ᠠᠷᠠᠳ ᠤᠨ ᠠᠮᠠᠨ ᠦᠯᠢᠭᠡᠷ ᠢ ᠤᠯᠠᠮᠵᠢᠯᠠᠵᠤ ᠶᠠᠪᠤᠭ᠎ᠠ ᠠᠬᠠᠮᠠᠳ ᠪᠠᠭᠰᠢ ᠰᠣᠶᠣᠯᠴᠡᠴᠡᠭ
ᠨᠡᠶᠢᠲᠡᠯᠡᠭᠰᠡᠨ ᠴᠠᠭ᠄
2022/11/24
      ᠦᠦᠰᠢᠨ ᠬᠤᠰᠢᠭᠤᠨ ᠳᠤ ᠨᠤᠲᠤᠭᠲᠠᠢ ᠠᠵᠢᠯ ᠠᠴᠠ ᠪᠠᠨ ᠲᠠᠷᠬᠠᠯᠠᠬᠳᠠᠬᠰᠠᠨ ᠠᠬᠠᠮᠠᠳ ᠪᠠᠭᠰᠢ ᠰᠣᠶᠣᠯᠴᠡᠴᠡᠭ ᠠᠵᠢᠯ ᠤᠨ ᠴᠢᠯᠦᠭᠡ ᠪᠠᠷ ᠢᠶᠠᠨ ᠦᠯᠢᠭᠡᠷ ᠤᠨ ᠲᠠᠪᠴᠠᠩ ᠭᠠᠷᠭᠠᠨ᠂ ᠠᠷᠠᠳ ᠤᠨ ᠠᠮᠠᠨ ᠦᠯᠢᠭᠡᠷ ᠢᠶᠠᠷ ᠠᠰ ᠤᠨ ᠪᠡᠶ᠎ᠡ ᠶᠢᠨ ᠭᠡᠷᠡᠯ ᠭᠢᠯᠪᠠᠭ᠎ᠠ ᠪᠠᠨ ᠨᠡᠩ ᠰᠠᠶᠢᠨ ᠰᠠᠴᠤᠷᠠᠭᠤᠯᠵᠤ ᠶᠠᠪᠤᠨ᠎ᠠ᠃      ᠣᠶᠢᠯᠠᠭᠠᠭᠰᠠᠨ ᠢᠶᠠᠷ᠂ ᠲᠡᠷᠡ 2017 ᠣᠨ ᠳᠤ ᠪᠠᠭᠰᠢ ᠶᠢᠨ ᠠᠵᠢᠯ ᠠᠴᠠ ᠪᠠᠨ ᠲᠠᠷᠬᠠᠯᠠᠬᠳᠠᠵᠤ ᠥᠰᠴᠦ ᠲᠦᠷᠦᠭᠰᠡᠨ ᠨᠤᠲᠤᠭ ᠦᠦᠰᠢᠨ ᠬᠤᠰᠢᠭᠤᠨ ᠤ ᠭᠠᠯᠠᠭᠤᠲᠤ ᠪᠠᠯᠭᠠᠰᠤ ᠶᠢᠨ ᠰᠡᠪᠭᠦᠯ ᠭᠠᠴᠠᠭᠠᠨ ᠳᠠᠭᠠᠨ ᠪᠤᠴᠠᠵᠤ ᠪᠤᠭᠤᠷᠤᠯ ᠡᠵᠢ ᠪᠠᠨ ᠠᠰᠠᠷᠠᠨ ᠰᠠᠭᠤᠵᠠᠢ᠃ ᠲᠡᠷᠡ ᠪᠠᠭ᠎ᠠ ᠠᠴᠠ ᠪᠠᠨ ᠠᠷᠠᠳ ᠤᠨ ᠠᠮᠠᠨ ᠦᠯᠢᠭᠡᠷ ᠶᠠᠷᠢᠬᠤ ᠳᠤᠷ᠎ᠠ ᠪᠠᠭ᠋ᠠᠲᠠᠢ᠃ ᠣᠷᠴᠢᠮ ᠤᠨ ᠬᠡᠳᠦᠨ ᠵᠢᠯ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠳᠡᠯᠭᠡᠷᠡᠵᠦ ᠬᠥᠮᠥᠰ ᠠᠳᠠᠯ ᠬᠢᠳᠡᠯ ᠲᠤᠲᠠᠭᠳᠠᠵᠤ ᠭᠡᠷ ᠲᠡᠭᠡᠨ ᠠᠮᠤᠷ ᠰᠠᠭᠤᠵᠤ ᠪᠠᠶᠢᠬᠤ ᠲᠤᠬᠢᠶᠠᠯ ᠢᠶᠠᠷ ᠲᠡᠷᠡ ᠨᠠᠰᠤᠲᠠᠢ ᠡᠵᠢ ᠪᠠᠨ ᠬᠠᠷᠠᠭᠠᠯᠵᠠᠬᠤ ᠶᠢᠨ ᠬᠠᠮᠲᠤ ᠡᠨᠡ ᠲᠠᠯ᠎ᠠ ᠶᠢᠨ ᠣᠷᠣᠯᠳᠣᠯᠭ᠎ᠠ ᠪᠠᠨ ᠡᠬᠢᠯᠡᠭᠦᠯᠵᠦ᠂ ᠵᠢᠷᠭᠢᠶ᠎ᠡ ᠶᠢᠨ ᠬᠤᠯᠪᠣᠭᠠᠨ ᠳᠡᠭᠡᠷ᠎ᠡ ᠦᠯᠢᠭᠡᠷ ᠶᠠᠷᠢᠵᠤ ᠡᠬᠢᠯᠡᠵᠡᠢ᠃ ︽ᠠᠩᠬ᠎ᠠ ᠡᠬᠢᠯᠡᠬᠦ ᠳᠤ ᠬᠤᠯᠪᠣᠭᠠᠨ ᠳᠠᠬᠢ ᠨᠠᠶᠢᠵᠠ ᠶᠢᠨ ᠲᠤᠭ᠎ᠠ ᠲᠣᠭᠠᠲᠠᠢ ᠬᠡᠳᠦᠬᠡᠨ ᠪᠠᠶᠢᠭᠰᠠᠨ᠂ ᠶᠠᠷᠢᠭᠰᠠᠨ ᠦᠯᠢᠭᠡᠷ ᠢ ᠠᠬᠠᠮᠠᠳ ᠰᠣᠨᠣᠰᠤᠭᠴᠢᠳ ᠰᠣᠨᠣᠰᠤᠭᠰᠠᠨ ᠤ ᠳᠠᠷᠠᠭ᠎ᠠ ᠨᠠᠶᠢᠵᠠ ᠶᠢᠨ ᠲᠣᠭᠤᠷᠢᠭ ᠪᠤᠶᠤ ᠪᠤᠰᠤᠳ ᠬᠤᠯᠪᠣᠭᠠᠨ ᠳᠤ ᠳᠠᠮᠵᠢᠭᠤᠯᠤᠨ ᠥᠭᠴᠦ᠂ ᠡᠭᠦᠨ ᠤ ᠤᠯᠠᠮ ᠢᠶᠠᠷ ᠨᠢᠭᠡ ᠨᠢ ᠨᠦᠬᠦᠭᠡ ᠳᠡᠭᠡᠨ ᠳᠠᠮᠵᠢᠭᠤᠯᠤᠭᠰᠠᠭᠠᠷ ᠪᠠᠶᠢᠭᠠᠳ ᠪᠠᠶᠠᠨᠨᠠᠭᠤᠷ᠂ ᠠᠯᠠᠱᠠ ᠵᠡᠷᠭᠡ ᠶᠢᠨ ᠬᠥᠮᠥᠰ ᠴᠤ ᠲᠤᠰ ᠬᠤᠯᠪᠣᠭᠠᠨ ᠳᠤ ᠮᠢᠨᠢ ᠲᠠᠲᠠᠭᠳᠠᠨ ᠣᠷᠣᠵᠤ᠂ ᠬᠠᠮᠲᠤ ᠪᠠᠷ ᠦᠯᠢᠭᠡᠷ ᠶᠠᠷᠢᠵᠤ᠂ ᠬᠠᠮᠲᠤ ᠪᠠᠷ ᠰᠤᠷᠤᠯᠴᠠᠵᠤ ᠡᠬᠢᠯᠡᠭᠰᠡᠨ ᠪᠠᠶᠢᠨ᠎ᠠ᠃ ᠲᠡᠭᠡᠭᠡᠳ ᠶᠠᠪᠤᠭ᠎ᠠ ᠶᠠᠪᠤᠭᠠᠨ ᠳᠠᠭᠠᠨ ᠮᠢᠨᠤ ᠶᠠᠷᠢᠭᠰᠠᠨ ᠦᠯᠢᠭᠡᠷ ᠤᠯᠠᠨ ᠤ ᠬᠦᠷᠢᠶᠡᠯᠡᠯ ᠢ ᠣᠯᠵᠤ᠂ ᠵᠢᠷᠭᠢᠶ᠎ᠡ ᠶᠢᠨ ᠬᠤᠯᠪᠣᠭᠠᠨ ᠳᠠᠭᠠᠨ ︿ᠤᠷᠮ᠎ᠠ ᠬᠠᠶᠢᠷᠠᠯᠠᠶ᠎ᠠ﹀ ᠭᠡᠬᠦ ᠨᠡᠷ᠎ᠡ ᠬᠠᠳᠠᠵᠤ᠂ ᠬᠤᠯᠪᠤᠭ᠎ᠠ ᠪᠠᠨ ᠤᠯᠠᠮ ᠢᠶᠠᠷ ᠥᠷᠭᠡᠳᠬᠡᠨ ᠬᠥᠭᠵᠢᠭᠦᠯᠵᠡᠢ︾ ᠭᠡᠵᠦ ᠰᠣᠶᠣᠯᠴᠡᠴᠡᠭ ᠪᠠᠭᠰᠢ ᠦᠯᠢᠭᠡᠷ ᠶᠠᠷᠢᠬᠤ ᠬᠤᠯᠪᠣᠭᠠᠨ ᠤ ᠪᠠᠨ ᠲᠤᠬᠠᠢ ᠶᠠᠷᠢᠪᠠ᠃      ᠰᠤᠷᠪᠤᠯᠵᠢᠯᠠᠬᠴᠢ ᠶᠢᠨ ᠣᠶᠢᠯᠠᠭᠠᠭᠰᠠᠨ ᠢᠶᠠᠷ᠂ ᠰᠣᠶᠣᠯᠴᠡᠴᠡᠭ ᠪᠠᠭᠰᠢ ᠭᠤᠴᠢᠭᠠᠳ ᠵᠢᠯ ᠤᠨ ᠲᠤᠷᠰᠢ ᠬᠢᠴᠢᠶᠡᠯ ᠤᠨ ᠴᠠᠭ ᠲᠤ ᠬᠢᠴᠢᠶᠡᠯ ᠢᠶᠠᠨ ᠲᠠᠶᠢᠯᠪᠤᠷᠢᠯᠠᠵᠤ᠂ ᠰᠤᠯᠠ ᠰᠡᠯᠡᠭᠦᠦ ᠴᠠᠭ ᠲᠠᠭᠠᠨ ᠰᠤᠷᠤᠬᠴᠢᠳ ᠲᠤ ᠠᠮᠠᠨ ᠦᠯᠢᠭᠡᠷ ᠶᠠᠷᠢᠵᠤ ᠰᠤᠷᠤᠭᠴᠢᠳ ᠤᠨ ᠠᠩᠬᠠᠷᠤᠯ ᠢ ᠲᠠᠲᠠᠵᠤ ᠤᠷᠮ᠎ᠠ ᠶᠢ ᠨᠢ ᠬᠥᠭᠵᠢᠭᠡᠵᠦ ᠪᠠᠶᠢᠵᠠᠢ᠃ ᠰᠣᠶᠣᠯᠴᠡᠴᠡᠭ᠄ ︽ᠤᠳᠤ ᠬᠤᠯᠪᠣᠭᠠᠨ ᠳᠤ ᠮᠢᠨᠢ 7700 ᠭᠠᠷᠤᠢ ᠰᠣᠨᠣᠰᠤᠭᠴᠢ ᠲᠠᠢ ᠪᠣᠯᠵᠤ᠂ ᠤᠳᠤ ᠪᠤᠯᠲᠠᠯ᠎ᠠ ᠨᠢᠭᠡᠨᠲᠡ 350 ᠭᠠᠷᠤᠢ ᠦᠯᠢᠭᠡᠷ ᠳᠤᠮᠤᠭ ᠶᠠᠷᠢᠵᠤ᠂ ᠡᠭᠦᠨ ᠢ ᠪᠦᠷ ᠴᠡᠭᠡᠵᠢ ᠪᠠᠷ ᠶᠠᠷᠢᠭᠰᠠᠨ ᠶᠤᠮ᠃ ᠪᠢ ᠬᠡᠳᠦ᠋ᠪᠡᠷ ᠵᠢᠭᠠᠨ ᠰᠤᠷᠭᠠᠯᠲᠠ ᠶᠢᠨ ᠠᠵᠢᠯ ᠠᠴᠠ ᠪᠠᠨ ᠲᠠᠷᠬᠠᠯᠠᠬᠳᠠᠬᠰᠠᠨ ᠪᠤᠯᠪᠠᠴᠦ ᠵᠢᠷᠭᠢᠶ᠎ᠡ ᠳᠡᠭᠡᠷ᠎ᠡ ᠶᠠᠷᠢᠭᠰᠠᠨ ᠦᠯᠢᠭᠡᠷ ᠢ ᠮᠢᠨᠢ ᠰᠣᠨᠣᠰᠴᠤ ᠪᠠᠶᠢᠬᠤ ᠰᠤᠷᠤᠬᠴᠢ ᠶᠢᠨ ᠲᠤᠭ᠎ᠠ 28000 ᠳᠤ ᠬᠦᠷᠴᠡᠢ᠃ ᠡᠨᠡ ᠨᠢ ᠨᠠᠳᠠ ᠶᠠᠭ ᠯᠨ ᠳᠠᠬᠢᠨᠲᠠ ᠰᠤᠷᠭᠠᠭᠤᠯᠢ ᠶᠢᠨ ᠬᠦᠷᠢᠶᠡᠨ ᠳᠡᠭᠡᠨ ᠬᠠᠷᠢᠭᠰᠠᠨ ᠰᠢᠭ ᠪᠤᠳᠤᠬᠳᠠᠭᠤᠯᠳᠠᠭ ᠶᠤᠮ︾ ᠭᠡᠵᠦ ᠮᠦᠰᠢᠶᠡᠨ ᠶᠠᠷᠢᠨ᠎ᠠ᠃ ᠲᠡᠷᠡ᠄ ︽ᠬᠤᠶᠢᠰᠢᠳᠠ ᠵᠠᠪ ᠲᠠᠢ ᠯᠨ ᠶᠤᠮ ᠪᠣᠯ ᠦᠯᠢᠭᠡᠷ ᠢᠶᠠᠨ ᠨᠡᠩ ᠰᠠᠶᠢᠨ ᠶᠠᠷᠢᠵᠤ᠂ ᠠᠷᠠᠳ ᠤᠯᠡᠨ ᠤ ᠪᠠᠨ ᠰᠣᠶᠣᠯ ᠤᠨ ᠥᠪ ᠢ ᠨᠡᠩ ᠰᠠᠶᠢᠨ ᠤᠯᠠᠮᠵᠢᠯᠠᠵᠤ ᠶᠠᠪᠤᠶ᠎ᠠ ᠭᠡᠵᠦ ᠪᠤᠳᠤᠵᠤ ᠪᠠᠶᠢᠨ᠎ᠠ︾ ᠭᠡᠵᠦ ᠪᠠᠶᠢᠯ᠎ᠠ᠃
1.jpg
                    ︵ᠭᠡᠷᠡᠯ ᠵᠢᠷᠤᠭ ᠢ ᠪᠤᠶᠠᠨᠲᠤ ᠰᠡᠭᠦᠳᠡᠷᠯᠡᠪᠡ︶
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ