ᠤᠷᠳᠤᠰ ᠨᠠᠷᠢᠨ ᠨᠤᠤᠰᠤᠳᠤ ᠬᠤᠨᠢ ᠪᠤᠯ ᠮᠤᠤᠠᠤᠰᠤ ᠶᠢᠨ ᠡᠯᠡᠰᠦᠷᠭᠡᠭ ᠤᠷᠤᠨ ᠳᠤ ᠲᠦᠪᠡᠭ ᠪᠤᠳᠤᠯᠢᠶᠠᠨᠳᠠᠢ ᠪᠤᠶᠢᠵᠢᠭᠤᠯᠬᠤ ᠮᠡᠷᠭᠡᠵᠢᠯ ᠢ ᠭᠡᠷᠡᠭᠯᠡᠵᠤ | ᠪᠤᠶᠢᠵᠢᠭᠤᠯᠵᠤ ᠭᠠᠷᠭᠠᠬᠰᠠᠨ ᠨᠤᠤᠰᠤ ᠮᠢᠬᠠᠨ ᠤ ᠬᠤᠤᠰ ᠠᠰᠢᠭᠳᠣ ᠬᠤᠨᠢ ᠮᠥᠨ᠃ ᠡᠭᠡ ᠮᠠᠯ ᠤᠨ ᠤᠳᠤᠮ ᠨᠢ ᠲᠤᠬᠠᠢ ᠶᠢᠨ ᠭᠠᠵᠠᠷ ᠤᠨ ᠮᠤᠩᠭᠤᠯ ᠬᠤᠨᠢ᠂ | ᠦᠷ᠎ᠡ ᠶᠢᠨ ᠮᠠᠯ ᠤᠨ ᠤᠳᠤᠮ ᠨᠢ ᠰᠢᠨᠵᠢᠶᠠᠩ᠂ ᠹᠦᠷᠹᠠᠰ ᠬᠤᠨᠢ ᠵᠢᠴᠢ ᠮᠧᠷᠢᠨᠤᠰ ᠬᠤᠨᠢ ᠪᠤᠯᠤᠨ᠎ᠠ᠃ ᠲᠡᠭᠦᠨ ᠤ ᠭᠤᠤᠯ ᠤᠨᠴᠠᠯᠢᠭ ᠨᠢ ᠪᠠᠶᠢᠭᠠᠯᠢ ᠶᠢᠨ | ᠨᠦᠭᠦᠴᠡᠯ ᠪᠠᠷᠤᠬᠳᠠᠢ ᠤᠷᠴᠢᠨ ᠠᠬᠤᠢ ᠳᠤ ᠴᠤ ᠨᠠᠯᠢᠶᠡᠳ ᠰᠠᠶᠢᠨ ᠵᠤᠭᠢᠴᠠᠬᠤ ᠴᠢᠨᠠᠷ ᠲᠠᠢ᠂ ᠦᠷᠡᠵᠢᠯᠳᠠ ᠨᠡᠯᠢᠶᠡᠳ ᠦᠨᠳᠦᠷ᠂ ᠨᠤᠤᠰᠤᠨ ᠤ ᠭᠠᠷᠤᠯᠳᠠ ᠪᠠᠷ | ᠰᠠᠶᠢᠨ ᠮᠦᠷᠳᠡᠭᠡᠨ ᠮᠢᠬᠠᠨ ᠤ ᠰᠢᠷᠭᠡᠭ ᠨᠢ ᠨᠠᠷᠢᠨ ᠵᠦᠭᠡᠯᠡᠨ ᠠᠮᠳᠠ ᠰᠠᠶᠢᠳᠠᠢ ᠪᠠᠶᠢᠳᠠᠭ ᠠᠴᠠ ᠡᠯ᠎ᠡ ᠦᠨᠳᠦᠰᠦᠳᠡᠨ ᠤ ᠠᠷᠠᠳ ᠲᠦᠮᠡᠨ ᠤ ᠲᠤᠷ᠎ᠠ ᠪᠠᠬ᠎ᠠ ᠶᠢ | ᠶᠠᠭᠡᠳᠡ ᠲᠠᠳᠠᠵᠤ ᠴᠢᠳᠠᠵᠠᠢ᠃ ᠤᠳᠤᠬᠠᠨ ᠳᠤ ᠦᠤᠰᠢᠨ ᠬᠤᠰᠢᠭᠤ 120 ᠲᠦᠮᠡᠡ ᠨᠠᠷᠢᠨ ᠨᠤᠤᠰᠤᠳᠤ ᠬᠤᠨᠢ ᠲᠠᠢ᠂ ᠵᠢᠯ ᠤᠨ ᠪᠣᠷᠣᠯᠠᠭᠤᠯᠣᠯᠳᠠ ᠨᠢ 50 | ᠲᠥᠮᠡ ᠳᠤ ᠭᠦᠷᠴᠤ᠂ 4000 ᠭᠠᠷᠤᠢ ᠲᠤᠨ ᠠᠬᠠᠷ᠂ 10000 ᠲᠤᠨ ᠮᠢᠬ᠎ᠠ᠂ 50 ᠲᠦᠮᠡ ᠭᠠᠷᠤᠢ ᠠᠷᠠᠰᠤ ᠦᠢᠯᠡᠳᠪᠤᠷᠢᠯᠡᠵᠤ ᠪᠠᠶᠢᠨ᠎ᠠ᠃ ᠤᠳᠤ | ᠤᠷᠳᠤᠰ ᠨᠠᠷᠢᠨ ᠨᠤᠤᠰᠤᠳᠤ ᠬᠤᠨᠢ ᠮᠠᠯᠵᠢᠵᠤ ᠪᠠᠶᠢᠭ᠎ᠠ ᠡᠷᠦᠭᠡ 12000 ᠭᠠᠷᠦᠢ᠂ ᠡᠭᠦᠨ ᠳᠤ ᠠᠮᠢ ᠠᠬᠤᠶᠢᠵᠢᠬᠰᠠᠨ ᠦᠨᠳᠦᠷ ᠠᠰᠢᠬᠳᠤ ᠭᠡᠷ ᠪᠦᠯᠢ ᠶᠢᠨ | ᠮᠠᠯᠵᠢᠬᠤ ᠲᠠᠯᠠᠪᠠᠢ 2000 ᠡᠷᠦᠭᠡ ᠪᠤᠢ᠃ ᠤᠷᠳᠤᠰ ᠨᠠᠷᠢᠨ ᠨᠤᠤᠰᠤᠳᠤ ᠬᠤᠨᠢᠨ ᠤ ᠠᠵᠤ ᠦᠢᠯᠡᠰ ᠤᠨ ᠲᠤᠯᠤᠭᠠᠶᠢᠯᠠᠬᠴᠢ ᠠᠵᠤ ᠠᠬᠤᠶᠢᠯᠠᠯ 5᠂ ᠠᠵᠤ | ᠦᠢᠯᠡᠰᠵᠢᠯᠳᠡ ᠶᠢᠨ ᠬᠤᠯᠪᠤᠭᠠᠳᠤ ᠴᠤᠬᠴᠠ 2᠂ ᠠᠬᠠᠷ ᠬᠤᠷᠢᠶᠠᠨ ᠬᠠᠳᠠᠭᠠᠯᠠᠬᠤ ᠦᠷᠳᠡᠭᠡ 18᠂ ᠲᠤᠰᠬᠠᠢ ᠬᠤᠷᠰᠢᠶᠠᠵᠢᠯ 103᠂ ᠵᠢᠯ ᠤᠨ ᠡᠭᠦᠳᠦᠭᠰᠡᠨ | ᠠᠵᠤ ᠠᠬᠤᠢ ᠶᠢᠨ ᠦᠷ᠎ᠡ ᠠᠰᠢᠭ 7.6 ᠳ᠋ᠦᠩᠰᠢᠭᠤᠷ ᠲᠦᠭᠦᠷᠢᠭ ᠲᠤ ᠭᠦᠷᠴᠤ᠂ 60 % ᠠᠴᠠ ᠲᠡᠭᠡᠭᠰᠢᠭᠢ ᠮᠠᠯᠴᠢᠨ ᠲᠠᠷᠢᠶᠠᠴᠢᠳ ᠢ ᠲᠠᠶᠢᠴᠢᠯᠠᠨ | ᠮᠠᠯᠵᠢᠯ ᠤᠨ ᠤᠷᠤᠯᠭ᠎ᠠ ᠶᠢᠨ ᠲᠤᠬᠳᠠᠭᠤᠨ ᠨᠠᠮᠡᠭᠳᠡᠯ ᠢ ᠪᠡᠶᠡᠯᠡᠬᠦᠯᠵᠠᠢ᠃ ᠮᠠᠯᠴᠢᠨ ᠲᠠᠷᠢᠶᠠᠴᠢᠳ ᠤᠨ ᠭᠦᠮᠦᠨ ᠲᠤᠮᠳᠠᠴᠢ ᠶᠢᠨ ᠭᠡᠷᠡᠭᠯᠡᠵᠤ ᠪᠤᠯᠬᠤ | ᠤᠷᠤᠯᠭ᠎ᠠ ᠶᠢᠨ ᠨᠡᠮᠡᠭᠳᠡᠯ ᠢ ᠤᠯᠠᠨ ᠵᠢᠯ ᠲᠠᠷᠠᠭᠠᠯᠠᠨ 10% ᠠᠴᠠ ᠲᠠᠭᠡᠭᠰᠢ ᠳᠤ ᠭᠦᠷᠭᠡᠵᠤ᠂ ᠶᠠᠳᠠᠭᠤ ᠭᠦᠴᠢᠷᠳᠡᠯᠳᠠᠢ ᠡᠷᠦᠭᠡ ᠲᠤᠮᠳᠠᠴᠢ ᠶᠢᠨ ᠤᠷᠤᠯᠭ᠎ᠠ ᠶᠢ | 2000 ᠲᠦᠭᠦᠷᠢᠭ ᠠᠴᠠ ᠲᠠᠭᠡᠭᠰᠢ ᠨᠡᠮᠡᠭᠳᠡᠭᠦᠯᠪᠡ ᠃ ᠭᠡᠪᠡᠴᠤ ᠦᠢᠷ᠎ᠠ ᠶᠢᠨ ᠭᠡᠳᠤᠨ ᠵᠢᠯ ᠠᠴᠠ ᠪᠤᠷᠳᠤᠵᠤ ᠲᠠᠷᠭᠤᠯᠠᠭᠤᠯᠬᠤ ᠮᠡᠷᠭᠡᠵᠢᠯ ᠤᠳ ᠲᠦᠭᠡᠮᠡᠯᠵᠢᠵᠤ | ᠭᠡᠷᠡᠭᠯᠡᠭᠳᠡᠭᠦ ᠶᠢ ᠲᠠᠭᠠᠯᠳᠤᠨ᠂ 6 ᠰᠡᠷ᠎ᠠ ᠤᠷᠴᠢᠮ ᠪᠤᠯᠤᠭᠰᠠᠨ ᠬᠤᠷᠭᠠᠨ ᠤ ᠭᠡᠩᠭᠦᠳᠡᠭ ᠨᠢ 60 — 70 ᠵᠢᠩ ᠳᠤ ᠬᠥᠷᠥᠭᠰᠡᠨ ᠢᠶᠠᠷ ᠦᠭᠡᠭᠦᠨ ᠤ | ᠠᠭᠤᠯᠤᠬᠳᠠᠴᠠ ᠨᠢ ᠭᠡᠳᠦᠷᠭᠡᠢ ᠦᠨᠳᠦᠷ ᠪᠤᠯᠵᠤ᠂ ᠵᠠᠬ᠎ᠠ ᠲᠡᠯᠭᠡᠭᠦᠷ ᠤᠨ ᠭᠦᠭᠵᠢᠯᠳᠡ ᠶᠢᠨ ᠭᠡᠷᠡᠭᠴᠡᠭᠡ ᠳᠤ ᠨᠡᠶᠢᠴᠡᠭᠦ ᠦᠭᠡᠢ ᠪᠤᠯᠪᠠ᠂ ᠮᠦᠨ ᠴᠤ ᠤᠷᠳᠤᠰ | ᠨᠠᠷᠢᠨ ᠨᠤᠤᠰᠤᠳᠤ ᠬᠤᠨᠢᠨ ᠮᠢᠬᠠᠨ ᠤ ᠵᠠᠬ᠎ᠠ ᠲᠡᠯᠭᠡᠭᠦᠷ ᠨᠢ ᠶᠡᠷᠤ ᠠᠴᠠ ᠪᠠᠨ ᠬᠤᠳᠠᠯᠳᠤᠬᠴᠢ ᠶᠢᠨ ᠵᠠᠬ᠎ᠠ ᠲᠡᠯᠭᠡᠭᠦᠷ ᠪᠠᠶᠢᠵᠤ᠂ ᠦᠷᠢᠰᠦᠯᠳᠦᠭᠦ ᠭᠦᠴᠦᠨ ᠢᠶᠠᠷ | ᠨᠡᠯᠢᠶᠡᠳ ᠲᠤᠳᠠᠮᠠᠭ ᠪᠤᠯᠤᠭᠰᠠᠨ ᠪᠠᠶᠢᠨ᠎ᠠ᠃ ᠠᠯᠤᠰ ᠭᠡᠳᠦ ᠠᠴᠠ ᠠᠪᠴᠤ ᠦᠵᠡᠪᠡᠯ ᠡᠨᠡ ᠨᠢ ᠨᠡᠩ ᠭᠦᠨᠳᠦ ᠭᠡᠴᠡᠭᠦᠦ ᠦᠷᠢᠰᠦᠯᠳᠦᠭᠡᠨ ᠳᠤ | ᠲᠤᠯᠭᠠᠷᠠᠬᠰᠠᠨ ᠨᠢ ᠢᠯᠡᠬᠡᠨ ᠪᠤᠢ᠃ ᠡᠶᠢᠮᠤ ᠠᠴᠠ ᠤᠷᠳᠤᠰ ᠨᠠᠷᠢᠨ ᠨᠤᠤᠰᠤᠳᠤ ᠬᠤᠨᠢᠨ ᠤ ᠡᠭᠦᠯᠳᠡᠷ ᠢ ᠬᠠᠮᠠᠭᠠᠯᠠᠨ᠂ ᠬᠤᠨᠢᠨ ᠮᠢᠬᠠᠨ ᠤ ᠶᠠᠰᠤ ᠴᠢᠨᠠᠷ ᠢ | ᠴᠢᠷᠮᠡᠶᠢᠨ ᠲᠡᠭᠡᠭᠰᠢᠯᠡᠭᠦᠯᠵᠤ᠂ ᠨᠡᠷᠡᠳᠦ ᠲᠡᠮᠳᠡᠭᠳᠦ ᠶᠢ ᠡᠭᠦᠳᠴᠤ᠂ ᠮᠠᠯᠴᠢᠨ ᠲᠠᠷᠢᠶᠠᠴᠢᠳ ᠢ ᠤᠷᠳᠤᠰ ᠨᠠᠷᠢᠨ ᠨᠤᠤᠰᠤᠳᠤ ᠬᠤᠨᠢ ᠶᠢ ᠮᠠᠯᠵᠢᠬᠤ ᠳᠤ ᠨᠠᠯᠢᠶᠡᠳ | ᠲᠤᠬᠳᠠᠭᠤᠨ ᠤᠷᠤᠯᠭ᠎ᠠ ᠲᠠᠢ ᠪᠤᠯᠭᠠᠬᠤ ᠶᠢᠨ ᠲᠦᠯᠦ᠋ᠭᠡ ᠲᠤᠤᠷᠡᠭᠢ ᠮᠡᠳᠦ ᠶᠢᠨ ᠭᠡᠳᠦᠨ ᠲᠠᠯ᠎ᠠ ᠶᠢᠨ ᠰᠠᠨᠠᠭᠤᠯᠭ᠎ᠠ ᠶᠢ ᠲᠤᠷᠠᠳᠤᠶ᠎ᠠ᠃ | | | | | | ᠨᠢᠭᠡ᠂ ᠤᠳᠤᠬᠠᠨ ᠤ ᠬᠤᠷᠠᠭ᠎ᠠ ᠶᠢ ᠪᠦᠷᠢᠮᠦᠰᠦᠨ ᠬᠠᠰᠢᠶᠠᠯᠠᠵᠤ ᠪᠤᠷᠳᠤᠵᠤ ᠲᠠᠷᠭᠤᠯᠠᠭᠤᠯᠬᠤ ᠭᠡᠯᠪᠡᠷᠢ ᠶᠢ ᠬᠤᠪᠢᠷᠠᠭᠤᠯᠬᠤ ᠭᠡᠷᠡᠭᠳᠠᠢ | ᠤᠷᠳᠤᠰ ᠨᠠᠷᠢᠨ ᠨᠤᠤᠰᠤᠳᠤ ᠬᠤᠨᠢ ᠶᠢᠨ ᠬᠠᠮᠤᠭ ᠤᠨ ᠢᠯᠡᠷᠭᠡᠢ ᠤᠨᠴᠠᠯᠢᠭ ᠪᠤᠯ ᠵᠤᠭᠢᠴᠠᠬᠤ ᠴᠢᠨᠠᠷ ᠢᠶᠠᠷ ᠴᠢᠩᠭ᠎ᠠ᠂ ᠲᠡᠵᠢᠭᠡᠭᠦ ᠦᠪᠡᠷ ᠤᠨ ᠦᠷᠳᠡᠭ | ᠲᠤᠤᠷ᠎ᠠ᠂ ᠪᠤᠷᠳᠤᠵᠤ ᠲᠠᠷᠭᠤᠯᠠᠭᠤᠯᠬᠤ ᠳᠤ ᠦᠰᠦᠯᠳᠡ ᠨᠢ ᠲᠦᠷᠭᠡᠨ ᠪᠠᠶᠢᠳᠠᠭ᠃ ᠭᠡᠪᠡᠴᠤ ᠬᠠᠮᠤᠭ ᠠᠴᠠ ᠮᠡᠳᠡᠭᠳᠡᠮ᠎ᠡ ᠲᠤᠳᠠᠬᠳᠠᠯ ᠲᠠᠢ ᠲᠠᠯ᠎ᠠ ᠨᠢ ᠪᠤᠯ 6 | ᠰᠠᠷ᠎ᠠ ᠤᠷᠴᠢᠮ ᠤᠨ ᠪᠤᠷᠳᠤᠨ ᠲᠠᠷᠭᠤᠯᠠᠭᠤᠯᠤᠬᠰᠠᠨ ᠬᠤᠷᠠᠭᠠᠨ ᠤ ᠭᠡᠩᠭᠦᠳᠡᠭ ᠨᠢ ᠭᠡᠳᠦᠷᠭᠡᠢ ᠭᠦᠨᠳᠦ᠂ ᠭᠡᠳᠦᠷᠭᠡᠢ ᠲᠡᠷᠭᠤᠨ ᠠᠴᠠ ᠪᠤᠯᠵᠤ ᠦᠭᠡᠭᠦᠨ ᠤ | ᠠᠭᠤᠯᠤᠬᠳᠠᠴᠠ ᠨᠢ ᠶᠡᠭᠡ ᠪᠤᠯᠳᠠᠭ᠃ ᠡᠶᠢᠮᠤᠷᠬᠦᠤ ᠬᠤᠨᠢᠨ ᠮᠢᠬ᠎ᠠ ᠨᠢ ᠵᠠᠬ᠎ᠠ ᠲᠡᠯᠭᠡᠭᠦᠷ ᠲᠤ ᠲᠤᠭᠢᠷᠡᠬᠤ ᠦᠭᠡᠢ ᠠᠴᠠ ᠪᠤᠯᠵᠤ ᠪᠤᠷᠤᠯᠠᠭᠤᠯᠬᠤ ᠳᠤ ᠭᠦᠴᠢᠷ | ᠪᠠᠶᠢᠳᠠᠭ᠃ ᠡᠳ᠋ᠰᠢᠭᠦᠯᠦ᠋ᠨ ᠪᠤᠯᠪᠠᠰᠤᠷᠠᠭᠤᠯᠬᠤ ᠠᠵᠤ ᠠᠬᠤᠶᠢᠯᠠᠯ ᠪᠤᠯᠪᠠᠰᠤᠷᠠᠭᠤᠯᠬᠤ ᠠᠴᠠ ᠲᠦᠪᠡᠭᠰᠢᠵᠣ᠂ ᠮᠠᠯᠴᠢᠨ ᠲᠠᠷᠢᠶᠠᠴᠢᠳ ᠤᠨ ᠲᠠᠷᠭᠤᠯᠠᠭᠤᠯᠤᠬᠰᠠᠨ | ᠬᠤᠷᠠᠭ᠎ᠠ ᠶᠢ ᠠᠵᠤ ᠠᠬᠤᠶᠢᠯᠠᠯ ᠬᠤᠳᠠᠯᠳᠤᠨ ᠠᠪᠬᠤ ᠦᠭᠡᠢ ᠠᠴᠠ ᠪᠤᠯᠵᠤ ᠵᠠᠬ᠎ᠠ ᠲᠡᠯᠭᠡᠭᠦᠷ ᠤᠨ ᠤᠷᠤᠨ ᠵᠠᠢ ᠤᠯᠠᠮ ᠪᠠᠭᠠᠰᠴᠤ᠂ ᠮᠠᠯᠴᠢᠳ ᠬᠤᠨᠢ ᠪᠠᠨ | ᠬᠠᠷᠠᠭᠠᠳ ᠰᠡᠭᠦᠷᠡᠰᠤ ᠠᠯᠳᠠᠬᠤ ᠪᠠᠶᠢᠳᠠᠯ ᠨᠡᠩ ᠴᠤ ᠬᠡᠴᠡᠬᠦᠳᠡᠵᠠᠢ᠃ ᠤᠳᠤ ᠶᠢᠨ ᠬᠤᠷᠠᠭ᠎ᠠ ᠪᠤᠷᠳᠤᠬᠤ ᠭᠡᠯᠪᠡᠷᠢ ᠨᠢ ᠦᠨᠳᠦᠰᠦᠨ ᠳᠡᠭᠡᠨ ᠪᠦᠷ ᠬᠠᠰᠢᠶᠠᠯᠠᠵᠤ | ᠪᠤᠷᠳᠤᠨ ᠲᠠᠷᠭᠤᠯᠠᠭᠤᠯᠵᠤ ᠪᠠᠶᠢᠳᠠᠭ᠃ ᠤᠨᠴᠠᠭᠠᠶᠢᠯᠠᠨ ᠪᠤᠷᠳᠤᠬᠤ ᠰᠡᠭᠦᠯᠴᠢ ᠶᠢᠨ ᠬᠤᠭᠤᠴᠠᠭᠠᠨ ᠳᠤ ᠭᠦᠷᠪᠡᠯ ᠪᠦᠷ ᠴᠦ ᠪᠤᠷᠳᠤᠬᠤ ᠭᠦᠴᠦᠯᠠᠴᠠ ᠪᠠᠨ | ᠨᠡᠮᠡᠭᠳᠡᠭᠦᠯᠵᠣ ᠲᠠᠷᠭᠤᠯᠠᠭᠤᠯᠳᠠᠭ ᠪᠠᠶᠢᠨ᠎ᠠ᠃ ᠬᠡᠮᠵᠢᠶ᠎ᠡ ᠠᠴᠠ ᠬᠡᠳᠦᠷᠡᠭᠰᠡᠨ ᠡᠨᠧᠷᠭᠢᠳᠦ ᠪᠤᠷᠳᠤᠭ᠎ᠠ ᠪᠠᠷ ᠪᠤᠷᠳᠤᠬᠤ᠂ ᠭᠦᠳᠡᠯᠭᠡᠭᠡᠨ ᠭᠢᠭᠦ ᠶᠢ ᠪᠠᠭᠠᠰᠬᠠᠨ᠂ | ᠡᠨᠧᠷᠭᠢ ᠨᠡᠮᠡᠭᠳᠡᠭᠦ ᠶᠢ ᠲᠥᠷᠬᠡᠳᠬᠡᠭᠰᠡᠨ ᠠᠴᠠ ᠦᠭᠡᠭᠦ ᠶᠢᠨ ᠠᠭᠤᠯᠤᠬᠳᠠᠴᠠ ᠨᠢ ᠭᠡᠳᠦ ᠥᠨᠳᠥᠷ ᠪᠤᠯᠵᠤ ᠬᠠᠷ᠎ᠠ ᠮᠢᠬᠠᠨ ᠤ ᠬᠡᠮᠵᠢᠶ᠎ᠠ ᠨᠢ ᠴᠤ | ᠪᠠᠭᠠᠰᠤᠭᠰᠠᠨ ᠠᠴᠠ ᠭᠦᠮᠦᠰ ᠢᠳᠡᠭᠦ ᠶᠢᠨ ᠠᠷᠭ᠎ᠠ ᠦᠭᠡᠢ ᠪᠤᠯᠪᠠ᠂ ᠴᠢᠨᠠᠭᠰᠢᠯᠠᠪᠠᠯ ᠵᠠᠬ᠎ᠠ ᠲᠡᠯᠭᠡᠭᠦᠷ ᠲᠤ ᠤᠷᠤᠨ ᠵᠠᠢ ᠦᠭᠡᠢ ᠪᠤᠯᠤᠭᠰᠠᠨ ᠮᠦᠷᠳᠡᠭᠡᠨ | ᠪᠤᠷᠳᠤᠬᠤ ᠦᠪᠡᠷ ᠤᠨ ᠦᠷᠳᠡᠭ ᠨᠢ ᠴᠤ ᠥᠨᠳᠥᠷ ᠪᠤᠯᠵᠠᠢ᠃ ᠦᠤᠰᠢᠨ ᠬᠤᠰᠢᠭᠤ ᠨᠢ ᠲᠠᠷᠢᠶᠠᠯᠠᠩ ᠮᠠᠯ ᠠᠵᠤ ᠠᠬᠤᠢ ᠰᠤᠯᠪᠢᠴᠠᠬᠰᠠᠨ ᠤᠷᠤᠨ᠂ | ᠦᠭᠡᠷ᠎ᠡ ᠪᠠᠷ ᠭᠡᠯᠡᠪᠡᠯ᠂ ᠬᠠᠭᠠᠰ ᠮᠠᠯᠵᠢᠬᠤ ᠬᠠᠭᠠᠰ ᠲᠠᠷᠢᠶᠠᠯᠠᠬᠤ ᠤᠷᠤᠨ ᠤ ᠤᠨᠴᠠᠯᠢᠭ ᠢ ᠦᠨᠳᠦᠰᠦᠯᠡᠨ᠂ ᠤᠯᠤᠰ ᠤᠨ ᠪᠡᠯᠴᠢᠭᠡᠷᠯᠡᠭᠦᠯᠭᠦ ᠶᠢ ᠬᠤᠷᠢᠬᠯᠠᠵᠤ | ᠰᠡᠯᠬᠦᠨ ᠮᠠᠯᠵᠢᠬᠤ᠋ ᠲᠦᠷᠦ ᠶᠢᠨ ᠪᠤᠳᠤᠯᠭ᠎ᠠ ᠶᠢᠨ ᠤᠷᠢᠳᠠᠯ ᠲᠤᠤᠷ᠎ᠠ᠂ ︽ ᠪᠡᠯᠴᠢᠭᠡᠷᠯᠡᠭᠦᠯᠭᠦ + ᠪᠤᠷᠳᠤᠭ᠎ᠠ ᠨᠦᠭᠦᠪᠦᠷᠢᠯᠡᠭᠦ︾ ᠭᠡᠯᠪᠡᠷᠢ ᠶᠢ ᠭᠡᠷᠡᠭᠵᠢᠭᠦᠯᠵᠤ᠂ | ᠬᠤᠷᠠᠭᠠᠨ ᠤ ᠭᠦᠳᠡᠯᠭᠡᠭᠡᠨ ᠭᠢᠭᠦ ᠭᠡᠮᠵᠢᠶ᠎ᠠ ᠶᠢ ᠨᠡᠮᠡᠭᠳᠡᠭᠦᠯᠦ᠋ᠨ ᠡᠨᠧᠷᠭᠢ ᠪᠠᠷ ᠲᠡᠵᠢᠭᠡᠭᠦ ᠭᠡᠮᠵᠢᠶ᠎ᠠ ᠶᠢ ᠪᠠᠭᠠᠰᠬᠠᠵᠤ᠂ ᠪᠤᠷᠳᠤᠵᠤ ᠲᠠᠷᠭᠤᠯᠠᠭᠤᠯᠬᠤ ᠦᠪᠡᠷ ᠤᠨ | ᠦᠷᠳᠡᠭ ᠢ ᠪᠠᠭᠤᠷᠠᠭᠤᠯᠪᠠᠯ ᠵᠤᠬᠢᠨ᠎ᠠ᠃ ᠦᠪᠡᠷ ᠢᠶᠠᠨ ᠲᠠᠷᠢᠬᠰᠡᠨ ᠡᠷᠳᠡᠨᠢ ᠰᠢᠰᠢ ᠶᠢᠨ ᠡᠰᠢ ᠰᠦᠷᠠᠯ ᠢ ᠭᠡᠮᠭᠡᠯᠵᠤ ᠲᠡᠭᠡᠷ᠎ᠡ ᠨᠢ ᠵᠤᠭᠢᠬᠤ ᠭᠡᠮᠵᠢᠶᠠᠨ ᠤ ᠡᠷᠳᠡᠨᠢ | ᠰᠢᠰᠢ ᠶᠢᠨ ᠭᠤᠯᠢᠷ ᠢᠶᠠᠷ ᠪᠤᠷᠳᠤᠭ᠎ᠠ ᠨᠦᠭᠦᠪᠦᠷᠢᠯᠡᠭᠦ ᠭᠤᠤᠯ ᠮᠠᠲ᠋ᠧᠷᠢᠶᠠᠯ ᠪᠤᠯᠭᠠᠨ᠎ᠠ᠃ ᠬᠤᠷᠠᠭᠠᠨ ᠤ ᠪᠡᠶ᠎ᠡ ᠶᠢᠨ ᠭᠦᠨᠳᠦ ᠶᠢ ᠭᠢᠵᠠᠭᠠᠷᠯᠠᠵᠤ᠂ 18 ᠰᠠᠷ᠎ᠠ | ᠪᠤᠯᠤᠬᠰᠠᠨ ᠤᠷᠳᠤᠰ ᠤᠨ ᠨᠠᠷᠢᠨ ᠨᠤᠤᠰᠤᠳᠤ ᠬᠤᠨᠢᠨ ᠤ ᠭᠡᠩᠭᠦᠳᠡᠭ ᠢ 50 ᠵᠢᠩ ᠤᠷᠴᠢᠮ ᠤᠨ ᠪᠠᠷᠢᠮᠵᠢᠶ᠎ᠠ ᠳᠤ ᠭᠦᠷᠦᠭᠦᠯᠵᠤ᠂ ᠴᠢᠨᠠᠷ ᠰᠠᠶᠢᠳᠠᠢ ᠶᠢ ᠨᠢ | ᠦᠨᠳᠦᠷ ᠦᠨ᠎ᠡ ᠪᠠᠷ ᠪᠤᠷᠤᠯᠠᠭᠤᠯᠬᠤ ᠪᠤᠯᠭᠠᠨ᠎ᠠ᠃ | | | | | | ᠬᠤᠶᠠᠷ᠂ ᠲᠠᠷᠢᠶᠠᠯᠠᠩ ᠮᠠᠯ ᠠᠵᠤ ᠠᠬᠤᠢ ᠶᠢᠨ ᠠᠵᠤ ᠦᠢᠯᠡᠰᠵᠢᠭᠰᠡᠨ ᠡᠵᠡᠩᠨᠡᠯᠳᠡ ᠶᠢ ᠡᠷᠴᠢᠮ ᠲᠠᠢ ᠠᠭᠢᠭᠤᠯᠬᠤ ᠭᠡᠷᠡᠭᠳᠠᠢ | ᠲᠠᠷᠢᠶᠠᠯᠠᠩ ᠮᠠᠯ ᠠᠵᠤ ᠠᠬᠤᠢ ᠶᠢ ᠠᠵᠤ ᠦᠢᠯᠡᠰᠵᠢᠭᠦᠯᠦ᠋ᠨ ᠡᠵᠡᠩᠨᠡᠭᠦ ᠶᠢ ᠠᠭᠢᠭᠤᠯᠵᠤ᠂ ᠮᠠᠯᠴᠢᠨ ᠲᠠᠷᠢᠶᠠᠴᠢᠳ ᠤᠨ ᠤᠷᠤᠯᠭ᠎ᠠ ᠶᠢ ᠨᠡᠮᠡᠭᠳᠡᠭᠦᠯᠭᠦ ᠪᠠᠷ | ᠭᠤᠤᠯ ᠪᠤᠯᠭᠠᠨ᠂ ᠤᠯᠠᠭᠠᠨ ᠢᠳᠡᠭᠡᠨ ᠢ ᠡᠳ᠋ᠰᠢᠭᠦᠯᠭᠦ ᠠᠵᠤ ᠠᠬᠤᠶᠢᠯᠠᠯ ᠤᠨ ᠲᠡᠰ ᠲᠡᠪᠰᠢᠭᠦ ᠶᠢ ᠴᠢᠩᠭᠠᠳᠬᠠᠵᠤ᠂ ᠤᠷᠳᠤᠰ ᠨᠠᠷᠢᠨ ᠨᠤᠤᠰᠤᠳᠤ ᠬᠤᠨᠢ | ᠮᠠᠯᠵᠢᠬᠤ ᠰᠠᠭᠤᠷᠢᠨ ᠭᠠᠵᠠᠷ ᠢᠶᠠᠷ ᠭᠤᠤᠯᠳᠠᠯᠭ᠎ᠠ ᠪᠤᠯᠭᠠᠨ᠂ ᠲᠠᠷᠢᠶᠠᠯᠠᠩ ᠮᠠᠯ ᠠᠵᠤ ᠠᠬᠤᠢ ᠶᠢᠨ ᠠᠵᠤ ᠦᠢᠯᠡᠰᠵᠢᠭᠰᠡᠨ ᠭᠦᠭᠵᠢᠯᠳᠡ ᠶᠢ ᠦᠳᠳᠡᠷ ᠲᠦᠷᠭᠡᠨ | ᠠᠭᠢᠭᠤᠯᠬᠤ ᠭᠡᠷᠡᠭᠳᠠᠢ᠃ | ︵ᠨᠢᠬᠡ︶ ᠦᠤᠰᠢᠨ ᠬᠤᠰᠢᠭᠤᠨ ᠤ ᠵᠠᠰᠠᠭ ᠤᠨ ᠣᠷᠳᠣᠨ ᠤ ᠪᠠᠶᠢᠷᠢᠰᠢᠭ᠎ᠠ ᠭᠠᠵᠠᠷ ᠤᠨ ᠤᠯᠠᠭᠠᠨ ᠢᠳᠡᠭᠡᠨ ᠡᠳ᠋ᠰᠢᠭᠦᠯᠭᠦ ᠠᠵᠤ ᠠᠬᠤᠶᠢᠯᠠᠯ ᠢᠯᠠᠩᠭᠤᠶ᠎ᠠ | ᠦᠤᠰᠢᠨ ᠬᠤᠰᠢᠭᠤᠨ ᠤ ᠤᠯᠤᠰ ᠤᠨ ᠦᠮᠴᠢᠯᠡᠯᠳᠦ ᠲᠠᠷᠢᠶᠠᠯᠠᠩ ᠮᠠᠯ ᠠᠵᠤ ᠠᠬᠤᠢ ᠶᠢᠨ ᠨᠡᠭᠡᠭᠡᠯᠳᠡ ᠶᠢᠨ ᠭᠢᠵᠠᠭᠠᠷᠳᠤ ᠺᠤᠮᠫᠠᠨᠢ ᠶᠢᠨ ᠡᠳ᠋ᠰᠢᠭᠦᠯᠭᠦ | ᠦᠢᠯᠡᠳᠪᠤᠷᠢ ᠪᠠᠷ ᠲᠠᠪᠴᠠᠩ ᠪᠤᠯᠭᠠᠵᠤ᠂ ᠲᠠᠭᠠᠭᠤᠯᠤᠭᠴᠢ ᠠᠵᠤ ᠠᠬᠤᠶᠢᠯᠠᠯ ᠢ ᠢᠳᠡᠪᠭᠢᠳᠠᠢ ᠪᠠᠷ ᠪᠤᠢ ᠪᠤᠯᠭᠠᠨ᠂ ᠭᠤᠤᠯᠳᠠᠯᠭ᠎ᠠ ᠲᠠᠢ ᠲᠡᠳᠭᠦᠭᠦ᠂ ᠬᠤᠷᠰᠢᠨ | ᠡᠵᠡᠩᠨᠡᠭᠦ ᠵᠡᠷᠭᠡ ᠠᠷᠭ᠎ᠠ ᠭᠡᠮᠵᠢᠶ᠎ᠡ ᠪᠠᠷ ᠲᠠᠮᠵᠢᠭᠤᠯᠤᠨ ᠤᠳᠤ ᠪᠠᠶᠢᠭ᠎ᠠ ᠤᠯᠠᠭᠠᠨ ᠢᠳᠡᠭᠡᠨ ᠡᠳ᠋ᠰᠢᠭᠦᠯᠭᠦ ᠠᠵᠤ ᠠᠬᠤᠶᠢᠯᠠᠯ ᠢ ᠠᠯᠬᠤᠮ ᠠᠯᠬᠤᠮ ᠢᠶᠠᠷ | ᠨᠢᠭᠡᠳᠭᠡᠵᠤ᠂ ᠡᠵᠡᠩᠨᠡᠯᠳᠡ ᠶᠢᠨ ᠠᠵᠢᠯᠯᠠᠭ᠎ᠠ ᠶᠢ ᠵᠢᠷᠤᠮᠵᠢᠭᠤᠯᠤᠨ ᠨᠠᠷᠢᠯᠢᠭ ᠭᠦᠨᠴᠡ ᠲᠠᠢ ᠪᠠᠷ ᠡᠳ᠋ᠰᠢᠭᠦᠯᠭᠦ ᠴᠢᠳᠠᠪᠤᠷᠢ ᠶᠢ ᠨᠢ ᠲᠡᠭᠡᠭᠰᠢᠯᠡᠭᠦᠯᠤᠨ᠂ | ᠦᠢᠯᠡᠳᠪᠤᠷᠢᠯᠡᠯ ᠤᠨ ᠭᠡᠪᠴᠢᠶ᠎ᠡ ᠶᠢ ᠦᠷᠭᠡᠳᠭᠡᠨ᠂ ᠵᠠᠬ᠎ᠠ ᠲᠡᠯᠭᠡᠭᠦᠷ ᠲᠠᠬᠢ ᠦᠷᠢᠰᠦᠯᠳᠦᠭᠦ ᠴᠢᠳᠠᠪᠤᠷᠢ ᠶᠢ ᠨᠢ ᠨᠡᠮᠡᠭᠳᠡᠭᠦᠯᠦ᠋ᠨᠡ᠃ | ︵ᠬᠤᠶᠠᠷ︶ ᠦᠤᠰᠢᠨ ᠬᠤᠰᠢᠭᠤᠨ ᠤ ᠨᠠᠷᠢᠨ ᠨᠤᠤᠰᠤᠳᠤ ᠬᠤᠨᠢ ᠮᠠᠯᠵᠢᠬᠤ 16 ᠮᠠᠯᠵᠢᠬᠤ ᠭᠠᠴᠠᠭ᠎ᠠ ᠪᠠᠷ ᠭᠤᠤᠯᠳᠠᠯᠭ᠎ᠠ ᠪᠤᠯᠭᠠᠵᠤ᠂ ᠤᠷᠢᠳ ᠢᠶᠠᠷ | 50 ᠲᠦᠮᠡᠨ ᠤᠷᠳᠤᠰ ᠨᠠᠷᠢᠨ ᠨᠤᠤᠰᠤᠳᠤ ᠬᠤᠨᠢᠨ ᠮᠢᠬᠠᠨ ᠤ ᠠᠵᠤ ᠦᠢᠯᠡᠰ ᠤᠨ ᠰᠠᠭᠤᠷᠢᠨ ᠭᠠᠵᠠᠷ ︵ᠵᠢᠯ ᠤᠨ ᠭᠠᠷᠭᠠᠯᠳᠠ 10 ᠲᠦᠮᠡ ᠠᠴᠠ | ᠲᠠᠭᠡᠭᠰᠢ ᠳᠤ ᠭᠦᠷᠦᠭᠦᠯᠦ᠋ᠨᠡ︶ ᠢ ᠪᠠᠶᠢᠭᠤᠯᠤᠨ᠎ᠠ᠃ ᠤᠷᠳᠤᠰ ᠨᠠᠷᠢᠨ ᠨᠤᠤᠰᠤᠳᠤ ᠬᠤᠨᠢ ᠶᠢ ᠰᠢᠯᠢᠨ ᠪᠤᠶᠢᠵᠢᠭᠤᠯᠬᠤ ᠠᠵᠢᠯ ᠢ ᠡᠷᠴᠢᠮᠵᠢᠭᠦᠯᠭᠦ ᠶᠢ | ᠴᠢᠩᠭᠠᠳᠬᠠᠬᠤ ᠭᠡᠷᠡᠭᠳᠠᠢ᠃ ᠬᠤᠴᠠ ︵ᠥᠷ᠎ᠠ ᠶᠢ ᠮᠠᠯ︶ ᠤᠷᠤᠭᠤᠯᠬᠤ᠂ ᠬᠤᠴᠠ ᠪᠤᠶᠢᠵᠢᠭᠤᠯᠬᠤ᠂ ᠬᠤᠴᠠ ᠶᠢ ᠭᠢᠨᠠᠨ ᠲᠤᠬᠳᠠᠭᠠᠬᠤ᠂ ᠢᠭᠡᠷ᠎ᠡ ᠬᠤᠷᠠᠭ᠎ᠠ | ᠪᠦᠢᠵᠢᠭᠤᠯᠬᠤ᠂ ᠪᠠᠷᠢᠮᠵᠢᠶᠠᠳᠤ ᠰᠦᠷᠦᠭ ᠬᠠᠷᠢᠭᠤᠯᠬᠤ᠂ ᠬᠤᠴᠠ ᠶᠢ ᠲᠦᠪᠯᠡᠷᠡᠭᠦᠯᠦ᠋ᠨ ᠬᠠᠮᠢᠶᠠᠷᠬᠤ ᠵᠡᠷᠭᠡ ᠮᠦᠷᠳᠡᠵᠤ ᠪᠤᠯᠬᠤᠶᠢᠴᠠ ᠰᠢᠰᠲ᠋ᠧᠮ ᠲᠠᠢ | ᠲᠤᠯᠤᠭᠠᠨ ᠲᠦᠷᠦᠯ ᠤᠨ ᠠᠵᠢᠯ ᠢ ᠲᠤᠬᠳᠠᠭᠠᠨ᠎ᠠ᠃ ︽ᠪᠡᠯᠴᠢᠭᠡᠷᠯᠡᠭᠦᠯᠭᠦ + ᠪᠤᠷᠳᠤᠭ᠎ᠠ ᠨᠦᠭᠦᠪᠦᠷᠢᠯᠡᠭᠦ︾ ᠵᠠᠬᠪᠤᠷᠴᠢᠯᠠᠬᠰᠠᠨ ᠪᠤᠷᠳᠤᠨ ᠲᠠᠷᠭᠤᠯᠠᠭᠤᠯᠬᠤ | ᠠᠷᠭ᠎ᠠ ᠶᠢ ᠲᠡᠯᠭᠡᠷᠡᠭᠦᠯᠵᠤ᠂ ᠤᠷᠢᠳᠴᠢᠯᠠᠨ ᠪᠤᠷᠤᠯᠠᠭᠤᠯᠬᠤ ᠪᠠ ᠱᠠᠳᠤᠴᠢ ᠪᠤᠷᠤᠯᠠᠭᠤᠯᠤᠯᠳᠠ ᠶᠢᠨ ᠠᠯᠬᠤᠮ ᠢ ᠪᠤᠢ ᠪᠤᠯᠭᠠᠵᠤ ᠮᠠᠯ ᠰᠦᠷᠦᠭ ᠤᠨ ᠡᠷᠭᠢᠯᠳᠡ ᠶᠢ | ᠲᠦᠷᠭᠡᠳᠭᠡᠨ᠎ᠡ᠃ ᠠᠵᠤ ᠠᠬᠤᠶᠢᠯᠠᠯ ᠪᠠ ᠬᠤᠪᠢ ᠭᠦᠮᠦᠨ ᠤ ᠤᠷᠳᠤᠰ ᠨᠠᠷᠢᠨ ᠨᠤᠤᠰᠤᠳᠤ ᠬᠤᠨᠢ ᠮᠠᠯᠵᠢᠬᠤ ᠰᠠᠭᠤᠷᠢᠨ ᠭᠠᠵᠠᠷ ᠢ ᠪᠦᠳᠦᠭᠡᠨ ᠪᠠᠶᠢᠭᠤᠯᠬᠤ ᠶᠢ | ᠵᠤᠷᠢᠬᠵᠢᠭᠤᠯᠤᠨ᠂ ᠪᠦᠭᠦ ᠠᠵᠤ ᠦᠢᠯᠡᠰ ᠤᠨ ᠭᠡᠯᠭᠢᠶ᠎ᠡ ᠶᠢᠨ ᠲᠡᠷᠢᠶᠠᠯᠠᠩ ᠮᠠᠯ ᠠᠵᠤ ᠠᠬᠤᠢ ᠶᠢᠨ ᠠᠵᠤ ᠦᠢᠯᠡᠰᠵᠢᠭᠰᠡᠨ ᠰᠢᠨ᠎ᠡ ᠭᠡᠯᠪᠡᠷᠢ ᠶᠢᠨ ᠬᠤᠯᠪᠤᠭᠠᠳᠤ | ᠴᠤᠬᠴᠠ ᠶᠢ ᠭᠦᠴᠦᠯᠡᠨ ᠲᠡᠳᠭᠦᠵᠤ᠂ ᠲᠤᠮᠤ ᠭᠡᠯᠪᠡᠷᠢ ᠶᠢᠨ ᠪᠦᠯᠦ᠋ᠭᠯᠡᠯᠳᠦ ᠠᠵᠤ ᠦᠢᠯᠡᠰᠵᠢᠯᠳᠡ ᠶᠢᠨ ᠵᠠᠬᠪᠤᠷ ᠢ ᠪᠤᠢ ᠪᠤᠯᠭᠠᠬᠤ ᠭᠡᠷᠡᠭᠳᠠᠢ᠃ | ᠪᠡᠯᠴᠢᠭᠡᠷᠯᠡᠭᠦᠯᠭᠦ ᠶᠢ ᠬᠤᠷᠢᠬᠯᠠᠵᠤ ᠰᠡᠯᠭᠦᠨ ᠮᠠᠯᠵᠢᠬᠤ ᠲᠦᠷᠦ ᠶᠢᠨ ᠪᠤᠳᠤᠯᠭ᠎ᠠ ᠯᠤᠭ᠎ᠠ ᠤᠶᠠᠯᠳᠤᠭᠤᠯᠤᠨ ᠲᠠᠷᠢᠬᠤ ᠪᠠᠷ ᠲᠡᠵᠢᠭᠡᠭᠦ ᠶᠢ ᠠᠭᠢᠭᠤᠯᠵᠤ᠂ | ᠲᠡᠵᠢᠭᠡᠭᠦ ᠶᠢᠨ ᠲᠦᠯᠦ᠋ᠭᠡ ᠲᠠᠷᠢᠬᠤ ᠠᠷᠭ᠎ᠠ ᠵᠠᠮ ᠢᠶᠠᠷ ᠤᠷᠳᠤᠰ ᠨᠠᠷᠢᠨ ᠨᠤᠤᠰᠤᠳᠤ ᠬᠤᠨᠢᠨ ᠤ ᠭᠡᠪᠴᠢᠶᠡᠵᠢᠯᠳᠡ᠂ ᠪᠠᠷᠢᠮᠵᠢᠶᠠᠵᠢᠯᠳᠠ᠂ ᠲᠤᠰᠬᠠᠶᠢᠵᠢᠯᠳᠠ ᠶᠢ | ᠪᠡᠶᠡᠯᠡᠬᠦᠯᠤᠨ᠎ᠡ᠃ | | | | | | | ᠭᠤᠷᠪᠠ᠂ ᠠᠵᠤ ᠦᠢᠯᠡᠰᠵᠢᠭᠰᠡᠨ ᠡᠵᠡᠩᠨᠡᠯᠳᠡ ᠶᠢᠨ ᠵᠤᠭᠢᠶᠠᠨ ᠪᠠᠶᠢᠭᠤᠯᠤᠯᠳᠠ ᠶᠢ ᠪᠠᠶᠢᠭᠤᠯᠬᠤ ᠭᠡᠷᠡᠭᠳᠡᠢ | ︵ᠨᠢᠭᠡ︶᠂ ᠮᠠᠯ ᠠᠵᠤ ᠠᠬᠤᠢ ᠶᠢᠨ ᠠᠵᠤ ᠦᠢᠯᠡᠰᠵᠢᠯᠳᠡ ᠨᠢ ᠡᠷᠭᠡᠪᠰᠢ ᠦᠢᠯᠡᠳᠪᠤᠷᠢᠯᠡᠯ ᠢ ᠲᠤᠰᠬᠠᠶᠢᠵᠢᠭᠤᠯᠬᠤ᠂ ᠪᠠᠶᠢᠷᠢᠰᠢᠭᠤᠯᠤᠯ ᠢ ᠤᠷᠤᠨ | ᠪᠦᠰᠡᠵᠢᠭᠦᠯᠭᠦ᠂ ᠡᠵᠡᠩᠨᠡᠯᠳᠡ ᠶᠢ ᠨᠢᠭᠡ ᠴᠤᠬᠴᠠᠵᠢᠭᠤᠯᠬᠤ᠂ ᠦᠢᠯᠡᠴᠢᠯᠡᠭᠡᠨ ᠢ ᠨᠡᠶᠢᠭᠡᠮᠴᠢᠯᠡᠭᠦ᠂ ᠬᠠᠮᠢᠶᠠᠷᠤᠯᠳᠠ ᠶᠢ ᠠᠵᠤ ᠠᠬᠤᠶᠢᠴᠢᠯᠠᠬᠤ ᠶᠢ ᠪᠡᠶᠡᠯᠡᠭᠦᠯᠪᠡᠯ | ᠰᠡᠶ᠋ᠢ ᠲᠦᠭᠰᠢᠭᠦᠷᠢ ᠶᠢ ᠪᠦᠳᠦᠮᠵᠢᠳᠠᠢ ᠵᠠᠶᠢᠯᠠᠭᠤᠯᠵᠤ ᠴᠢᠳᠠᠨ᠎ᠠ᠃ ᠭᠡᠳᠡᠯ᠎ᠡ ᠮᠠᠨ ᠤ ᠮᠠᠯ ᠠᠵᠤ ᠠᠬᠤᠢ ᠶᠢᠨ ᠠᠵᠤ ᠦᠢᠯᠡᠰᠵᠢᠭᠰᠡᠨ ᠡᠵᠡᠩᠨᠡᠯᠳᠠ ᠶᠢᠨ ᠵᠠᠬᠪᠤᠷ | ᠪᠤᠯ ︽ᠲᠠᠷᠠᠬᠠᠢ ᠪᠤᠳᠠᠷᠬᠠᠢ ᠭᠡᠯᠪᠡᠷᠢ︾ ᠪᠠ ︽ᠬᠠᠭᠠᠰ ᠨᠢᠬᠳᠠᠷᠠᠬᠰᠠᠨ ᠭᠡᠯᠪᠡᠷᠢ︾ ᠮᠦᠨ᠃ ᠦᠭᠡᠷ᠎ᠡ ᠪᠠᠷ ᠭᠡᠯᠡᠪᠡᠯ᠂ ᠪᠤᠯᠪᠠᠰᠤᠷᠠᠭᠤᠯᠬᠤ ᠠᠵᠤ | ᠠᠬᠤᠶᠢᠯᠠᠯ ᠨᠢ ᠤᠯᠠᠮᠵᠢᠯᠠᠯᠳᠤ ᠢᠳᠡᠭᠡᠯ ᠭᠦᠨᠳᠦ ᠪᠠᠷ ᠢᠶᠠᠨ ᠮᠠᠯᠴᠢᠨ ᠡᠷᠦᠭᠡ ᠳᠤ ᠲᠠᠩ ᠴᠤᠯᠭᠤᠢ ᠨᠢᠳᠤᠯᠬᠤ ᠪᠠ ᠬᠤᠳᠠᠯᠳᠤᠨ ᠠᠪᠬᠤ ᠦᠢᠯᠡᠴᠢᠯᠡᠭᠡ | ᠬᠠᠩᠭᠠᠵᠤ ᠪᠠᠶᠢᠭᠠᠳ ᠰᠠᠭᠤᠷᠢᠨ ᠭᠠᠵᠠᠷ ᠵᠢᠴᠢ ᠮᠠᠯᠴᠢᠨ ᠡᠷᠦᠭᠡ ᠶᠢ ᠬᠤᠯᠪᠤᠵᠤ᠂ ᠵᠠᠬ᠎ᠠ ᠲᠡᠯᠭᠡᠭᠦᠷ ᠤᠨ ᠠᠷᠠᠯᠵᠢᠶᠠᠨ ᠤ ᠬᠠᠷᠢᠴᠠᠭ᠎ᠠ ᠪᠠᠶᠢᠬᠤ ᠠᠴᠠ ᠪᠤᠰᠤᠳ | ᠭᠢᠵᠠᠭᠠᠷᠯᠠᠬᠤ ᠬᠠᠷᠢᠴᠠᠭ᠎ᠠ ᠪᠠᠶᠢᠳᠠᠭ ᠦᠭᠡᠢ᠃ | ︵ᠬᠤᠶᠠᠷ︶᠂ ᠪᠤᠯᠪᠠᠰᠤᠷᠠᠭᠤᠯᠬᠤ ᠠᠵᠤ ᠠᠬᠤᠶᠢᠯᠠᠯ ᠪᠠ ᠰᠠᠭᠤᠷᠢᠨ ᠭᠠᠵᠠᠷ᠂ ᠮᠠᠯᠴᠢᠨ ᠡᠷᠦᠭᠡ ᠨᠢ ᠭᠡᠷ᠎ᠡ ᠲᠣᠭᠳᠠᠭᠰᠠᠨ ᠪᠣᠯᠪᠠᠴᠤ ᠲᠤᠬᠳᠠᠭᠤᠨ ᠪᠢᠰᠢ | ︔ ᠬᠤᠶᠠᠷ ᠵᠦᠢᠯ ᠤᠨ ᠭᠡᠯᠪᠡᠷᠢ ᠨᠢ ᠪᠦᠷ ᠠᠵᠤ ᠦᠢᠯᠡᠰᠵᠢᠭᠰᠡᠨ ᠡᠵᠡᠩᠨᠡᠯᠳᠡ ᠶᠢᠨ ᠠᠩᠬᠠᠨ ᠤ ᠭᠡᠯᠪᠡᠷᠢ ᠳᠤ ᠪᠠᠭᠳᠠᠵᠤ᠂ ᠨᠢᠭᠡ ᠴᠤᠬᠴᠠᠵᠢᠯᠳᠠ ᠲᠡᠶᠢᠰᠢ | ᠰᠢᠯᠵᠢᠭᠦ ᠪᠤᠯᠤᠮᠵᠢ ᠲᠠᠢ ᠶᠤᠮ᠃ ᠠᠷᠠᠯᠵᠢᠶ᠎ᠠ᠂ ᠪᠤᠯᠪᠠᠰᠤᠷᠠᠭᠤᠯᠤᠯᠳᠠ᠂ ᠮᠠᠯ ᠲᠠᠷᠢᠶᠠᠯᠠᠩ ᠤᠨ ᠤᠶᠢᠯᠡᠰ ᠤᠨ ᠨᠢᠭᠡ ᠴᠤᠬᠴᠠᠵᠢᠯᠳᠠ ᠶᠢ ᠪᠡᠶᠠᠯᠠᠭᠦᠯᠤᠨ᠂ | ᠦᠢᠯᠡᠳᠪᠤᠷᠢᠯᠡᠯ᠂ ᠬᠠᠩᠭᠠᠯᠭ᠎ᠠ᠂ ᠪᠤᠷᠤᠯᠠᠭᠤᠯᠤᠯᠳᠠ ᠶᠢ ᠭᠡᠯᠭᠢᠶᠡᠵᠢᠭᠦᠯᠦ᠋ᠨ ᠡᠵᠡᠩᠨᠡᠵᠤ᠂ ᠲᠠᠷᠠᠬᠠᠢ ᠪᠤᠳᠠᠷᠬᠠᠢ ᠮᠠᠯᠵᠢᠬᠤ ᠡᠷᠦᠭᠡ ᠪᠡ ᠤᠳᠤᠬᠠᠨ ᠤ ᠵᠠᠬ᠎ᠠ | ᠲᠡᠯᠭᠡᠭᠦᠷ ᠢ ᠪᠦᠳᠦᠮᠵᠢᠳᠠᠢ ᠪᠠᠷ ᠬᠤᠯᠪᠤᠵᠤ᠂ ᠬᠡᠷ ᠪᠦᠯᠢ ᠶᠢᠨ ᠡᠵᠡᠩᠨᠡᠯᠳᠡ ᠶᠢᠨ ᠰᠠᠭᠤᠷᠢᠨ ᠲᠠᠭᠡᠷ᠎ᠡ ᠲᠠᠷᠢᠶᠠᠯᠠᠩ ᠮᠠᠯ ᠠᠵᠤ ᠠᠬᠤᠶᠢᠯᠠᠯ ᠤᠨ | ᠭᠡᠪᠴᠢᠶᠡᠵᠢᠯᠳᠡ ᠶᠢ ᠪᠡᠶᠡᠯᠡᠭᠦᠯᠵᠤ᠂ ᠡᠵᠡᠩᠨᠡᠯᠳᠡ ᠶᠢ ᠡᠷᠴᠢᠮᠵᠢᠭᠦᠯᠭᠦ᠂ ᠮᠠᠯ ᠠᠵᠤ ᠠᠬᠤᠢ ᠶᠢᠨ ᠦᠢᠯᠡᠳᠪᠤᠷᠢᠯᠡᠯ ᠤᠨ ᠲᠤᠰᠬᠠᠶᠢᠵᠢᠯᠳᠠ᠂ ᠲᠠᠸᠠᠷᠴᠢᠯᠠᠯᠳᠠ᠂ | ᠨᠡᠶᠢᠭᠡᠮᠴᠢᠯᠡᠯᠳᠡ ᠶᠢᠨ ᠬᠤᠪᠢᠷᠠᠯᠳᠠ ᠶᠢ ᠠᠭᠢᠭᠤᠯᠵᠤ᠂ ᠵᠠᠬ᠎ᠠ ᠲᠡᠯᠭᠡᠭᠦᠷ ᠢᠶᠠᠷ ᠵᠢᠯᠤᠭᠤᠳᠤᠮᠵᠢ ᠪᠤᠯᠭᠠᠵᠤ᠂ ᠦᠷ᠎ᠡ ᠠᠰᠢᠭ ᠢᠶᠠᠷ ᠭᠤᠤᠯ ᠪᠤᠯᠭᠠᠨ᠂ ᠮᠠᠯ ᠠᠵᠤ | ᠠᠬᠤᠢ ᠶᠢᠨ ᠭᠤᠤᠯᠯᠠᠬᠤ ᠪᠦᠳᠦᠭᠡᠭᠳᠡᠭᠦᠨ᠂ ᠭᠤᠤᠯᠳᠠᠯᠭ᠎ᠠ ᠲᠠᠢ ᠠᠵᠤ ᠦᠢᠯᠡᠰ ᠢ ᠵᠠᠬ᠎ᠠ ᠲᠡᠯᠭᠡᠭᠦᠷᠴᠢᠯᠡᠭᠦ᠂ ᠨᠡᠶᠢᠭᠡᠮᠴᠢᠯᠡᠭᠦ᠂ ᠡᠷᠴᠢᠮᠵᠢᠭᠦᠯᠭᠦ ᠱᠠᠭᠠᠷᠳᠠᠯᠭ᠎ᠠ | ᠲᠠᠶᠢᠰᠢ ᠬᠠᠨᠳᠤᠭᠤᠯᠵᠤ᠂ ᠤᠯᠠᠨ ᠲᠡᠰ ᠲᠠᠪᠬᠤᠷᠭ᠎ᠠ᠂ ᠤᠯᠠᠨ ᠭᠡᠯᠪᠡᠷᠢ᠂ ᠤᠯᠠᠨ ᠡᠰᠢᠵᠢᠯᠳᠡ ᠶᠢ ᠲᠡᠭᠢᠨ ᠨᠡᠶᠢᠯᠡᠭᠦᠯᠭᠦ ᠶᠢ ᠪᠡᠶᠡᠯᠡᠭᠦᠯᠵᠤ᠂ ᠲᠤᠰ ᠲᠤᠰ ᠤᠨ | ᠤᠨᠴᠠᠯᠢᠭ ᠲᠠᠢ ︽ᠲᠠᠭᠠᠭᠤᠯᠤᠬᠴᠢ ᠠᠵᠤ ᠤᠶᠢᠯᠡᠰ ᠤᠨ ᠪᠤᠳᠠᠳᠤ ᠴᠤᠬᠴᠠ︾ ᠶᠢ ᠪᠤᠢ ᠪᠤᠯᠭᠠᠨ᠎ᠠ︔ ᠠᠵᠤ ᠤᠶᠢᠯᠡᠰ ᠢ ᠤᠷᠤᠨ ᠪᠦᠰᠡᠵᠢᠭᠦᠯᠭᠦ᠂ ᠵᠤᠭᠢᠶᠠᠨ | ᠪᠠᠶᠢᠭᠤᠯᠤᠯᠳᠠ ᠶᠢ ᠪᠦᠯᠦ᠋ᠭᠴᠢᠯᠡᠬᠦ᠂ ᠡᠵᠡᠩᠨᠡᠯᠳᠡ ᠶᠢ ᠵᠠᠬ᠎ᠠ ᠲᠡᠯᠭᠡᠭᠦᠷᠴᠢᠯᠡᠭᠦ᠂ ᠬᠠᠮᠢᠶᠠᠷᠤᠯᠳᠠ ᠶᠢ ᠠᠵᠤ ᠠᠬᠤᠶᠢᠵᠢᠭᠤᠯᠬᠤ᠂ ᠦᠢᠯᠡᠴᠢᠯᠡᠭᠡ ᠶᠢ ᠨᠡᠶᠢᠭᠡᠮᠴᠢᠯᠡᠭᠦ᠂ | ᠦᠷ᠎ᠡ ᠠᠰᠢᠭ ᠢ ᠬᠠᠮᠤᠭ ᠶᠡᠭᠡ ᠳᠤ ᠭᠦᠷᠭᠡᠭᠦ ᠭᠡᠷᠡᠭᠳᠠᠢ᠃ ᠡᠶᠢᠮᠤ ᠠᠴᠠ ︽ᠲᠠᠷᠠᠬᠠᠢ ᠪᠤᠳᠠᠷᠬᠠᠢ ᠭᠡᠯᠪᠡᠷᠢ︾ ᠪᠠ ︽ᠬᠠᠭᠠᠰ ᠲᠠᠷᠠᠬᠠᠢ ᠪᠤᠳᠠᠷᠬᠠᠢ ᠭᠡᠯᠪᠡᠷᠢ︾ | ᠶᠢᠨ ᠵᠠᠬᠪᠤᠷ ᠢ ᠡᠷᠭᠡᠪᠰᠢ ︽ᠨᠢᠬᠳᠠᠷᠠᠬᠰᠠᠨ ᠭᠡᠯᠪᠡᠷᠢ︾ ᠲᠡᠶᠢᠰᠢ ᠲᠦᠷᠭᠡᠳᠭᠡᠨ ᠰᠢᠯᠵᠢᠭᠦᠯᠭᠦ ᠭᠡᠷᠡᠭᠳᠠᠢ᠃ ᠲᠤᠬᠠᠶᠢᠯᠠᠪᠠᠯ᠄ ᠡᠳ᠋ᠰᠢᠭᠦᠯᠭᠦ ᠠᠵᠤ ᠠᠬᠤᠶᠢᠯᠠᠯ ᠨᠢ | ᠮᠠᠯᠴᠢᠨ ᠡᠷᠦᠭᠡ ᠪᠡ ᠰᠠᠭᠤᠷᠢᠨ ᠭᠠᠵᠠᠷ ᠯᠤᠭ᠎ᠠ ᠪᠦᠳᠦᠮᠵᠢᠳᠠᠢ ᠪᠦᠭᠡᠳ ᠲᠤᠬᠳᠠᠪᠤᠷᠢᠳᠠᠢ ᠭᠡᠷ᠎ᠡ ᠶᠢᠨ ᠬᠠᠷᠢᠴᠠᠭ᠎ᠠ ᠶᠢ ᠪᠠᠶᠢᠭᠤᠯᠵᠤ᠂ ᠲᠠᠷᠢᠶᠠᠯᠠᠩ ᠮᠠᠯ ᠠᠵᠤ | ᠠᠬᠤᠢ ᠶᠢᠨ ᠠᠵᠤ ᠦᠢᠯᠡᠰᠵᠢᠭᠰᠡᠨ ᠰᠢᠨ᠎ᠡ ᠭᠡᠯᠪᠡᠷᠢ ᠶᠢᠨ ᠬᠤᠯᠪᠤᠭᠠᠳᠤ ᠴᠤᠬᠴᠠ ᠶᠢ ᠪᠠᠶᠢᠭᠤᠯᠤᠨ᠎ᠠ᠃ ᠵᠠᠰᠠᠭ ᠤᠨ ᠤᠷᠳᠤᠨ ᠤ ᠰᠠᠯᠠᠭ᠎ᠠ ᠮᠦᠴᠢᠷ ᠤᠨ | ᠭᠦᠳᠦᠯᠦ᠋ᠨ ᠵᠢᠯᠤᠭᠤᠳᠬᠤ ᠪᠠ ᠲᠦᠷᠦ ᠶᠢᠨ ᠪᠤᠳᠤᠯᠭ᠎ᠠ ᠶᠢᠨ ᠴᠢᠨᠠᠷᠳᠠᠢ ᠲᠡᠮᠵᠢᠯᠭᠡ ᠲᠤᠤᠷ᠎ᠠ ︽ᠺᠤᠮᠫᠠᠨᠢ + ᠲᠤᠰᠬᠠᠢ ᠬᠤᠷᠰᠢᠶᠠᠵᠢᠯ + ᠮᠠᠯᠴᠢᠨ ᠡᠷᠦᠭᠡ︾ | ᠶᠢᠨ ᠠᠵᠤ ᠦᠢᠯᠡᠰᠵᠢᠭᠰᠡᠨ ᠠᠵᠢᠯᠯᠠᠬᠤ ᠵᠠᠬᠪᠤᠷ ᠢ ᠪᠠᠶᠢᠭᠤᠯᠤᠨ᠎ᠠ᠃ ᠠᠵᠤ ᠠᠬᠤᠶᠢᠯᠠᠯ᠂ ᠲᠤᠰᠬᠠᠢ ᠬᠤᠷᠰᠢᠶᠠᠵᠢᠯ᠂ ᠮᠠᠯᠴᠢᠨ ᠡᠷᠦᠭᠡ ︽ᠨᠢᠬᠳᠠᠷᠠᠬᠰᠠᠨ | ᠭᠡᠯᠪᠡᠷᠢ︾ ᠶᠢᠨ ᠡᠵᠡᠩᠨᠡᠯᠳᠡ ᠶᠢᠨ ᠪᠤᠳᠠᠳᠤ ᠴᠤᠬᠴᠠ ᠪᠤᠯᠵᠤ ᠵᠠᠬ᠎ᠠ ᠲᠡᠯᠭᠡᠭᠦᠷ ᠤᠨ ᠬᠤᠪᠢᠷᠠᠯᠳᠠ ᠶᠢ ᠠᠷᠭᠠᠴᠠᠭᠠᠬᠤ ᠶᠢ ᠵᠤᠷᠢᠬᠵᠢᠭᠤᠯᠤᠨ᠂ ᠲᠦᠷᠪᠡᠨ | ᠤᠯᠠᠷᠢᠯ ᠢᠶᠠᠷ ᠮᠠᠯ ᠢᠶᠠᠨ ᠪᠤᠷᠤᠯᠠᠭᠤᠯᠬᠤ ᠲᠠᠷᠣᠯᠳᠠ ᠶᠢ ᠮᠠᠯᠴᠢᠨ ᠡᠷᠦᠭᠡ ᠳᠤ ᠠᠯᠪᠠ ᠪᠠᠷ ᠲᠤᠬᠤᠵᠤ᠂ ᠨᠠᠮᠤᠷ ᠤᠨ ᠲᠠᠷᠭᠤ ᠲᠠᠢ ᠴᠠᠭ ᠤᠨ | ᠪᠣᠷᠣᠯᠠᠭᠤᠯᠣᠯᠳᠠ ᠶᠢᠨ ᠲᠦᠭᠰᠢᠭᠦᠷᠢ ᠶᠢ ᠠᠵᠤ ᠠᠬᠤᠶᠢᠯᠠᠯ ᠳᠤ ᠠᠯᠪᠠ ᠪᠠᠷ ᠲᠤᠬᠤᠬᠤ ᠭᠡᠯᠪᠡᠷᠢ ᠠᠴᠠ ᠵᠠᠶᠢᠯᠠᠰᠭᠢᠵᠤ᠂ ᠠᠵᠤ ᠠᠬᠤᠶᠢᠯᠠᠯ ᠪᠠ ᠮᠠᠯᠴᠢᠨ | ᠡᠷᠦᠭᠡ ᠶᠢᠨ ᠲᠦᠭᠰᠢᠭᠦᠷᠢ ᠶᠢ ᠬᠠᠮᠳᠤ ᠪᠠᠷ ᠡᠭᠦᠷᠭᠡᠯᠡᠵᠤ᠂ ᠠᠰᠢᠭ ᠲᠤᠰᠠ ᠶᠢ ᠬᠠᠮᠳᠤ ᠪᠠᠷ ᠭᠦᠷᠳᠡᠭᠦ ᠪᠤᠯᠭᠠᠨ᠎ᠠ᠃ | | | | | | | | ᠲᠦᠷᠪᠡ᠂ ᠠᠵᠤ ᠦᠢᠯᠡᠰᠵᠢᠭᠦᠯᠦ᠋ᠨ ᠡᠵᠡᠩᠨᠡᠭᠦ ᠭᠡᠪ ᠵᠠᠬᠪᠤᠷ ᠢ ᠭᠡᠷᠡᠭᠵᠢᠭᠦᠯᠭᠦ ᠭᠡᠷᠡᠭᠳᠠᠢ | ᠠᠵᠤ ᠦᠢᠯᠡᠰᠵᠢᠭᠰᠡᠨ ᠡᠵᠡᠩᠨᠡᠯᠳᠡ ᠶᠢᠨ ᠡᠴᠦᠰ ᠤᠨ ᠡᠵᠡᠩᠨᠡᠯᠳᠡ ᠶᠢᠨ ᠭᠡᠯᠪᠡᠷᠢ ᠪᠤᠯ ᠲᠠᠷᠢᠶᠠᠯᠠᠩ ᠮᠠᠯ ᠠᠵᠤ ᠠᠬᠤᠢ ᠶᠢᠨ ᠠᠵᠤ ᠦᠢᠯᠡᠰᠵᠢᠭᠰᠡᠨ | ᠰᠢᠨ᠎ᠡ ᠭᠡᠯᠪᠡᠷᠢ ᠶᠢᠨ ᠬᠤᠯᠪᠤᠭᠠᠳᠤ ᠴᠣᠬᠴᠠ ᠶᠢ ᠪᠠᠶᠢᠭᠤᠯᠬᠤ ᠶᠠᠪᠤᠳᠠᠯ ᠮᠦᠨ᠃ ᠭᠡᠪᠡᠴᠤ ᠠᠯᠬᠤᠮ ᠲᠠᠷᠠᠭ᠎ᠠ ᠲᠠᠢ ᠪᠠᠷ ᠤᠷᠤᠬᠰᠢᠯᠠᠬᠤ ᠭᠡᠷᠡᠭᠳᠠᠢ᠃ ᠲᠦᠷᠭᠡᠨ | ᠪᠦᠳᠦᠭᠡᠭᠦ ᠪᠠᠷ ᠶᠠᠭᠠᠷᠠᠵᠤ ᠪᠤᠯᠬᠤ ᠦᠭᠡᠢ᠃ ᠠᠵᠤ ᠦᠢᠯᠡᠰᠵᠢᠭᠰᠡᠨ ᠡᠵᠡᠩᠨᠡᠯᠳᠡ ᠶᠢᠨ ᠠᠩᠬᠠᠨ ᠤ ᠭᠡᠯᠪᠡᠷᠢ ᠠᠴᠠ ᠡᠭᠢᠯᠡᠵᠤ᠂ ᠡᠩ ᠲᠡᠷᠢᠭᠦᠨ ᠳᠤ ᠵᠠᠬ᠎ᠠ | ᠲᠡᠯᠭᠡᠭᠦᠷ ᠤᠨ ᠠᠵᠤ ᠠᠬᠤᠢ ᠶᠢᠨ ᠨᠦᠭᠦᠴᠡᠯ ᠲᠤᠤᠷ᠎ᠠ ᠠᠵᠤ ᠠᠬᠤᠶᠢᠯᠠᠯ ᠪᠠ ᠲᠤᠰᠬᠠᠢ ᠬᠤᠷᠰᠢᠶᠠᠵᠢᠯ ᠨᠢ ᠬᠤᠶᠠᠷ ᠲᠠᠯ᠎ᠠ ᠪᠠᠷ ᠢᠶᠠᠨ ᠰᠠᠶᠢᠨ ᠲᠤᠷ᠎ᠠ ᠲᠠᠢ | ᠪᠠᠶᠢᠬᠤ ᠰᠠᠭᠤᠷᠢᠨ ᠲᠡᠭᠡᠷ᠎ᠡ ︽ᠬᠤᠳᠠᠯᠳᠤᠨ ᠠᠪᠬᠤ ᠪᠠ ᠪᠤᠷᠤᠯᠠᠭᠤᠯᠬᠤ ᠭᠡᠷ᠎ᠡ︾ ᠲᠤᠬᠳᠠᠭᠠᠨ᠂ ᠠᠭᠤᠯᠭ᠎ᠠ ᠵᠢᠴᠢ ᠵᠦᠢᠯ ᠵᠤᠷᠪᠤᠰ ᠢ ᠬᠤᠶᠠᠷ ᠲᠠᠯ᠎ᠠ ᠪᠠᠷ ᠢᠶᠠᠨ | ᠵᠦᠪᠳᠡᠯᠴᠡᠨ ᠲᠤᠭᠤᠷᠪᠢᠵᠤ᠂ ᠠᠯᠪᠠᠨ ᠭᠡᠷᠡᠴᠢᠯᠡᠭᠡ ᠶᠢᠨ ᠭᠠᠵᠠᠷ ᠠᠯᠪᠠᠨ ᠭᠡᠷᠡᠴᠢᠯᠡᠭᠡ ᠭᠢᠭᠰᠡᠨ ᠤ ᠲᠠᠷᠠᠭ᠎ᠠ ᠭᠦᠴᠦᠨ ᠲᠠᠢ ᠪᠤᠯᠭᠠᠨ᠎ᠠ᠃ | ᠡᠳᠡᠰᠢᠬᠦᠯᠤᠨ ᠪᠤᠯᠪᠠᠰᠤᠷᠠᠭᠤᠯᠬᠤ ᠠᠵᠤ ᠠᠬᠤᠶᠢᠯᠠᠯ ᠤᠳ ᠰᠠᠭᠤᠷᠢᠨ ᠭᠠᠵᠠᠷ ᠢ ᠭᠦᠭᠵᠢᠭᠦᠯᠦ᠋ᠨ ᠪᠦᠳᠦᠭᠡᠨ ᠪᠠᠶᠢᠭᠤᠯᠬᠤ ᠶᠢ ᠴᠢᠬᠤᠯᠠᠴᠢᠯᠠᠵᠣ᠂ | ᠳᠤᠰᠬᠠᠢ ᠬᠤᠷᠰᠢᠶᠠᠵᠢᠯ ᠤᠨ ᠲᠦᠷᠢᠮᠵᠢᠯ ᠲᠠᠢ ᠠᠵᠢᠯᠯᠠᠬᠤ ᠶᠢ ᠲᠡᠳᠭᠦᠨ ᠵᠢᠯᠤᠭᠤᠳᠬᠤ ᠭᠡᠷᠡᠭᠳᠠᠢ᠃ ᠲᠤᠰᠬᠠᠢ ᠬᠤᠷᠰᠢᠶᠠᠵᠢᠯ ᠳᠤ ᠦᠢᠯᠡᠳᠪᠤᠷᠢᠯᠡᠭᠦ ᠠᠴᠠ | ᠡᠮᠦᠨᠡᠭᠢ᠂ ᠦᠢᠯᠡᠳᠪᠤᠷᠢᠯᠡᠯ ᠤᠨ ᠲᠤᠮᠳᠠᠭᠢ᠂ ᠦᠢᠯᠡᠳᠪᠤᠷᠢᠯᠡᠭᠰᠡᠨ ᠤ ᠲᠠᠷᠠᠭᠠᠭᠢ ᠦᠢᠯᠡᠴᠢᠯᠡᠭᠡ ᠶᠢ ᠬᠠᠩᠭᠠᠵᠤ᠂ ᠮᠠᠯᠴᠢᠨ ᠡᠷᠦᠭᠡ ᠶᠢᠨ ᠦᠢᠯᠡᠳᠪᠤᠷᠢᠯᠡᠯ ᠤᠨ | ᠲᠤᠮᠳᠠ ᠲᠤᠯᠭᠠᠷᠠᠬᠰᠠᠨ ᠭᠦᠴᠢᠷᠳᠡᠯ ᠢ ᠰᠢᠢᠳᠪᠤᠷᠢᠯᠡᠭᠦ ᠭᠡᠷᠡᠭᠳᠠᠢ᠃ ᠲᠤᠰᠬᠠᠢ ᠬᠤᠷᠰᠢᠶᠠᠵᠢᠯ ᠨᠢ ᠰᠠᠭᠤᠭ᠎ᠠ ᠭᠠᠴᠠᠭᠠᠨ ︵ᠲᠤᠰᠬᠤᠨ︶ ᠤ ᠮᠠᠯᠴᠢᠳ ᠢ | ᠵᠤᠭᠢᠶᠠᠨ ᠪᠠᠶᠢᠭᠤᠯᠵᠤ᠂ ᠲᠤᠰ ᠲᠤᠰᠬᠠᠢ ᠬᠤᠷᠰᠢᠶᠠᠵᠢᠯ ᠪᠤᠯᠤᠨ ᠠᠵᠤ ᠠᠬᠤᠶᠢᠯᠠᠯ ᠤᠨ ᠲᠤᠬᠳᠠᠭᠠᠬᠰᠠᠨ ︽ᠬᠤᠳᠠᠯᠳᠤᠨ ᠠᠪᠬᠤ ᠪᠠ ᠪᠤᠷᠤᠯᠠᠭᠤᠯᠬᠤ ᠭᠡᠷ᠎ᠡ︾ | ᠶᠢᠨ ᠵᠦᠢᠯ ᠵᠤᠷᠪᠤᠰ ᠤᠨ ᠶᠤᠰᠤᠭᠠᠷ ᠦᠢᠯᠡᠳᠪᠤᠷᠢᠯᠡᠭᠦ ᠪᠠ ᠪᠤᠷᠤᠯᠠᠭᠤᠯᠵᠤ᠂ ᠦᠨᠡᠨᠴᠢ ᠢᠳᠡᠭᠡᠮᠵᠢᠳᠠᠢ ᠪᠠᠶᠢᠬᠤ ᠭᠡᠷᠡᠭᠳᠠᠢ᠃ ᠨᠦᠭᠦᠴᠡᠯ ᠲᠠᠢ ᠠᠵᠤ ᠠᠬᠤᠶᠢᠯᠠᠯ | ᠪᠤᠯᠤᠨ ᠲᠤᠰᠬᠠᠢ ᠬᠤᠷᠰᠢᠶᠠᠵᠢᠯ ᠨᠢ ᠬᠤᠪᠢᠴᠠᠭᠠᠳᠤ ᠲᠦᠷᠢᠮᠳᠤ ᠺᠤᠮᠫᠠᠨᠢ ︵ᠰᠢᠨ᠎ᠡ ᠭᠡᠯᠪᠡᠷᠢ ᠶᠢᠨ ᠬᠤᠯᠪᠤᠭᠠᠳᠤ ᠴᠤᠬᠴᠠ ᠶᠢᠨ ᠠᠩᠬᠠᠨ ᠤ ᠭᠡᠯᠪᠡᠷᠢ︶ ᠶᠢ | ᠬᠠᠮᠳᠤᠷᠠᠨ ᠵᠤᠭᠢᠶᠠᠨ ᠪᠠᠶᠢᠭᠤᠯᠵᠤ᠂ ᠠᠵᠤ ᠠᠬᠤᠶᠢᠯᠠᠯ ᠨᠢ ᠲᠤᠬᠳᠠᠮᠠᠯ ᠭᠦᠷᠦᠩᠭᠡ ᠪᠠᠷ ᠢᠶᠠᠨ ᠬᠤᠪᠢ ᠤᠷᠤᠵᠤ᠂ ᠲᠤᠰᠬᠠᠢ ᠬᠤᠷᠰᠢᠶᠠᠵᠢᠯ ᠨᠢ ᠲᠤᠰ | ᠬᠤᠷᠰᠢᠶᠠᠨ ᠤ ᠭᠡᠰᠢᠭᠦᠳ ᠤᠨ ᠠᠳᠤᠭᠤᠰᠤ ᠮᠠᠯ ᠢᠶᠠᠷ ᠬᠤᠪᠢ ᠤᠷᠤᠵᠤ ︽ᠨᠢᠬᠳᠠᠷᠠᠬᠰᠠᠨ ᠭᠡᠯᠪᠡᠷᠢ︾ ᠶᠢᠨ ᠬᠤᠷᠰᠢᠯᠴᠠᠬᠤ ᠬᠠᠷᠢᠴᠠᠭ᠎ᠠ ᠶᠢ ᠪᠤᠢ ᠪᠤᠯᠭᠠᠨ᠂ | ᠦᠢᠯᠡᠳᠪᠤᠷᠢᠯᠡᠭᠦ ᠡᠳ᠋ᠰᠢᠭᠦᠯᠭᠦ ᠪᠤᠷᠤᠯᠠᠭᠤᠯᠬᠤ ᠶᠢ ᠨᠢᠭᠡ ᠴᠤᠬᠴᠠᠵᠢᠭᠤᠯᠵᠤ᠂ ᠠᠰᠢᠭ ᠲᠤᠰᠠ ᠶᠢ ᠬᠠᠮᠳᠤ ᠪᠠᠷ ᠡᠳ᠋ᠯᠠᠨ᠂ ᠲᠦᠭᠰᠢᠭᠦᠷᠢ ᠶᠢ ᠬᠠᠮᠳᠤ ᠪᠠᠷ | ᠡᠭᠦᠷᠭᠡᠯᠡᠭᠦ ᠭᠡᠷᠡᠭᠳᠠᠢ᠃ | | | | | | ᠲᠠᠪᠤ᠂ ᠦᠨᠡᠯᠡᠭᠦ ᠵᠢᠴᠢ ᠱᠠᠩᠨᠠᠬᠤ ᠲᠤᠬᠳᠠᠴᠠ | ︵ᠨᠢᠬᠡ︶ ᠠᠵᠤ ᠠᠬᠤᠶᠢᠯᠠᠯ ᠪᠤᠯᠤᠨ ᠲᠤᠰᠬᠠᠢ ᠬᠤᠷᠰᠢᠶᠠᠵᠢᠯ ᠨᠢ ︽ᠬᠤᠳᠠᠯᠳᠤᠨ ᠠᠪᠬᠤ ᠪᠠ ᠪᠤᠷᠤᠯᠠᠭᠤᠯᠬᠤ ᠭᠡᠷ᠎ᠡ︾ ᠶᠢᠨ ᠵᠤᠷᠪᠤᠰ ᠢ | ᠦᠨᠳᠦᠰᠦᠯᠡᠨ ᠦᠢᠯᠡᠳᠪᠤᠷᠢᠯᠡᠵᠤ᠂ ᠵᠠᠰᠠᠭ ᠤᠨ ᠤᠷᠳᠤᠨ ᠠᠴᠠ ᠡᠳ᠋ᠰᠢᠭᠦᠯᠭᠦ ᠠᠵᠤ ᠠᠬᠤᠶᠢᠯᠠᠯ ᠤᠨ ᠬᠤᠨᠢ ᠨᠢᠭᠡ ᠪᠦᠷᠢ ᠳᠤ ᠵᠤᠭᠢᠬᠤ ᠲᠤᠭᠠᠨ ᠤ ᠨᠦᠭᠦᠪᠦᠷᠢ᠂ | ᠪᠡᠯᠨ ᠮᠦᠩᠭᠦᠨ ᠤ ᠱᠠᠩᠨᠠᠯ ᠤᠯᠭᠤᠨ᠎ᠠ᠃ ᠠᠵᠤ ᠠᠬᠤᠶᠢᠯᠠᠯ ᠠᠴᠠ ᠱᠠᠩᠨᠠᠯ ᠤᠨ ᠪᠡᠯᠨ ᠮᠦᠩᠭᠦ ᠶᠢ ᠵᠦᠢ ᠵᠤᠭᠢᠰᠳᠠᠢ ᠬᠤᠪᠢᠶᠠᠷᠢᠯᠠᠨ᠎ᠠ᠃ ᠨᠢᠭᠡ ᠳᠤ᠂ ᠲᠤᠰᠬᠠᠢ | ᠬᠤᠷᠰᠢᠶᠠᠵᠢᠯ ᠳᠤ ᠵᠤᠭᠢᠶᠠᠨ ᠪᠠᠶᠢᠭᠤᠯᠤᠬᠰᠠᠨ ᠱᠠᠩᠨᠠᠯ ᠢ ᠤᠯᠭᠤᠨ᠎ᠠ︔ ᠬᠤᠶᠠᠷ ᠲᠤ᠂ ᠠᠵᠤ ᠠᠬᠤᠶᠢᠯᠠᠯ ᠵᠠᠬ᠎ᠠ ᠲᠡᠯᠭᠡᠭᠦᠷ ᠢ ᠦᠨᠳᠦᠰᠦᠯᠡᠨ ᠦᠨ᠎ᠡ | ᠬᠠᠩᠰᠢ ᠳᠤ ᠲᠤᠭᠢᠷᠠᠭᠤᠯᠤᠯᠳᠠ ᠭᠢᠵᠤ᠂ ᠬᠤᠷᠰᠢᠶᠡᠵᠢᠯ ᠳᠤ ᠦᠨ᠎ᠡ ᠬᠠᠩᠰᠢ ᠶᠢᠨ ᠬᠠᠷᠠᠭᠠᠯᠵᠠᠯ ᠢ ᠦᠵᠡᠭᠦᠯᠦ᠋ᠨᠡ︔ ᠭᠤᠷᠪᠡ ᠳᠤ᠂ ᠠᠵᠤ ᠠᠬᠤᠶᠢᠯᠠᠯ ᠨᠢ | ᠵᠤᠭᠢᠬᠤ ᠦᠢᠯᠡᠳᠭᠦᠨ ᠤ ᠨᠠᠷᠡᠳᠤ ᠲᠡᠮᠳᠡᠭᠳᠦ ᠶᠢᠨ ᠤᠬᠠᠭᠤᠯᠭ᠎ᠠ ᠶᠢ ᠭᠢᠨ᠎ᠡ᠃ | ︵ᠬᠤᠶᠠᠷ︶ ᠢᠯᠠᠤᠨᠳᠠ ᠠᠮᠵᠢᠯᠳᠠ ᠤᠯᠤᠬᠰᠨ ᠠᠵᠤ ᠠᠬᠤᠶᠢᠯᠠᠯ ᠪᠤᠯᠤᠨ ᠲᠤᠰᠬᠠᠢ ᠬᠤᠷᠰᠢᠶᠠᠵᠢᠯ ᠳᠤ ᠲᠠᠷᠢᠶᠠᠯᠠᠩ ᠮᠠᠯ ᠠᠵᠤ ᠠᠬᠤᠢ ᠶᠢᠨ ᠠᠵᠤ | ᠦᠢᠯᠡᠰᠴᠢᠯᠡᠯᠳᠡ ᠶᠢᠨ ᠲᠦᠷᠦᠯ ᠵᠦᠢᠯ ᠵᠢᠴᠢ ᠵᠢᠭᠡᠯᠡᠯᠭᠡ ᠶᠢᠨ ᠲᠦᠷᠤ ᠶᠢᠨ ᠪᠤᠳᠤᠯᠭ᠎ᠠ ᠶᠢᠨ ᠲᠠᠯ᠎ᠠ ᠪᠠᠷ ᠤᠷᠢᠳ ᠢᠶᠠᠷ ᠬᠠᠷᠠᠭᠠᠯᠵᠠᠯ ᠦᠵᠡᠭᠦᠯᠦ᠋ᠨᠡ᠃ | ︵ᠭᠤᠷᠪᠠ︶ ᠨᠠᠷᠢᠨ ᠨᠤᠤᠰᠤᠳᠤ ᠬᠤᠨᠢᠨ ᠤ ᠪᠤᠷᠤᠯᠠᠭᠤᠯᠬᠤ ᠴᠠᠭ ᠬᠤᠭᠤᠴᠠᠭ᠎ᠠ ᠶᠢ ᠵᠢᠯ ᠲᠠᠷᠠᠭᠠᠯᠠᠨ ᠤᠷᠤᠬᠰᠢ ᠰᠢᠯᠵᠢᠭᠦᠯᠭᠦ ᠶᠢ ᠲᠡᠳᠭᠦᠨ | ᠵᠤᠷᠢᠬᠵᠢᠭᠤᠯᠬᠤ ᠪᠠᠷ ᠲᠠᠮᠵᠢᠭᠤᠯᠤᠨ ᠲᠦᠷᠪᠡᠨ ᠤᠯᠠᠷᠢᠯ ᠳᠤ ᠴᠦᠮ ᠪᠣᠷᠣᠯᠠᠭᠤᠯᠣᠯᠳᠠ ᠲᠠᠢ ᠪᠠᠶᠢᠬᠤ ᠶᠢ ᠠᠯᠬᠤᠮ ᠠᠯᠬᠤᠮ ᠢᠶᠠᠷ ᠪᠡᠶᠠᠯᠡᠭᠦᠯᠦ᠋ᠨᠡ᠃ | ︵ᠲᠥᠷᠪᠡ︶ ᠤᠯᠤᠰ ᠤᠨ ᠦᠮᠴᠢᠯᠡᠯᠳᠤ ᠲᠠᠷᠢᠶᠠᠯᠠᠩ ᠮᠠᠯ ᠠᠵᠤ ᠠᠬᠤᠢ ᠶᠢᠨ ᠺᠤᠮᠫᠠᠨᠢ ᠲᠦᠷᠦᠭᠦᠯᠡᠨ ᠤᠷᠳᠤᠰ ᠨᠠᠷᠢᠨ ᠨᠤᠤᠰᠤᠳᠤ ᠬᠤᠨᠢᠨ ᠤ | ᠨᠡᠶᠢᠭᠡᠮᠯᠢᠭ᠂ ᠨᠠᠷᠢᠨ ᠨᠤᠤᠰᠤᠳᠤ ᠬᠤᠨᠢᠨ ᠤ ᠪᠦᠯᠦ᠋ᠭᠯᠡᠯ ᠢ ᠪᠠᠶᠢᠭᠤᠯᠵᠤ᠂ ᠨᠠᠷᠢᠨ ᠨᠤᠰᠤᠤᠳᠤ ᠬᠤᠨᠢ ᠮᠠᠯᠵᠢᠬᠤ ᠶᠢ ᠵᠢᠷᠤᠮᠵᠢᠭᠤᠯᠬᠤ ︵ᠪᠠᠷᠢᠮᠵᠢᠶᠠᠵᠢᠭᠤᠯᠤᠨ | ᠮᠠᠯᠵᠢᠬᠤ︶᠂ ᠭᠡᠪᠴᠢᠶ᠎ᠡ ᠶᠢ ᠨᠢᠭᠡᠳᠦᠯᠳᠠᠢ ᠲᠤᠬᠳᠠᠭᠠᠬᠤ᠂ ᠪᠦᠭᠦ ᠶᠠᠪᠤᠴᠠ ᠶᠢ ᠭᠢᠨᠡᠨ ᠬᠠᠮᠢᠶᠠᠷᠬᠤ ᠶᠢ ᠰᠠᠶᠢᠳᠦᠷ ᠭᠢᠵᠤ᠂ ᠵᠠᠬ᠎ᠠ ᠲᠡᠯᠭᠡᠭᠦᠷ ᠵᠢᠴᠢ ᠮᠠᠯᠵᠢᠬᠤ | ᠦᠪᠡᠷ ᠤᠨ ᠦᠷᠳᠡᠭ ᠢ ᠦᠨᠳᠦᠰᠦᠯᠡᠨ ᠲᠦᠭᠦᠭᠡᠢ ᠮᠠᠲ᠋ᠧᠷᠢᠶᠠᠯ ᠤᠨ ᠨᠢᠭᠡᠳᠦᠯᠳᠠᠢ ᠦᠨ᠎ᠡ ᠲᠤᠬᠳᠠᠭᠠᠬᠤ ᠶᠢ ᠪᠡᠶᠠᠯᠠᠬᠦᠯᠦ᠋ᠨᠠ᠃ | ︵ᠳᠠᠪᠤ︶ ᠤᠷᠳᠤᠰ ᠨᠠᠷᠢᠨ ᠨᠤᠤᠰᠤᠳᠤ ᠬᠤᠨᠢᠨ ᠤ ᠤᠷᠤᠨ ᠪᠦᠰᠡᠵᠢᠭᠰᠡᠨ ᠨᠡᠷᠡᠳᠤ ᠲᠡᠮᠳᠡᠭᠳᠦ ᠶᠢ ᠭᠤᠶᠤᠴᠢᠯᠠᠵᠤ᠂ ᠲᠠᠷᠢᠶᠠᠯᠠᠩ ᠮᠠᠯ ᠠᠵᠤ | ᠠᠬᠤᠢ ᠶᠢᠨ ᠡᠯ᠎ᠡ ᠺᠤᠮᠫᠠᠨᠢ ᠳᠤ ᠡᠷᠭᠡ ᠤᠯᠭᠤᠨ᠂ ᠨᠠᠷᠠᠳᠤ ᠲᠡᠮᠳᠡᠭᠳᠦ ᠶᠢ ᠨᠢᠭᠡᠳᠦᠯᠳᠠᠢ ᠪᠤᠯᠭᠠᠨ᠎ᠠ᠃ ᠡᠷᠭᠡ ᠤᠯᠭᠤᠬᠰᠠᠨ ᠡᠯ᠎ᠡ ᠲᠠᠷᠢᠶᠠᠯᠠᠩ ᠮᠠᠯ ᠠᠵᠤ | ᠠᠬᠤᠢ ᠶᠢᠨ ᠺᠤᠮᠫᠠᠨᠢ ᠳᠤ ᠵᠤᠭᠢᠬᠤ ᠭᠡᠮᠵᠢᠶᠡᠨ ᠤ ᠪᠤᠷᠤᠯᠠᠭᠤᠯᠤᠯᠳᠠ ᠶᠢᠨ ᠱᠠᠩᠨᠠᠯ ᠪᠠ ᠨᠠᠷᠡᠳᠤ ᠲᠡᠮᠳᠡᠭᠳᠦ ᠶᠢᠨ ᠲᠡᠯᠭᠡᠷᠡᠭᠦᠯᠦ᠋ᠯᠳᠡ ᠶᠢᠨ ᠱᠠᠩᠨᠠᠯ ᠢ ᠤᠯᠭᠤᠨ᠎ᠠ᠃ | ︵ᠵᠢᠷᠭᠤᠭ᠎ᠠ︶ ᠵᠠᠰᠠᠭ ᠤᠨ ᠤᠷᠳᠤᠨ ᠠᠴᠠ ᠨᠡᠷᠡᠳᠤ ᠲᠡᠮᠳᠡᠭᠳᠦ ᠶᠢᠨ ᠤᠬᠠᠭᠤᠯᠭ᠎ᠠ ᠶᠢᠨ ᠡᠷᠴᠢᠮ ᠢᠶᠠᠨ ᠨᠡᠮᠡᠭᠳᠡᠭᠦᠯᠵᠤ᠂ ᠨᠡᠷᠡᠳᠦ ᠲᠡᠮᠳᠡᠭᠳᠦ ᠶᠢᠨ | ᠦᠷᠳᠡᠭ ᠢ ᠬᠠᠮᠤᠭ ᠤᠨ ᠶᠡᠭᠡ ᠳᠤ ᠭᠦᠷᠭᠡᠭᠦ ᠶᠢ ᠪᠡᠶᠡᠯᠡᠭᠦᠯᠤᠨ᠂ ᠤᠷᠳᠤᠰ ᠨᠠᠷᠢᠨ ᠨᠤᠤᠰᠤᠳᠤ ᠬᠤᠨᠢ ᠶᠢ ᠪᠤᠷᠤᠯᠠᠭᠤᠯᠬᠤ ᠦᠨ᠎ᠡ ᠬᠠᠩᠰᠢ ᠶᠢ ᠪᠦᠭᠦᠯᠢ | ᠴᠤᠬᠴᠠ ᠪᠠᠷ ᠨᠢ ᠲᠡᠭᠡᠭᠰᠢᠯᠡᠭᠦᠯᠭᠦ ᠭᠡᠷᠡᠭᠳᠠᠢ᠃ | ᠵᠢᠷᠭᠤᠭ᠎ᠠ᠂ ᠭᠢᠨᠠᠯᠳᠠ ᠲᠠᠯᠪᠢᠬᠤ ᠲᠤᠬᠳᠠᠴᠠ | ᠥᠤᠰᠢᠨ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠲᠤᠪᠴᠢᠶᠠᠨ ᠤ ᠮᠠᠯ ᠠᠵᠤ ᠠᠬᠤᠢ ᠶᠢᠨ ᠲᠠᠰᠤᠭ᠂ ᠠᠵᠤ ᠦᠢᠯᠡᠰ ᠤᠨ ᠠᠯᠪᠠᠨ ᠭᠡᠷ ᠨᠢ | ︽ᠬᠤᠳᠠᠯᠳᠤᠨ ᠠᠪᠬᠤ ᠪᠠ ᠪᠤᠷᠤᠯᠠᠭᠤᠯᠬᠤ ᠭᠡᠷ᠎ᠡ︾ ᠶᠢᠨ ᠵᠤᠷᠪᠤᠰ ᠢ ᠦᠨᠳᠦᠰᠦᠯᠡᠨ ᠭᠢᠨᠠᠨ ᠬᠠᠷᠢᠭᠤᠴᠠᠨ᠎ᠠ᠃ ᠡᠳ᠋ᠰᠢᠭᠦᠯᠭᠦ ᠬᠤᠭᠤᠴᠠᠭᠠᠨ ᠳᠤ ᠲᠤᠰᠬᠠᠢ | ᠲᠤᠮᠢᠯᠠᠬᠰᠠᠨ ᠭᠢᠨᠠᠬᠴᠢ ᠶᠢ ᠠᠵᠤ ᠠᠬᠤᠶᠢᠯᠠᠯ ᠳᠤ ᠤᠴᠢᠭᠤᠯᠵᠤ ᠭᠢᠨᠠᠯᠳᠠ ᠭᠢᠯᠭᠡᠨ᠂ ᠠᠵᠤ ᠠᠬᠤᠶᠢᠯᠠᠯ ᠳᠤ ᠰᠠᠭᠤᠭ᠎ᠠ ᠭᠢᠨᠠᠬᠴᠢ ᠡᠭᠦᠷᠭᠡ ᠬᠠᠷᠢᠭᠤᠴᠠᠯᠭ᠎ᠠ ᠪᠠᠨ | ᠭᠢᠨᠠᠮᠠᠭᠠᠢ ᠭᠦᠢᠴᠡᠳᠭᠡᠵᠤ᠂ ᠠᠵᠤ ᠠᠬᠤᠶᠢᠯᠠᠯ ᠪᠤᠯᠤᠨ ᠬᠤᠪᠢ ᠭᠦᠮᠦᠨ ᠨᠦᠭᠦᠪᠤᠷᠢ ᠶᠢ ᠮᠡᠭᠡᠯᠡᠨ ᠠᠪᠬᠤ ᠦᠢᠯᠠ ᠠᠵᠢᠯᠯᠠᠭ᠎ᠠ ᠶᠢ ᠤᠯᠵᠤ ᠮᠠᠳᠠᠪᠠᠯ᠂ ᠠᠵᠤ | ᠠᠬᠤᠶᠢᠯᠠᠯ ᠤᠨ ᠱᠠᠩᠨᠠᠯ ᠵᠢᠴᠢ ᠨᠦᠭᠦᠪᠤᠷᠢ ᠶᠢ ᠭᠦᠴᠦᠨ ᠦᠭᠡᠢ ᠪᠤᠯᠭᠠᠬᠤ ᠶᠢᠨ ᠬᠠᠮᠳᠤ ᠬᠠᠮᠢᠶ᠎ᠠ ᠪᠦᠭᠦᠢ ᠭᠦᠮᠦᠰ ᠠᠴᠠ ᠬᠠᠷᠢᠭᠤᠴᠠᠯᠭ᠎ᠠ ᠨᠡᠭᠡᠮᠵᠢᠯᠡᠨ | ᠪᠠᠶᠢᠴᠠᠭᠠᠬᠤ ᠭᠡᠷᠡᠭᠳᠠᠢ᠃ | ᠲᠤᠯᠤᠭ᠎ᠠ᠂ ᠨᠠᠷᠠᠳᠦ ᠲᠡᠮᠳᠡᠭᠳᠦ ᠶᠢᠨ ᠪᠠᠶᠢᠭᠤᠯᠤᠯᠳᠠ ᠶᠢᠨ ᠱᠠᠩᠨᠠᠯ | ︵ᠨᠢᠬᠡ︶ 2022 ᠤᠨ ᠠᠴᠠ ᠬᠤᠶᠢᠰᠢ ᠦᠪᠡᠷᠳᠡᠭᠡᠨ ᠵᠠᠰᠠᠬᠤ ᠤᠷᠤᠨ ᠤ ᠲᠡᠰ ᠤᠨ ︽ᠴᠢᠨᠠᠷ ᠰᠠᠶᠢᠳᠠᠢ ᠦᠢᠯᠡᠳᠭᠦᠨ︾᠂ ︽ ᠨᠡᠷᠡᠳᠦ ᠰᠢᠯᠢᠳᠡᠭ | ᠦᠢᠯᠡᠳᠭᠦᠨ︾ ᠪᠤᠶᠤ ᠪᠤᠰᠤᠳ ᠢᠷᠠᠭᠤ ᠠᠯᠳᠠᠷ ᠤᠨ ᠴᠤᠯᠠ ᠤᠯᠤᠬᠰᠠᠨ ᠦᠢᠯᠡᠳᠭᠦᠨ ᠤ ᠲᠦᠷᠦᠯ ᠪᠦᠷᠢ ᠳᠤ 20 ᠲᠦᠮᠡᠨ ᠲᠦᠭᠦᠷᠢᠭ ᠱᠠᠩᠨᠠᠨ᠎ᠠ︔ | | ︵ᠬᠤᠶᠠᠷ︶ 2022 ᠤᠨ ᠠᠴᠠ ᠬᠤᠶᠢᠰᠢ ᠤᠯᠤᠰ ᠤᠨ ᠲᠡᠰ ᠤᠨ ︽ᠴᠢᠨᠠᠷ ᠰᠠᠶᠢᠳᠠᠢ ᠦᠢᠯᠡᠳᠭᠦᠨ︾᠂ ︽ᠨᠡᠷᠡᠳᠦ ᠰᠢᠯᠢᠳᠡᠭ ᠦᠢᠯᠡᠳᠭᠦᠨ︾ | ᠵᠢᠴᠢ ᠪᠤᠰᠤᠳ ᠢᠷᠠᠭᠤ ᠠᠯᠳᠠᠷ ᠤᠨ ᠴᠤᠯᠠ ᠪᠠᠷ ᠦᠨᠡᠯᠡᠭᠳᠡᠭᠰᠡᠨ ᠪᠠᠶᠢᠪᠡᠯ ᠲᠦᠷᠦᠯ ᠪᠦᠷᠢ ᠳᠤ 50 ᠲᠦᠮᠡᠨ ᠲᠦᠭᠦᠷᠢᠭ ᠱᠠᠩᠨᠠᠨ᠎ᠠ︔ | ︵ᠭᠤᠷᠪᠠ︶ ᠬᠤᠳᠠ ᠶᠢᠨ ᠵᠠᠰᠠᠭ ᠤᠨ ᠤᠷᠳᠤᠨ ᠵᠢᠯ ᠤᠨ ᠭᠠᠷᠤᠯᠳᠠ ᠨᠢ 500 ᠲᠤᠨ ᠠᠴᠠ ᠲᠡᠭᠡᠭᠰᠢ ᠤᠯᠠᠭᠠᠨ ᠢᠳᠡᠭᠡᠨ ᠪᠤᠯᠪᠠᠰᠤᠷᠠᠭᠤᠯᠬᠤ ᠠᠵᠤ | ᠠᠬᠤᠶᠢᠯᠠᠯ ᠳᠤ ᠨᠢᠭᠡ ᠤᠳᠠᠭ᠎ᠠ 100 ᠲᠦᠮᠡᠨ ᠲᠦᠭᠦᠷᠢᠭ ᠱᠠᠩᠨᠠᠵᠤ᠂ ᠤᠯᠠᠭᠠᠨ ᠢᠳᠡᠭᠡᠨ ᠤ ᠵᠢᠯ ᠤᠨ ᠪᠤᠷᠤᠯᠠᠭᠤᠯᠭ᠎ᠠ ᠶᠢᠨ ᠭᠡᠮᠵᠢᠶ᠎ᠠ ᠨᠢ 6000 ᠲᠦᠮᠡᠨ | ᠲᠦᠭᠦᠷᠢᠭ ᠠᠴᠠ ᠲᠡᠭᠡᠭᠰᠢ ᠪᠤᠯᠪᠠᠰᠤᠷᠠᠭᠤᠯᠬᠤ ᠠᠵᠤ ᠠᠬᠤᠶᠢᠯᠠᠯ ᠳᠤ ᠨᠢᠭᠡ ᠤᠳᠠᠭ᠎ᠠ 200 ᠲᠦᠮᠡᠨ ᠲᠦᠭᠦᠷᠢᠭ ᠱᠠᠩᠨᠠᠨ᠎ᠠ᠃ | | | | ᠵᠤᠬᠢᠶᠠᠬᠴᠢ᠄ ᠦᠤᠰᠢᠨ ᠬᠤᠰᠢᠭᠤᠨ ᠤ ᠤᠯᠤᠰ ᠤᠨ ᠤᠮᠴᠢᠯᠡᠯᠳᠤ ᠲᠠᠷᠢᠶᠠᠯᠠᠩ ᠮᠠᠯ ᠠᠵᠤ ᠠᠬᠤᠢ ᠶᠢᠨ ᠨᠡᠭᠡᠭᠡᠯᠳᠡ ᠶᠢᠨ ᠬᠢᠵᠠᠭᠠᠷᠳᠤ ᠺᠤᠮᠫᠠᠨᠢ ᠶᠢᠨ | ᠶᠡᠷᠥᠩᠭᠡᠢ ᠲᠠᠭᠠᠭᠠᠮᠠᠯ | | | |