80 ᠲᠦᠮᠡᠨ ᠵᠢᠷᠠᠭᠠᠬᠠᠢ ᠪᠠᠳᠥ ᠶᠢᠨ ᠲᠤᠬᠤᠢ ᠳᠤ ᠨᠤᠳᠤᠭᠰᠢᠯ᠎ᠠ
ᠨᠡᠶᠢᠲᠡᠯᠡᠭᠰᠡᠨ ᠴᠠᠭ᠄
2021/8/26
    ᠣᠶᠢᠷ᠎ᠠ ᠶᠢᠨ ᠡᠳᠤᠷ᠂ ᠮᠠᠨ ᠤ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠲᠤᠪᠴᠢᠶᠠᠨ ᠤ ᠬᠢᠨ ᠤᠰᠤᠨ ᠤ ᠠᠮᠢ ᠠᠬᠤᠢ ᠪᠤᠯᠤᠨ ᠵᠢᠭᠠᠰᠤᠨ ᠤ ᠤᠶᠢᠯᠡᠰ ᠢ ᠬᠦᠭᠵᠢᠭᠦᠯᠭᠦ ᠶᠢᠨ ᠲᠦᠯᠥᠭᠡ ᠰᠢᠷᠬᠤᠰᠤᠨ ᠪᠠᠯᠭᠠᠰᠤᠨ ᠳᠠᠬᠢ ᠪᠡᠳᠣ ᠶᠢᠨ ᠲᠤᠬᠤᠢ ᠵᠢᠭᠠᠰᠤᠨ ᠴᠦᠭᠦᠷᠦᠮ ᠳᠤ 80 ᠲᠦᠮᠡᠨ ᠵᠢᠷᠠᠭᠠᠬᠠᠢ ᠶᠢ ᠲᠠᠯᠪᠢᠯ᠎ᠠ᠃      ᠠᠵᠢᠯᠯᠠᠭᠠᠨ ᠳᠤ ᠤᠷᠳᠤᠰ ᠬᠤᠳᠠ᠂ ᠵᠡᠷᠭᠡᠯᠡᠳᠡᠭᠡ ᠬᠤᠰᠢᠭᠤ ᠲᠤᠭᠤᠷᠢᠭ ᠪᠤᠯᠤᠨ ᠬᠤᠰᠢᠭᠤ ᠲᠠᠷᠢᠶᠠᠯᠠᠩ ᠮᠠᠯ ᠠᠵᠤ ᠠᠬᠤᠢ ᠶᠢᠨ ᠲᠤᠪᠴᠢᠶᠠᠨ ᠤ ᠬᠠᠷᠢᠭᠤᠴᠠᠯᠭᠠᠳᠠᠳ ᠤᠷᠤᠯᠴᠠᠵᠤ 80 ᠲᠦᠮᠡᠨ ᠵᠢᠷᠠᠭᠠᠬᠠᠢ ᠶᠢ ᠰᠢᠷᠬᠤᠰᠤᠨ ᠪᠠᠯᠭᠠᠰᠤᠨ ᠤ ᠪᠡᠳᠤ ᠶᠢᠨ ᠲᠤᠬᠤᠢ ᠵᠢᠭᠠᠰᠤᠨ ᠴᠦᠭᠦᠷᠦᠮ ᠳᠤ ᠲᠠᠯᠪᠢᠵᠤ ᠡᠳᠡᠭᠡᠷ ᠵᠢᠷᠠᠭᠠᠬᠠᠢ ᠨᠢ ᠤᠰᠤᠨ ᠤ ᠠᠮᠢᠳᠤ ᠪᠣᠳᠠᠰ ᠤᠨ ᠤᠯᠠᠨ ᠵᠦᠢᠯᠳᠤ ᠴᠢᠨᠠᠷ ᠢ ᠬᠠᠮᠠᠭᠠᠯᠠᠬᠤ ᠪᠤᠯᠤᠨ ᠤᠰᠤᠨ ᠤ ᠠᠮᠢ ᠠᠬᠤᠢ ᠶᠢᠨ ᠤᠷᠴᠢᠨ ᠲᠤᠭᠤᠷᠢᠨ ᠢ ᠰᠡᠶᠢᠵᠢᠷᠠᠭᠤᠯᠬᠤ ︽ᠪᠠᠶᠢᠭᠠᠯᠢ ᠤᠷᠴᠢᠨ ᠤ ᠬᠠᠮᠠᠭᠠᠯᠠᠭᠴᠢ︾ ᠪᠤᠯᠵᠠᠢ᠃
1.webp.jpg
2.webp.jpg
3.webp.jpg
4.webp.jpg
    ᠬᠤᠰᠢᠭᠤ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶᠠᠨ ᠤ ᠮᠠᠯ ᠲᠠᠷᠢᠶᠠᠯᠠᠩ ᠤᠨ ᠮᠡᠷᠭᠡᠵᠢᠯ ᠢ ᠲᠦᠭᠡᠮᠡᠯᠵᠢᠭᠦᠯᠭᠦ ᠲᠥᠪ ᠤᠨ ᠡᠷᠭᠢᠯᠡᠭᠴᠢ ᠱᠤᠩᠬᠤᠷ᠄ ︽ᠡᠨᠡ ᠤᠳᠠᠭᠠᠨ ᠤ ᠠᠵᠢᠯᠯᠠᠭᠠᠨ ᠤ ᠲᠠᠷᠠᠭ᠎ᠠ ᠪᠢᠳᠠ ᠦᠷᠭᠦᠯᠵᠢ ᠪᠠᠳᠥ ᠶᠢᠨ ᠲᠤᠬᠤᠢ ᠳᠤ ᠢᠷᠡᠵᠦ ᠵᠢᠷᠠᠭᠠᠬᠠᠢ ᠶᠢᠨ ᠦᠰᠥᠯᠳᠡ ᠶᠢᠨ ᠪᠠᠶᠢᠳᠠᠯ᠂ ᠤᠰᠤᠨ ᠤ ᠴᠡᠪᠡᠷᠴᠡ ᠶᠢᠨ ᠪᠠᠶᠢᠳᠠᠯ᠂ ᠠᠮᠢ ᠠᠬᠤᠢ ᠶᠢᠨ ᠪᠠᠶᠢᠳᠠᠯ᠂ ᠠᠶᠤᠯᠭᠦᠢ ᠤᠶᠢᠯᠡᠳᠪᠤᠷᠢᠯᠠᠯ ᠵᠡᠷᠭᠡ ᠲᠠᠯ᠎ᠠ ᠪᠠᠷ ᠤᠯᠠᠨ ᠤᠳᠠᠭᠠᠨ ᠤ ᠪᠠᠶᠢᠴᠠᠭᠠᠯᠳᠠ ᠬᠢᠵᠦ ᠠᠵᠢᠯᠯᠠᠭ᠎ᠠ ᠦᠷᠨᠢᠭᠦᠯᠬᠦ ᠪᠠᠷ ᠪᠠᠶᠢᠨ᠎ᠠ︾ ᠬᠡᠪᠡ᠃    ᠮᠠᠨ ᠤ ᠬᠤᠰᠢᠭᠤ ᠵᠢᠯ ᠪᠤᠯᠭᠠᠨ ᠡᠶᠢᠮᠦᠷᠭᠦᠦ ᠠᠵᠢᠯᠯᠠᠭ᠎ᠠ ᠶᠢ ᠶᠠᠪᠤᠭᠳᠠᠭᠤᠯᠬᠤ ᠪᠠᠷ ᠲᠠᠮᠵᠢᠭᠤᠯᠵᠤ ᠨᠡᠶᠢᠭᠡᠮ ᠤᠨ ᠡᠯ᠎ᠡ ᠡᠳᠡᠭᠡᠳ ᠤᠨ ᠬᠢᠨ ᠤ ᠤᠰᠤᠨ ᠤ ᠠᠮᠢᠳᠤ ᠪᠤᠳᠠᠰ ᠢ ᠬᠠᠮᠠᠭᠠᠯᠠᠬᠤ ᠵᠢᠴᠢ ᠤᠷᠤᠰᠢᠨ ᠰᠠᠭᠤᠷᠢᠰᠢᠬᠤ ᠭᠠᠵᠠᠷ ᠤᠷᠤᠨ ᠤ ᠬᠠᠮᠠᠭᠠᠯᠠᠯᠳᠠ ᠶᠢ ᠠᠩᠬᠠᠷᠴᠤ ᠵᠢᠭᠠᠰᠤᠨ ᠤ ᠠᠵᠤ ᠤᠶᠢᠯᠡᠰ ᠤᠨ ᠬᠦᠭᠵᠢᠯᠳᠡ ᠪᠤᠯᠤᠨ ᠤᠷᠴᠢᠨ ᠠᠬᠤᠢ ᠶᠢ ᠬᠠᠮᠠᠭᠠᠯᠠᠬᠤ ᠤᠬᠠᠮᠰᠡᠷ ᠢ ᠨᠡᠮᠡᠭᠳᠡᠭᠦᠯᠵᠦ ᠪᠠᠶᠢᠨ᠎ᠠ᠃                              ᠰᠤᠷᠪᠤᠯᠵᠢᠯᠠᠭᠴᠢ᠄ ᠪᠤᠶᠠᠨᠳᠤ 
ᠢᠷᠡᠯᠲᠡ᠄ ᠥᠥᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ