︽ᠨᠣᠮᠢᠨ ᠪᠦᠷᠢᠳᠤ︾ ᠰᠠᠶᠢᠨ ᠲᠤᠷᠠᠴᠤᠳ ᠤᠨ ᠲᠤᠭᠤᠶᠢᠯᠠᠩ ᠤᠨ ᠪᠤᠶᠠᠠᠰᠠᠭ ᠠᠵᠢᠯᠯᠠᠭ᠎ᠠ ᠠᠷᠠᠳ ᠤᠨ ᠰᠡᠳᠬᠢᠯ ᠢ ᠳᠤᠯᠠᠭᠠᠴᠠᠭᠤᠯᠵᠤ ᠪᠠᠶᠢᠨ᠎ᠠ
ᠨᠡᠶᠢᠲᠡᠯᠡᠭᠰᠡᠨ ᠴᠠᠭ᠄
2022/1/13
      2022 ᠣᠨ ᠤ ᠰᠢᠨ᠎ᠡ ᠨᠢᠭᠡ ᠣᠨ ᠤ ᠪᠤᠱᠤᠭᠠᠨ ᠳᠤ ᠦᠥᠰᠢᠨᠵᠤᠤ ᠪᠠᠯᠭᠠᠰᠤᠨ ᠤ ᠪᠦᠷᠢᠳᠤ ᠭᠠᠴᠠᠭᠠᠨ ᠤ ᠮᠠᠯᠴᠢᠨ ᠨᠠᠮ ᠤᠨ ᠭᠡᠰᠢᠭᠦᠳ ᠢᠶᠠᠷ ᠪᠦᠷᠢᠯᠳᠦᠭᠰᠡᠨ ︽ᠨᠣᠮᠢᠨ ᠪᠦᠷᠢᠳᠤ︾ ᠰᠠᠶᠢᠨ ᠲᠤᠷᠠᠴᠤᠳ ᠤᠨ ᠳᠤᠭᠤᠶᠢᠯᠠᠩ ᠨᠢ ᠨᠠᠮ ᠤᠨ ᠲᠡᠥᠬᠡ ᠶᠢ ᠰᠤᠷᠤᠯᠴᠠᠨ ᠮᠠᠯᠴᠢᠨ ᠲᠠᠷᠢᠶᠠᠴᠢᠨ ᠳᠤ ᠪᠣᠳᠠᠲᠤ ᠤᠴᠢᠷ ᠬᠢᠵᠦ ᠮᠠᠯᠴᠢᠨ ᠴᠢᠮᠡᠭᠡᠯᠡᠭᠴᠢ ᠮᠠᠰᠢᠪᠠᠲᠤ ᠪᠤᠯᠤᠨ  ᠮᠠᠯᠴᠢᠨ ᠬᠠᠰᠵᠤᠷᠢᠭᠲᠤ ᠶᠢ ᠪᠣᠯᠭᠤᠭᠠᠨ ᠳᠣᠬᠤᠨᠢᠭᠤᠯᠬᠤ ᠪᠤᠶᠠᠠᠰᠠᠭ ᠠᠵᠢᠯᠯᠠᠭ᠎ᠠ ᠦᠷᠨᠢᠭᠦᠯᠵᠥ ᠰᠠᠶᠢᠨ ᠰᠠᠶᠢᠬᠠᠨ ᠢᠷᠣᠭᠡᠯ ᠵᠥᠡᠭᠨᠡᠯ ᠢᠶᠠᠷ ᠰᠢᠨ᠎ᠡ ᠣᠨ ᠤ ᠠᠵᠢᠯ ᠢᠶᠠᠨ ᠡᠬᠢᠯᠡᠭᠦᠯᠪᠡ᠃
1.png
2.png
5.png
9.png
8.png
       ᠦᠥᠰᠢᠨᠵᠤᠤ ᠪᠠᠯᠭᠠᠰᠤᠨ ᠤ ᠪᠦᠷᠢᠳᠦ ᠭᠠᠴᠠᠭᠠᠨ ᠤ ᠮᠠᠯᠴᠢᠨ ᠬᠠᠰᠵᠤᠷᠢᠭᠲᠤ ᠵᠢᠷᠭᠤᠭᠠᠨ ᠵᠢᠯ ᠤᠨ ᠡᠮᠦᠨ᠎ᠡ ᠪᠥᠭᠡᠷ᠎ᠡ ᠶᠢᠨ ᠡᠪᠡᠳᠴᠢᠨ ᠳᠤ ᠨᠡᠷᠪᠡᠭᠳᠡᠵᠥ ᠪᠡᠭᠡᠵᠢᠩ᠂ ᠬᠦᠬᠡᠬᠤᠲᠠ᠂ ᠲᠡᠮᠡᠭᠡᠲᠤ ᠵᠡᠷᠭᠡ ᠤᠯᠠᠨ ᠭᠠᠵᠠᠷ ᠢᠶᠠᠷ ᠡᠮᠨᠡᠭᠦᠯᠵᠦ ᠶᠡᠭᠡ ᠬᠡᠮᠵᠢᠶᠠᠨ ᠤ ᠵᠤᠭᠤᠰ ᠮᠥᠩᠬᠦ ᠵᠠᠷᠤᠴᠠᠭᠤᠯᠤᠭᠠᠳ ᠠᠵᠤ ᠠᠬᠤᠢ ᠶᠢᠨ ᠲᠠᠯ᠎ᠠ ᠪᠠᠷ ᠲᠠᠷᠤᠭᠠᠰᠤ ᠲᠠᠢ ᠪᠤᠯᠤᠭᠰᠠᠨ ᠪᠠᠶᠢᠵᠠᠢ᠃ ᠡᠨᠡᠬᠦ ᠪᠠᠶᠢᠳᠠᠯ ᠢ ᠣᠶᠢᠯᠠᠭᠠᠵᠤ ᠮᠡᠳᠡᠭᠰᠡᠨ ︽ᠨᠣᠮᠢᠨ ᠪᠦᠷᠢᠳᠤ︾ ᠰᠠᠶᠢᠨ ᠲᠤᠷᠠᠴᠤᠳ ᠤᠨ ᠳᠤᠭᠤᠶᠢᠯᠠᠩ  ᠨᠢ ᠡᠳᠡᠨᠡᠶᠢᠬᠢᠨ ᠳᠤ ᠢᠷᠡᠵᠦ ᠡᠮ ᠤᠨ ᠵᠦᠢᠯᠡᠰ᠂ ᠭᠤᠯᠢᠷ ᠲᠤᠲᠤᠷᠭ᠎ᠠ᠂ ᠵᠣᠭᠤᠰ ᠮᠥᠩᠬᠦ ᠬᠠᠨᠳᠢᠪᠯᠡᠵᠦ ᠬᠠᠯᠠᠮᠵᠢᠯᠠᠭᠰᠠᠨ ᠪᠠᠶᠢᠨ᠎ᠠ᠃      2021 ᠣᠨ ᠳᠤ ᠮᠠᠯᠴᠢᠨ ᠬᠠᠰᠡᠷᠳᠡᠨᠢ ᠠᠴᠠ ᠰᠠᠨᠠᠭᠠᠴᠢᠯᠠᠨ ᠪᠠᠶᠢᠭᠤᠯᠣᠭᠰᠠᠨ ︽ᠨᠣᠮᠢᠨ ᠪᠦᠷᠢᠳᠤ︾ ᠰᠠᠶᠢᠨ ᠲᠤᠷᠠᠴᠤᠳ ᠤᠨ ᠳᠤᠭᠤᠶᠢᠯᠠᠩ ᠨᠢ ᠤᠷᠢᠳ ᠬᠤᠵᠢᠳ ᠠᠵᠤ ᠠᠬᠤᠢ ᠶᠢᠨ ᠲᠠᠯ᠎ᠠ ᠪᠠᠷ ᠭᠦᠴᠢᠷᠳᠡᠵᠦ ᠪᠠᠶᠢᠭ᠎ᠠ ᠮᠠᠯᠴᠢᠨ ᠲᠠᠷᠢᠶᠠᠴᠢᠨ ᠳᠤ 3 ᠲᠦᠮᠡ ᠭᠠᠷᠤᠢ ᠲᠦᠭᠦᠷᠢᠭ ᠤᠨ ᠡᠳ᠋ ᠪᠤᠳᠠᠰ᠂ ᠵᠤᠭᠤᠰ ᠮᠥᠩᠬᠦᠨ ᠤ ᠲᠤᠰᠠᠯᠠᠮᠵᠢ ᠦᠵᠡᠬᠦᠯᠦᠨ ᠨᠠᠮ ᠤᠨ ᠭᠡᠰᠢᠬᠦᠨ ᠤ ᠡᠭᠦᠷᠭᠡ ᠬᠠᠷᠢᠭᠤᠴᠠᠯᠭ᠎ᠠ ᠪᠠᠨ ᠭᠦᠢᠴᠡᠳᠭᠡᠭᠰᠡᠭᠡᠷ ᠢᠷᠡᠭᠰᠡᠨ ᠪᠠᠶᠢᠨ᠎ᠠ᠃                                     ᠰᠤᠷᠪᠤᠯᠵᠢᠯᠠᠭᠴᠢ᠄ ᠬᠠᠰᠪᠤᠶᠠᠨᠲᠤ  ᠯᠾᠠᠸᠠᠩᠨᠤᠷᠪᠤ
ᠢᠷᠡᠯᠲᠡ᠄ ᠥᠥᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ