ᠳᠤᠪᠤᠭ ᠭᠠᠴᠠᠭ᠎ᠠ ᠪᠤᠶᠠᠨᠳᠤ ᠪᠤᠭᠤᠷᠤᠯᠴᠤᠳ ᠢᠶᠠᠨ ᠳᠤᠭᠤᠷᠢᠨ ᠰᠤᠷᠤᠯᠴᠠᠭᠤᠯᠤᠯ᠎ᠠ
ᠨᠡᠶᠢᠲᠡᠯᠡᠭᠰᠡᠨ ᠴᠠᠭ᠄
2022/9/13
      ᠤᠶᠢᠷ᠎ᠠ ᠶᠢᠨ ᠡᠳᠦᠷ᠂ ᠳᠤᠭ ᠪᠠᠯᠭᠠᠰᠤᠨ ᠤ ᠳᠤᠪᠤᠭ ᠭᠠᠴᠠᠭ᠎ᠠ ᠨᠢ ᠨᠣᠳᠤᠭ ᠣᠰᠣᠨ ᠤ ᠢᠶᠠᠨ ᠵᠠᠯᠠᠭᠤ ᠠᠵᠤ ᠠᠬᠤᠶᠢᠯᠠᠯᠲᠠᠨ ᠰᠠᠬᠢᠭᠴᠢ ᠶᠢᠨ ᠳᠡᠮᠵᠢᠯᠭᠡ ᠪᠠᠷ ︽ᠪᠤᠶᠠᠨᠳᠤ ᠪᠤᠭᠤᠷᠤᠯᠴᠤᠳ ᠤᠨ ᠦᠯᠵᠡᠶᠢᠳᠤ ᠵᠢᠭᠤᠯᠴᠢᠯᠠᠯ︾ ᠭᠡᠬᠦ ᠠᠵᠢᠯᠯᠠᠭ᠎ᠠ ᠶᠢ ᠦᠷᠨᠢᠬᠦᠯᠵᠦ ᠭᠠᠴᠠᠭᠠᠨ ᠤ ᠪᠠᠨ ᠵᠢᠷᠠᠨ ᠨᠠᠰᠤᠨ ᠠᠴᠠ ᠳᠡᠭᠡᠭᠰᠢᠬᠢ ᠨᠠᠰᠤᠳᠠᠳ ᠢ ᠦᠨ᠎ᠡ ᠳᠦᠯᠦᠪᠦᠷᠢ ᠦᠭᠡᠢ ᠪᠠᠷ ᠤᠳᠤᠭ ᠬᠤᠰᠢᠭᠤᠨ ᠤ ᠠᠷᠪᠠᠰ ᠰᠤᠮᠤᠨ ᠤ ᠤᠯᠠᠭᠠᠬᠤᠰᠤ ᠭᠠᠴᠠᠭ᠎ᠠ ᠪᠠᠷ ᠳᠤᠭᠤᠷᠢᠨ ᠰᠤᠷᠤᠯᠴᠠᠭᠤᠯᠤᠭᠰᠠᠨ ᠪᠠᠶᠢᠨ᠎ᠠ᠃      ᠡᠨᠡ ᠤᠳᠠᠭᠠᠨ ᠤ ᠳᠤᠭᠤᠷᠢᠨ ᠰᠤᠷᠤᠯᠴᠠᠯᠭ᠎ᠠ ᠪᠠᠷ ᠤᠯᠠᠭᠠᠬᠤᠰᠤ ᠭᠠᠴᠠᠭᠠᠨ ᠤ ᠠᠷᠪᠠᠰ ᠴᠠᠭᠠᠨ ᠢᠮᠠᠭᠠᠨ ᠤ ᠤᠳᠤᠬᠢᠴᠢᠯᠠᠭᠰᠠᠨ ᠮᠠᠯᠵᠢᠯ ᠤᠨ ᠳᠠᠯᠠᠪᠤᠷ᠂ ᠰᠢᠨᠡᠵᠤᠤ ᠶᠢᠨ ᠮᠢᠩᠭᠠᠨ ᠠᠳᠤᠭᠤᠨ ᠤ ᠪᠡᠯᠴᠢᠭᠡᠷ᠂ ᠳᠤᠤᠵᠢ ᠶᠢᠨ ᠵᠠᠳᠠᠭᠠᠢ᠂ ᠵᠢᠸ᠎ᠠ ᠬᠤᠷᠰᠢᠶᠠᠵᠢᠯ ᠢᠶᠠᠷ ᠳᠤᠭᠤᠷᠢᠨ ᠥᠵᠠᠵᠤ ᠤᠳᠤᠬᠢᠴᠢᠯᠠᠭᠰᠠᠨ ᠮᠠᠯ ᠳᠡᠵᠢᠭᠡᠪᠦᠷᠢ ᠶᠢᠨ ᠠᠷᠭ᠎ᠠ ᠬᠡᠯᠪᠡᠷᠢ᠂ ᠨᠣᠳᠤᠭ ᠨᠣᠳᠤᠭ ᠤᠨ ᠵᠠᠩ ᠠᠷᠠᠨᠰᠢᠨ᠂ ᠰᠤᠶᠤᠯ ᠳᠡᠤᠬᠡ ᠪᠠᠨ ᠰᠤᠯᠢᠯᠴᠠᠨ ᠳᠠᠯ᠎ᠠ ᠨᠤᠳᠤᠭ ᠤᠨ ᠦᠩᠬᠡ ᠦᠵᠡᠮᠵᠢ ᠶᠢ ᠰᠤᠨᠢᠷᠬᠠᠭᠰᠠᠨ ᠪᠠᠶᠢᠨ᠎ᠠ᠃     ᠳᠤᠭ ᠪᠠᠯᠭᠠᠰᠤᠨ ᠤ ᠳᠤᠪᠤᠭ ᠭᠠᠴᠠᠭᠠᠨ ᠳᠤ ᠨᠤᠳᠤᠭᠳᠠᠢ ᠰᠠᠬᠢᠭᠴᠢ 2005 ᠣᠨ ᠳᠤ ᠪᠠᠷᠢᠯᠭ᠎ᠠ ᠶᠢᠨ ᠮᠡᠷᠭᠡᠵᠢᠯ ᠢᠶᠠᠷ ᠶᠡᠭᠡ ᠰᠤᠷᠭᠠᠭᠤᠯᠢ ᠪᠠᠨ ᠳᠡᠭᠦᠰᠬᠡᠵᠦ ᠨᠣᠳᠤᠭ ᠲᠠᠭᠠᠨ ᠪᠣᠴᠠᠨ ︽ᠰᠠᠬᠢᠭᠴᠢ ᠭᠡᠷ ᠪᠠᠶᠢᠰᠢᠩ ᠵᠠᠰᠠᠨ ᠳᠦᠯᠦᠪᠯᠡᠬᠦ ᠦᠷᠦᠭᠡ︾ ᠶᠢ ᠪᠠᠶᠢᠭᠤᠯᠤᠨ ᠰᠢᠷᠭᠠᠭᠤ ᠭᠦᠳᠡᠯᠮᠦᠷᠢ᠂ ᠰᠠᠮᠪᠠᠭᠠᠯᠢᠭ ᠤᠬᠠᠭᠠᠨ ᠢᠶᠠᠷ ᠢᠶᠠᠨ ᠠᠳᠠᠯ ᠠᠮᠢᠳᠤᠷᠠᠯ ᠢᠶᠠᠨ ᠴᠤᠭᠴᠠᠯᠠᠵᠤ ᠠᠵᠢᠯ ᠦᠢᠯᠡᠰ ᠲᠤ ᠪᠠᠨ ᠬᠢᠯᠠᠷᠠᠭᠤᠯᠤᠨ ᠠᠮᠵᠢᠯᠳᠠ ᠪᠦᠳᠦᠮᠵᠢ ᠣᠯᠣᠭᠰᠠᠨ ᠪᠠᠶᠢᠨ᠎ᠠ᠃ ᠡᠨ᠋ᠨ ᠤᠳᠠᠭ᠎ᠠ᠂ ᠰᠠᠬᠢᠭᠴᠢ ᠨᠠᠮ ᠵᠠᠰᠠᠭ᠂ ᠨᠣᠳᠤᠭ ᠤᠰᠤᠨ ᠤ ᠠᠴᠢ ᠬᠠᠶᠢᠷ᠎ᠠ ᠶᠢ ᠬᠠᠷᠢᠭᠤᠯᠵᠥ ᠪᠥᠬᠦ ᠭᠠᠴᠠᠭᠠᠨ ᠤ ᠪᠠᠨ ᠵᠢᠷᠠᠨ ᠨᠠᠰᠤᠨ ᠠᠴᠠ ᠳᠡᠭᠡᠭᠰᠢᠬᠢ ᠨᠠᠰᠤᠳᠠᠳ ᠢ ᠦᠨ᠎ᠡ ᠳᠦᠯᠦᠪᠦᠷᠢ ᠦᠭᠡᠢ ᠳᠤᠭᠤᠷᠢᠨ ᠰᠤᠷᠤᠯᠴᠠᠭᠤᠯᠵᠤ ᠨᠡᠰᠤᠳᠠᠶᠢᠴᠤᠳ ᠤᠨ ᠦᠳᠡᠯᠦᠭᠡ ᠨᠠᠰᠤ ᠪᠠᠨ ᠵᠣᠯ ᠵᠢᠷᠭᠠᠯ ᠲᠠᠢ ᠰᠠᠶᠢᠨ ᠰᠠᠶᠢᠬᠠᠨ ᠦᠩᠭᠡᠷᠡᠭᠦᠯᠭᠦ ᠶᠢ ᠭᠦᠰᠡᠨ ᠵᠦᠩᠨᠡᠭᠰᠡᠨ ᠪᠠᠶᠢᠨ᠎ᠠ᠃                                      ᠰᠣᠷᠪᠣᠯᠵᠢᠯᠠᠭᠴᠢ᠄ ᠠᠷᠢᠭᠤᠨ᠎ᠠ  ᠡᠷᠬᠡᠰ
ᠢᠷᠡᠯᠲᠡ᠄ ᠦᠦᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ