ᠥᠥᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ