ᠦᠤᠰᠢᠨᠵᠤᠤ ᠪᠠᠯᠭᠠᠰᠤᠨ ᠤ ᠪᠠᠶᠠᠨᠳᠤᠯᠤᠭᠠᠢ ᠭᠠᠴᠠᠭᠠᠨ ᠳᠤ ᠨᠤᠳᠤᠭᠳᠠᠢ ᠦᠷᠡᠭᠳᠡᠭᠰᠡᠨ ᠪᠠᠭᠠᠳᠤᠷ ᠤᠨ ᠬᠤᠶᠢᠴᠢᠰ ᠰᠡᠴᠡᠨᠭᠡᠷᠡᠯ ᠨᠠᠮ ᠳᠤ ᠤᠷᠤᠭᠰᠠᠨ | 50 ᠭᠠᠷᠤᠢ ᠵᠢᠯ ᠤᠨ ᠲᠤᠷᠰᠢ ᠬᠤᠷᠠᠯ ᠰᠤᠷᠤᠯᠴᠠᠭ᠎ᠠ ᠪᠤᠯᠤᠨ ᠨᠠᠮ ᠲᠦᠷᠥ ᠶᠢᠨ ᠤᠳᠣᠷᠢᠳᠤᠯᠭᠠ ᠨᠠᠷ ᠤᠨ ᠴᠢᠬᠤᠯᠠ ᠶᠠᠷᠢᠶᠠᠨ ᠤ ᠠᠭᠤᠯᠭ᠎ᠠ ᠶᠢ ᠲᠡᠮᠳᠡᠭᠯᠡᠨ | ᠪᠢᠴᠢᠭᠰᠡᠭᠡᠷ ᠢᠷᠡᠵᠦ ᠵᠠᠯᠠᠭᠤ ᠨᠠᠮ ᠤᠨ ᠭᠡᠰᠢᠭᠦᠨ ᠳᠤ ᠬᠡᠪ ᠲᠠᠭᠤᠷᠢᠶᠠᠯ ᠪᠤᠯᠵᠤ ᠪᠠᠶᠢᠨ᠎ᠠ᠃ | 1966 ᠣᠨ ᠤ 10 ᠰᠠᠷ᠎ᠠ ᠳᠤ ︽ᠪᠥᠭᠦ ᠤᠯᠣᠰ ᠤᠨ ᠴᠦᠭᠡᠨ ᠴᠤᠭᠠᠳᠤ ᠦᠨᠳᠤᠰᠤᠳᠡᠨ ᠤ ᠮᠠᠯᠴᠢᠨ ᠲᠦᠯᠥᠭᠡᠯᠡᠭᠴᠢ︾ ᠪᠠᠷ ᠰᠤᠩᠭᠤᠭᠳᠠᠨ | ᠪᠡᠭᠡᠵᠢᠩ ᠳᠤ ᠤᠴᠢᠵᠤ ᠮᠠᠤ ᠽᠧ ᠳ᠋ᠦᠩ ᠲᠡᠷᠢᠭᠦᠯᠡᠭᠴᠢ ᠲᠠᠢ ᠨᠢᠭᠤᠷᠳᠠᠨ ᠤᠴᠠᠷᠠᠵᠤ ᠭᠠᠷ ᠠᠳᠬᠤᠭᠰᠠᠨ ᠰᠡᠴᠡᠨᠭᠡᠷᠡᠯ ᠨᠠᠰᠤᠳᠠᠨ ᠪᠣᠯ ᠦᠷᠡᠭᠳᠡᠭᠰᠡᠨ | ᠪᠠᠭᠠᠳᠤᠷ ᠤᠨ ᠬᠤᠶᠢᠴᠢᠰ ᠪᠠᠶᠢᠵᠤ᠂ ᠦᠤᠰᠢᠨ ᠬᠤᠰᠢᠭᠤᠨ ᠤ ᠴᠡᠷᠢᠭ ᠠᠴᠠ ᠬᠠᠯᠠᠭᠳᠠᠭᠰᠠᠳ ᠤᠨ ᠶᠠᠪᠤᠳᠠᠯ ᠤᠨ ᠲᠤᠪᠴᠢᠶᠠᠨ ᠤ ᠬᠢᠨ ᠰᠡᠴᠡᠨᠭᠡᠷᠡᠯ | ᠨᠠᠰᠤᠳᠠᠨ ᠳᠤ ᠲᠤᠮᠳᠠᠳᠤ ᠤᠯᠣᠰ ᠤᠨ ᠠᠷᠡᠳ ᠤᠨ ᠶᠠᠪᠤᠳᠠᠯ ᠤᠨ ᠶᠠᠮᠤᠨ ᠠᠴᠠ ᠤᠯᠭᠤᠭᠰᠠᠨ ᠠᠪᠤ ᠶᠢᠨ ᠬᠢᠨᠢ ᠦᠷᠡᠭᠳᠡᠭᠰᠡᠨ ᠪᠠᠭᠠᠳᠤᠷ ᠤᠨ ᠦᠨᠠᠮᠯᠠᠯ ᠢ | ᠭᠠᠷᠳᠠᠭᠤᠯᠵᠤ ᠨᠠᠮ ᠵᠠᠰᠠᠭ ᠤᠨ ᠬᠠᠯᠠᠭᠤᠨ ᠬᠠᠶᠢᠷ᠎ᠠ ᠶᠢ ᠬᠦᠷᠳᠡᠭᠡᠯ᠎ᠡ᠃ | 1917 ᠣᠨ ᠳᠤ ᠮᠡᠨᠳᠤᠯᠡᠭᠰᠡᠨ ᠰᠡᠴᠡᠨᠭᠡᠷᠡᠯ ᠤᠨ ᠠᠪᠤ ᠪᠠᠶᠠᠰᠬᠤ 1943 ᠣᠨ ᠤ 1 ᠰᠠᠷ᠎ᠠ ᠳᠤ ᠤᠯᠠᠭᠠᠨ ᠴᠡᠷᠢᠭ ᠤᠨ ᠪᠠᠶᠢᠯᠳᠤᠭᠴᠢ ᠪᠣᠯᠵᠤ | 1949 ᠣᠨ ᠤ 9 ᠰᠠᠷ᠎ᠠ ᠶᠢᠨ 10 ᠤ ᠡᠳᠤᠷ ᠮᠠᠨ ᠤ ᠬᠤᠰᠢᠭᠤᠨ ᠳᠤ ᠲᠠᠶᠢᠰᠤᠨ ᠳᠤ ᠬᠤᠤᠷᠯᠠᠭᠳᠠᠵᠤ ᠠᠵᠠ ᠪᠤᠰᠤ ᠪᠠᠷ ᠪᠡᠶ᠎ᠡ ᠦᠷᠡᠭᠳᠡᠭᠰᠡᠨ ᠪᠠᠶᠢᠨ᠎ᠠ᠃ | ᠰᠡᠴᠡᠨᠭᠡᠷᠡᠯ ᠨᠠᠰᠤᠳᠠᠨ ᠨᠠᠮ ᠤᠨ ᠭᠡᠰᠢᠭᠦᠨ ᠪᠤᠯᠤᠭᠰᠠᠨ 55 ᠵᠢᠯ ᠤᠨ ᠲᠤᠷᠰᠢ ᠭᠠᠴᠠᠭᠠᠨ ᠤ ᠨᠠᠮ ᠤᠨ ᠰᠤᠷᠤᠯᠴᠠᠭ᠎ᠠ ᠬᠦᠮᠦᠵᠢᠯ ᠳᠤ ᠢᠳᠡᠪᠬᠢᠯᠡᠨ | ᠤᠷᠤᠯᠴᠠᠭᠰᠠᠨ ᠤ ᠬᠠᠮᠳᠤ ᠡᠳᠤᠷ ᠤᠨ ᠲᠡᠮᠳᠡᠭᠯᠡᠯ᠂ ᠨᠠᠮ ᠲᠦᠷᠥ ᠶᠢᠨ ᠤᠳᠤᠷᠢᠳᠤᠯᠭ᠎ᠠ ᠨᠠᠷ ᠤᠨ ᠴᠢᠬᠤᠯᠠ ᠶᠠᠷᠢᠶᠡᠨ ᠤ ᠠᠭᠤᠯᠭ᠎ᠠ ᠶᠢ ᠦᠷᠭᠦᠯᠵᠢ ᠲᠡᠮᠳᠡᠭᠯᠡᠨ | ᠪᠢᠴᠢᠳᠡᠭ ᠪᠠᠶᠢᠨ᠎ᠠ᠃ ᠰᠡᠴᠡᠨᠭᠡᠷᠡᠯ ᠨᠠᠰᠤᠳᠠᠨ ᠤᠷᠴᠢᠮᠬᠠᠨ ᠨᠠᠮ ᠪᠠᠶᠢᠭᠤᠯᠤᠭᠳᠠᠭᠰᠠᠨ 100 ᠵᠢᠯ ᠤᠨ ᠤᠢ ᠶᠢ ᠪᠡᠯᠭᠡᠯᠡᠭᠦ ᠶᠡᠭᠡ ᠬᠤᠷᠠᠯ ᠲᠡᠭᠡᠷᠡᠭᠢ ᠶᠠᠷᠤᠩᠭᠡᠢ | ᠱᠦᠵᠢ ᠰᠢ ᠶᠢᠨ ᠫᠢᠩ ᠤᠨ ᠶᠠᠷᠢᠭᠰᠠᠨ ᠴᠢᠬᠤᠯᠠ ᠶᠠᠷᠢᠶᠡᠨ ᠤ ᠵᠣᠷᠢᠭ ᠰᠠᠨᠠᠭ᠎ᠠ ᠶᠢ ᠲᠡᠮᠳᠡᠭᠯᠡᠭᠰᠡᠨ ᠠᠭᠤᠯᠭ᠎ᠠ ᠪᠠᠨ ᠪᠠᠳᠤᠳᠬᠠᠵᠤ᠂ ᠡᠨᠡᠭᠦ ᠴᠢᠬᠤᠯᠠ | ᠶᠠᠷᠢᠶᠠᠨ ᠤ ᠠᠭᠤᠯᠭ᠎ᠠ ᠤᠳ ᠨᠢ ᠰᠡᠴᠡᠨᠭᠡᠷᠡᠯ ᠨᠠᠰᠤᠳᠠᠨ ᠤ ᠰᠡᠳᠬᠢᠯ ᠢ ᠲᠤᠭᠳᠣᠯᠠᠭᠤᠯᠵᠤ ᠡᠷᠴᠢ ᠵᠣᠷᠢᠭ ᠢ ᠨᠢ ᠬᠦᠪᠴᠢᠯᠡᠯ᠎ᠡ᠃ | | ᠰᠤᠷᠪᠤᠯᠵᠢᠯᠠᠭᠴᠢ᠄ ᠪᠤᠶᠠᠨᠳᠤ ᠯᠾᠠᠸᠠᠩᠨᠤᠷᠪᠤ ᠰᠤᠷᠭᠤᠭ ︵ᠲᠠᠳᠤᠯᠭ᠎ᠠ︶ |