ᠲᠣᠭᠤᠷᠢᠮ ᠭᠠᠴᠠᠭ᠎ᠠ ᠦᠨᠳᠦᠰᠦᠳᠡᠨ ᠤ ᠪᠦᠯᠬᠦᠮᠳᠡᠯ ᠲᠠᠪᠰᠢᠯᠳᠠ ᠶᠢᠨ ᠴᠡᠴᠡᠬᠡᠰ ᠢ ᠦᠷᠬᠦᠯᠵᠢ ᠠᠮᠢᠯᠠᠭᠤᠯᠤᠨ ᠲᠡᠯᠭᠡᠷᠡᠬᠦᠯᠦᠨ᠎ᠡ
ᠨᠡᠶᠢᠲᠡᠯᠡᠭᠰᠡᠨ ᠴᠠᠭ᠄
2022/9/28
      ᠦᠪᠤᠷ ᠮᠤᠩᠭᠤᠯ ᠤᠨ ᠦᠨᠳᠦᠰᠦᠳᠡᠨ ᠨᠦᠭᠦᠳ ᠤᠨ ᠺᠠᠳ᠋ᠷ ᠣᠯᠠᠨ ᠲᠥᠮᠡᠨ ᠬᠦᠰᠡᠯ ᠨᠠᠶᠢᠳᠠᠯᠭ᠎ᠠ ᠶᠢ ᠪᠠᠲᠤ ᠴᠡᠭᠡᠵᠢᠯᠡᠵᠦ ᠠᠴᠢ ᠡᠨᠡᠷᠢᠯ ᠳᠤ ᠭᠦᠨ ᠲᠠᠯᠠᠷᠬᠠᠵᠤ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ ᠴᠤᠴᠠᠯᠳᠠ ᠦᠭᠡᠢ ᠡᠷᠡᠮᠡᠬᠡᠶᠢᠯᠡᠨ ᠲᠡᠮᠡᠴᠡᠭᠰᠡᠨ ᠢᠶᠠᠷ ᠡᠯ᠎ᠡ ᠦᠨᠳᠦᠰᠦᠳᠡᠨ ᠪᠦᠯᠬᠦᠮᠳᠡᠭᠰᠡᠨ ᠡᠬᠡ ᠤᠯᠤᠰ ᠤᠨ ᠤᠮᠠᠷᠠᠳᠤ ᠶᠢᠨ ᠦᠵᠡᠰᠭᠦᠯᠡᠩᠳᠦ ᠰᠠᠶᠢᠬᠠᠨ ᠦᠵᠡᠮᠵᠢ ᠶᠢᠨ ᠣᠷᠣᠨ ᠢ ᠪᠦᠳᠦᠬᠡᠨ ᠪᠠᠶᠢᠭᠤᠯᠵᠤ ᠠᠭᠤᠤ ᠶᠡᠭᠡ ᠦᠢᠯᠡᠳᠦᠯᠬᠡ ᠲᠤᠮᠳᠠ ᠢᠳᠡᠷᠬᠡᠭ ᠠᠯᠬᠤᠭ᠎ᠠ ᠪᠠᠷ ᠲᠠᠪᠰᠢᠨ ᠤᠷᠤᠭᠰᠢᠯᠠᠵᠤ ᠪᠠᠶᠢᠨ᠎ᠠ᠃ ᠡᠨᠡᠬᠦ ᠴᠤᠭ ᠵᠤᠯᠪᠤᠭᠠᠯᠢᠭ ᠪᠠᠶᠢᠳᠠᠯ ᠮᠠᠨ ᠤ ᠬᠤᠲᠠ ᠶᠢᠨ ᠦᠨᠴᠦᠭ ᠪᠤᠯᠤᠩ ᠪᠦᠬᠦᠨ ᠳᠤ ᠲᠤᠳᠤᠬᠠᠨ ᠬᠠᠷᠠᠭᠳᠠᠵᠤ ᠬᠦᠮᠦᠨ ᠠᠷᠠᠳ ᠤᠨ ᠬᠦᠰᠡᠯ ᠲᠡᠮᠡᠥᠯᠠᠯ ᠢ ᠦᠷᠬᠦᠯᠵᠢ ᠬᠦᠭᠵᠢᠬᠡᠨ ᠪᠠᠳᠠᠷᠠᠭᠠᠵᠤ ᠪᠤᠢ᠃      ᠨᠠᠮᠤᠷ ᠤᠨ ᠦᠩᠭᠡ ᠪᠠᠷ ᠭᠤᠶᠤᠯᠠᠭᠰᠠᠨ ᠲᠤᠭᠤᠷᠢᠮ ᠨᠤᠳᠤᠭ ᠨᠠᠶᠢᠷᠳᠠᠢ ᠨᠠᠯᠠᠶᠢᠵᠤ ᠡᠯᠪᠡᠭ ᠬᠤᠷᠢᠶᠠᠯᠳᠠ ᠶᠢᠨ ᠪᠠᠶᠠᠷ ᠪᠠᠭ᠋ᠠᠳᠤᠯ ᠡᠨ᠋ᠨ ᠨᠤᠳᠤᠭ ᠤᠨ ᠬᠦᠮᠤᠰ ᠤᠨ ᠴᠢᠷᠠᠢ ᠪᠦᠬᠦᠨ ᠳᠤ ᠲᠤᠭᠯᠠᠵᠤ ᠡᠩᠭᠡᠵᠢᠬᠦᠨ ᠵᠢᠷᠭᠠᠯᠳᠤ ᠠᠮᠢᠳᠤᠷᠠᠯ ᠤᠨ ᠪᠦᠷᠢᠨ ᠵᠢᠷᠤᠭᠯᠠᠯ ᠢ ᠡᠷᠬᠡ ᠦᠭᠡᠢ ᠰᠠᠨᠠᠭᠳᠠᠭᠤᠯᠤᠨ᠎ᠠ᠃      ᠣᠶᠢᠷ᠎ᠠ ᠶᠢᠨ ᠡᠳᠤᠷ᠂ ᠰᠤᠷᠪᠤᠯᠵᠢᠯᠠᠬᠴᠢ ᠲᠤᠭᠤᠷᠢᠮ ᠭᠠᠴᠠᠭᠠᠨ ᠳᠤ ᠬᠦᠷᠴᠤ ᠭᠠᠴᠠᠭᠠᠨ ᠤ ᠦᠨᠳᠦᠰᠦᠳᠡᠨ ᠤ ᠪᠦᠯᠬᠦᠮᠳᠡᠯ ᠳᠠᠪᠰᠢᠯᠳᠠ ᠶᠢ ᠠᠬᠢᠭᠤᠯᠵᠦ᠂ ᠦᠨᠳᠦᠰᠦᠳᠡᠨ ᠨᠦᠭᠦᠳ ᠬᠠᠷᠢᠯᠴᠠᠨ ᠨᠢᠬᠳᠠᠷᠠᠨ ᠪᠦᠯᠬᠦᠮᠳᠡᠵᠦ ᠵᠢᠷᠭᠠᠯᠲᠤ ᠠᠮᠢᠳᠤᠷᠠᠯ ᠢᠶᠠᠨ ᠴᠤᠬᠴᠠᠯᠠᠵᠦ ᠪᠠᠶᠢᠭ᠎ᠠ ᠪᠠᠶᠢᠳᠠᠯ ᠢ ᠰᠣᠷᠪᠤᠯᠵᠢᠯᠠᠯ᠎ᠠ᠃      ᠰᠤᠷᠪᠤᠯᠵᠢᠯᠠᠭᠴᠢ ᠢᠷᠪᠢᠰ᠄ ︽ᠪᠢᠳᠠ ᠲᠤᠭᠤᠷᠢᠮ ᠭᠠᠴᠠᠭᠠᠨ ᠤ ᠲᠠᠷᠤᠭ᠎ᠠ ᠲᠠᠯᠠᠶᠢᠪᠠᠶᠠᠷ ᠲᠠᠢ ᠬᠠᠮᠳᠤ ᠲᠤᠰ ᠭᠠᠴᠠᠭᠠᠨ ᠤ ᠨᠢᠭᠡᠨ ᠤᠨᠴᠠᠯᠢᠭᠳᠤ ᠡᠷᠦᠭᠡ ᠶᠢᠨ ᠳᠤ ᠤᠴᠢᠬᠤ ᠭᠡᠵᠤ ᠬᠠᠮᠳᠤ ᠠᠶᠠᠯᠠᠵᠤ ᠪᠠᠶᠢᠨ᠎ᠠ᠃ ᠲᠡᠭᠡᠪᠡᠯ ᠲᠠ ᠲᠤᠰ ᠡᠷᠦᠭᠡ ᠶᠢᠨ ᠤᠨᠴᠠᠯᠢᠭ ᠨᠢ ᠬᠠᠮᠢᠭ᠎ᠠ ᠪᠠᠨ ᠪᠠᠶᠢᠨ᠎ᠠ ᠤᠤ︖ ᠤᠷᠢᠳᠠᠪᠡᠷ ᠨᠢᠭᠡ ᠲᠦᠬᠦᠮ ᠲᠠᠨᠢᠯᠴᠠᠭᠤᠯᠤᠭᠠᠳ ᠦᠭᠬᠦᠨ᠎ᠠ ᠤᠤ︖︾      ᠰᠦᠯᠳᠡ ᠰᠤᠮᠤᠨ ᠤ ᠲᠤᠭᠤᠷᠢᠮ ᠭᠠᠴᠠᠭᠠᠨ ᠤ ᠲᠠᠳ᠋ ᠲᠠᠷᠤᠭ᠎ᠠ ᠲᠠᠯᠠᠶᠢᠪᠠᠶᠠᠷ᠄ ︽ᠦᠨᠤᠳᠤᠷ ᠪᠢᠳᠠ ᠲᠤᠭᠤᠷᠢᠮ ᠭᠠᠴᠠᠭᠠᠨ ᠤ ᠲᠡᠭᠡᠳᠤ ᠨᠠᠷᠢᠨ ᠮᠠᠯᠵᠢᠯ  ᠤᠨ ᠬᠤᠷᠰᠢᠶᠠᠨ ᠤ ᠪᠢᠶᠠᠨ ᠴᠠᠩ ᠮᠢᠨ ᠤᠨ ᠭᠡᠷ ᠲᠤ ᠣᠴᠢᠨ᠎ᠠ᠃ ᠡᠨ᠋ᠨ ᠡᠷᠦᠭᠡ ᠪᠤᠯ ᠮᠠᠨ ᠤ ᠭᠠᠴᠠᠭᠠᠨ ᠳᠠᠭᠠᠨ ᠶᠡᠭᠡ ᠦᠪᠡᠷᠮᠢᠴᠠ ᠤᠨᠴᠠᠯᠢᠭ ᠲᠠᠢ ᠡᠷᠦᠭᠡ᠂ 14 ᠨᠠᠰᠤᠳᠠᠢ ᠳᠠᠭᠠᠨ ᠮᠠᠨ ᠤ ᠲᠤᠭᠤᠷᠢᠮ ᠭᠠᠴᠠᠭᠠᠨ ᠳᠤ ᠢᠷᠡᠭᠡᠳ ᠮᠤᠳᠤᠨ ᠲᠠᠷᠬᠠᠨ ᠤ ᠠᠵᠢᠯ ᠢ ᠬᠢᠵᠦ᠂ 21 ᠨᠠᠰᠤᠳᠠᠢ ᠠᠴᠠ ᠪᠠᠨ ᠡᠬᠢᠯᠡᠭᠡᠳ ᠮᠤᠷᠢᠨ  ᠤ ᠦᠢᠯᠡᠰ ᠲᠤ ᠶᠡᠭᠡ ᠲᠤᠷᠠᠳᠠᠢ ᠪᠤᠯᠬᠤᠷ ᠵᠢᠷᠤᠭ᠎ᠠ ᠮᠤᠷᠢ ᠤᠨᠤᠵᠤ ᠡᠬᠢᠯᠡᠵᠡᠢ᠃ ᠤᠳᠤ ᠵᠢᠷᠤᠭ᠎ᠠ ᠮᠤᠷᠢᠨ ᠤ ᠦᠢᠯᠡᠰ ᠢᠶᠠᠨ ᠰᠠᠶᠢᠬᠠᠨ ᠡᠷᠬᠢᠯᠡᠭᠡᠳ ᠦᠨᠳᠤᠰᠤᠳᠡᠨ ᠤ ᠪᠠᠨ ᠰᠤᠶᠤᠯ ᠤᠷᠠᠯᠢᠭ ᠢ ᠶᠡᠭᠡ ᠰᠠᠶᠢᠬᠠᠨ ᠬᠠᠮᠠᠭᠠᠯᠠᠵᠤ ᠶᠠᠪᠤᠵᠦ ᠪᠠᠶᠢᠨ᠎ᠠ︾᠃      ᠠᠭᠤᠵᠢᠮ ᠲᠤᠬᠢᠯᠢᠭ ᠪᠠᠶᠢᠰᠢᠩ ᠬᠦᠷᠢᠶ᠎ᠠ᠂ ᠤᠶᠠᠭᠠᠨ ᠲᠡᠭᠡᠷᠡᠬᠢ ᠵᠢᠷᠤᠭ᠎ᠠ ᠬᠦᠯᠦᠭ ᠬᠤᠪᠢ ᠶᠢᠨ ᠭᠠᠳᠠᠨ᠎ᠠ ᠵᠤᠬᠢᠷᠠᠵᠤ ᠬᠠᠷᠠᠭᠳᠠᠨ᠎ᠠ᠃ ᠪᠢᠶᠠᠨ ᠴᠠᠩ ᠮᠢᠨ ᠨᠠᠰᠤᠳᠠᠨ ᠦᠢᠯᠡᠳᠪᠤᠷᠢᠯᠡᠯ ᠠᠮᠢᠳᠤᠷᠠᠯ ᠳᠠᠭᠠᠨ ᠮᠠᠰᠢᠨᠴᠢᠯᠠᠯᠳᠠ᠂ ᠴᠠᠬᠢᠯᠭᠠᠨᠴᠢᠯᠠᠯᠳᠠ ᠶᠢ ᠪᠦᠷ ᠪᠡᠶᠡᠯᠡᠬᠦᠯᠦᠭᠰᠡᠨ ᠪᠤᠯᠬᠤᠷ ᠮᠠᠯ ᠲᠠᠷᠢᠶᠠᠨ ᠤ ᠠᠵᠢᠯ ᠭᠡᠵᠤ ᠶᠡᠭᠡ ᠬᠦᠴᠢᠷᠳᠡᠳᠡᠭ ᠦᠭᠡᠢ᠃      ᠲᠤᠭᠤᠷᠢᠮ ᠭᠠᠴᠠᠭᠠᠨ ᠤ ᠪᠢᠶᠠᠨ ᠴᠠᠩ ᠮᠢᠨ᠄ ︽ᠨᠠᠳᠠ ᠲᠠᠢ ᠮᠠᠭᠤᠳᠠᠯᠴᠠᠭᠰᠠᠨ ᠠᠶᠢᠯ ᠬᠡᠵᠦ ᠪᠠᠶᠢᠬᠤ ᠦᠭᠡᠢ᠂ ᠪᠢ ᠴᠤ ᠬᠦᠮᠤᠨ ᠲᠠᠢ ᠮᠠᠭᠤᠳᠠᠬᠤ ᠦᠭᠡᠢ᠃ ᠬᠠ ᠬᠠ ᠬᠠ…… ᠪᠢ ᠴᠤ ᠪᠠᠭ᠎ᠠ ᠠᠴᠠ ᠪᠠᠨ ᠢᠷᠡᠴᠢᠭᠡᠭᠰᠡᠨ ᠪᠤᠯᠬᠤᠷ ᠡᠨ᠋ᠨ ᠭᠠᠵᠠᠷ ᠤᠨ ᠶᠤᠰᠤ ᠶᠢ ᠰᠤᠷᠴᠢᠬᠠᠭᠰᠠᠨ᠂ ᠢᠳᠡᠵᠤ ᠤᠤᠭᠤᠬᠤ ᠶᠢ ᠴᠤ ᠪᠦᠷ ᠰᠤᠷᠴᠢᠬᠠᠭᠰᠠᠨ ᠶᠤᠮ᠂ ᠮᠠᠨ ᠤ ᠬᠡᠤᠭᠡᠨ ᠶᠡᠭᠡ ᠰᠤᠷᠭᠠᠭᠤᠯᠢ ᠪᠠᠨ ᠮᠤᠩᠭᠤᠯ ᠰᠤᠷᠭᠠᠭᠤᠯᠢ ᠳᠤ ᠰᠠᠭᠤᠭᠰᠠᠨ ᠶᠤᠮ︾᠃      ᠪᠢᠶᠠᠨ ᠴᠠᠩ ᠮᠢᠨ ᠤ ᠠᠮᠢᠳᠤᠷᠠᠯ ᠤᠨ ᠲᠠᠯ᠎ᠠ ᠪᠦᠬᠦᠨ ᠳᠤ ᠤᠷᠤᠨ ᠨᠤᠳᠤᠭ ᠤᠨ ᠤᠨᠴᠠᠯᠢᠭ ᠬᠦᠨ ᠠᠭᠤᠰᠤᠭᠰᠠᠨ ᠢ ᠬᠠᠷᠠᠭᠠᠨ ᠳᠤ ᠲᠠᠭᠠᠷᠠᠯᠳᠤᠭᠰᠠᠨ ᠪᠦᠬᠦᠨ ᠦᠬᠦᠯᠡᠨ᠎ᠠ᠃ ᠨᠠᠰᠤᠳᠠᠨ ᠤ ᠤᠭ ᠨᠤᠳᠤᠭ ᠲᠡᠮᠡᠭᠡᠳᠤ ᠬᠤᠳᠠ ᠶᠢᠨ ᠢᠤᠢ ᠶᠠᠩ ᠲᠤᠭᠤᠷᠢᠭ ᠲᠤ ᠪᠠᠶᠢᠳᠠᠭ᠃      ᠲᠡᠭᠡᠷ᠎ᠠ ᠵᠠᠭᠤᠨ ᠤ ᠵᠢᠷᠠᠭᠠᠳ ᠤᠨ ᠳᠤ ᠲᠤᠭᠤᠷᠢᠮ ᠭᠠᠴᠠᠭ᠎ᠠ ᠱᠠᠨᠪᠸᠢ ᠤᠷᠤᠨ ᠠᠴᠠ ᠲᠤᠰᠬᠠᠶᠢᠯᠠᠨ ᠨᠢᠭᠡ ᠪᠦᠯᠦᠭ ᠬᠢᠳᠠᠳ ᠦᠨᠳᠤᠰᠤᠳᠡᠨ ᠤ ᠮᠤᠳᠤᠨ ᠲᠠᠷᠬᠠᠨ᠂ ᠲᠡᠮᠤᠷ ᠤᠨ ᠲᠠᠷᠬᠠᠨ᠂ ᠠᠷᠠᠰᠤᠨ ᠡᠯᠳᠡᠬᠦᠷᠴᠢᠨ ᠢ ᠤᠷᠢᠵᠤ ᠮᠠᠯᠴᠢᠳ ᠤᠨ ᠦᠢᠯᠡᠳᠪᠤᠷᠢᠯᠡᠯ ᠠᠮᠢᠳᠤᠷᠠᠯ ᠤᠨ ᠨᠦᠬᠦᠴᠡᠯ ᠢ ᠰᠠᠶᠢᠵᠢᠷᠠᠭᠤᠯᠵᠡᠢ᠃ ᠡᠳᠡᠭᠡᠷ ᠲᠠᠷᠬᠠᠳ ᠲᠡᠷᠢᠬᠦᠨ ᠤ ᠦᠢᠯᠡᠳᠪᠤᠷᠢᠯᠡᠯ ᠤᠨ ᠮᠡᠷᠭᠡᠵᠢᠯ ᠢ ᠠᠪᠴᠢᠷᠠᠭᠰᠠᠨ ᠢᠶᠠᠷ ᠪᠠᠷᠠᠬᠤ ᠦᠭᠡᠢ ᠦᠨᠳᠤᠰᠤᠳᠡᠨ ᠨᠦᠭᠦᠳ ᠤᠨ ᠬᠤᠭᠤᠷᠤᠨᠳᠤᠬᠢ ᠪᠦᠯᠬᠦᠮᠳᠡᠯ ᠲᠠᠪᠰᠢᠯᠳᠠ ᠶᠢ ᠠᠬᠢᠭᠤᠯᠵᠤ ᠬᠦᠭᠵᠢᠯᠳᠡ ᠶᠢ ᠲᠦᠷᠬᠡᠳᠬᠡᠬᠦ ᠳᠤ ᠴᠢᠬᠤᠯᠠ ᠦᠢᠯᠡᠳᠦᠯ ᠦᠵᠡᠬᠦᠯᠵᠡᠢ᠃ ᠪᠢᠶᠠᠨ ᠴᠠᠩ ᠮᠢᠨ ᠪᠤᠯ ᠲᠠᠷᠤᠢ ᠲᠡᠷᠨ ᠦᠶ᠎ᠠ ᠶᠢᠨ ᠲᠠᠷᠬᠠᠳ ᠤᠨ ᠨᠢᠭᠡ ᠨᠢ ᠶᠤᠮ᠃      ᠲᠤᠭᠤᠷᠢᠮ ᠭᠠᠴᠠᠭᠠᠨ ᠤ ᠪᠢᠶᠠᠨ ᠴᠠᠩ ᠮᠢᠨ᠄ ︽21 ᠨᠠᠰᠤᠳᠠᠢ ᠠᠴᠠ ᠪᠠᠨ ᠮᠤᠷᠢ ᠤᠨᠤᠵᠤ ᠡᠬᠢᠯᠡᠭᠰᠡᠨ ᠠᠴᠠ ᠬᠤᠶᠢᠰᠢ ᠪᠠᠨ ᠤᠳᠤ ᠪᠤᠯᠳᠠᠯ᠎ᠠ ᠮᠤᠷᠢ ᠤᠨᠤᠬᠰᠠᠭᠠᠷ ᠪᠠᠶᠢᠨ᠎ᠠ᠂ ᠮᠦᠨᠴᠦ ᠦᠤᠰᠢᠨ ᠬᠤᠰᠢᠭᠤᠨ ᠤ ᠮᠤᠷᠢᠨ ᠨᠡᠶᠢᠬᠡᠮᠯᠢᠭ ᠲᠤ ᠪᠠᠶᠢᠨ᠎ᠠ︾᠃      ᠲᠤᠭᠤᠷᠢᠮ ᠭᠠᠴᠠᠭᠠᠨ ᠤ ᠴᠠᠭᠠᠬᠤᠪᠤᠭ᠎ᠠ ᠮᠠᠯᠵᠢᠯ ᠤᠨ ᠬᠤᠷᠰᠢᠶᠠᠨ ᠤ ᠮᠠᠯᠴᠢᠨ ᠴᠢᠮᠡᠭᠪᠠᠭᠠᠳᠤᠷ ᠤᠨ ᠬᠢ ᠲᠠᠷᠢᠵᠤ ᠲᠡᠵᠢᠭᠡᠬᠦ ᠦᠢᠯᠡᠰ ᠲᠤ ᠰᠠᠭᠤᠷᠢᠯᠠᠭᠰᠠᠨ ᠲᠦᠪᠬᠢᠨᠡᠬᠦᠨ ᠠᠮᠢᠳᠤᠷᠠᠯ ᠠᠴᠠ ᠪᠠᠨ ᠢᠳᠡᠭᠡᠯ ᠡᠪᠤᠷᠯᠡᠵᠤ ᠠᠯᠤᠰ ᠤᠨ ᠲᠦᠰᠤᠪ ᠲᠠᠢ ᠰᠡᠳᠬᠢᠯ ᠬᠠᠩᠬᠤᠯᠤᠭᠤᠨ ᠠᠮᠢᠳᠤᠷᠠᠨ᠎ᠠ᠃      ᠲᠤᠭᠤᠷᠢᠮ ᠭᠠᠴᠠᠭᠠᠨ ᠤ ᠮᠠᠯᠴᠢᠨ ᠴᠢᠮᠡᠭᠪᠠᠭᠠᠳᠤᠷ᠄ ︽ᠮᠠᠨ ᠤ ᠪᠦᠰᠡᠬᠦᠢ ᠠᠷᠭ᠎ᠠ ᠤᠬᠠᠭᠠᠨ ᠭᠠᠷᠭᠠᠵᠤ ᠪᠠᠶᠢᠭᠠᠳ ᠮᠠᠨ ᠤ ᠬᠢᠨ 2019 ᠤᠨ ᠠᠴᠠ ᠡᠬᠢᠯᠡᠭᠡᠳ ᠭᠠᠭ᠋ᠠᠢ ᠲᠡᠵᠢᠭᠡᠵᠡᠢ᠃ 2019 ᠤᠨ ᠳᠤ ᠬᠡᠳᠤᠬᠡᠨ ᠭᠠᠭ᠋ᠠᠢ ᠲᠠᠢ ᠪᠠᠶᠢᠬᠠᠰᠠᠨ ᠠᠴᠠ ᠪᠠᠨ ᠤᠳᠤ ᠵᠢᠯ ᠠᠴᠠ ᠵᠢᠯ ᠨᠡᠮᠡᠭᠳᠡᠵᠤ ᠪᠠᠶᠢᠨ᠎ᠠ᠂ ᠲᠠᠷᠠᠭ᠎ᠠ ᠵᠢᠯ ᠠᠴᠠ ᠡᠬᠦᠷ ᠢᠶᠠᠨ ᠨᠡᠮᠡᠵᠦ ᠲᠦᠴᠢ ᠲᠠᠪᠢ ᠪᠤᠯᠭᠠᠬᠤ ᠰᠠᠨᠠᠭ᠎ᠠ ᠲᠠᠢ᠃ ᠮᠠᠨ ᠤ ᠬᠡᠷ ᠤᠨ ᠬᠦᠮᠤᠨ ᠪᠤᠯ ᠬᠠᠷᠠᠮᠦ᠋ᠷᠡᠨ ᠮᠤᠵᠢ ᠶᠢᠨ ᠬᠦᠮᠤᠨ᠂ ᠪᠢᠳᠠ ᠴᠤᠬᠤᠮ ᠰᠠᠶᠢᠬᠠᠨ ᠠᠮᠢᠳᠤᠷᠠᠵᠤ ᠪᠠᠶᠢᠨ᠎ᠠ᠂ ᠲᠦᠰᠢᠭ ᠪᠤᠯᠵᠤ ᠪᠠᠶᠢᠨ᠎ᠠ︾᠃      ᠴᠢᠮᠡᠭᠪᠠᠭᠠᠳᠤᠷ ᠤᠨ ᠪᠦᠰᠡᠬᠦᠢ ᠶᠢ ᠬᠦᠸᠧ ᠵᠢᠩ ᠷᠦᠩ ᠭᠡᠳᠡᠭ᠃ ᠬᠠᠷᠠᠮᠦ᠋ᠷᠡᠨ ᠮᠤᠵᠢ ᠪᠠᠷ ᠨᠤᠲᠤᠭ ᠲᠠᠢ ᠬᠢᠳᠠᠳ ᠦᠨᠳᠤᠰᠤᠳᠡᠨ ᠶᠤᠮ᠃ ᠲᠡᠷᠡᠪᠡᠷ ᠠᠮᠠᠷᠠᠭ ᠰᠡᠳᠬᠢᠯ ᠤᠨ ᠠᠯᠳᠠᠨ ᠬᠡᠯᠬᠢᠶᠡᠨ ᠳᠤ ᠬᠦᠳᠤᠯᠦᠭᠳᠡᠵᠤ ᠠᠯᠤᠰ ᠬᠤᠯᠨ ᠦᠪᠤᠷ ᠮᠤᠩᠭᠤᠯ ᠳᠤ ᠮᠤᠷᠳᠠᠵᠤ ᠢᠷᠡᠵᠡᠢ᠃      ᠴᠢᠮᠡᠭᠪᠠᠭᠠᠳᠤᠷ ᠤᠨ ᠪᠦᠰᠡᠬᠦᠢ ᠬᠦᠸᠧ ᠵᠢᠩ ᠷᠦᠩ᠄ ︽ᠪᠢ ᠤᠳᠤ ᠶᠢᠨ ᠠᠮᠢᠳᠤᠷᠠᠯ ᠳᠠᠭᠠᠨ ᠲᠤᠶᠢᠯ ᠤᠨ ᠬᠠᠨᠤᠮᠵᠢᠳᠠᠢ᠂ ᠠᠶᠢᠯ ᠰᠠᠭᠠᠬᠠᠯᠳᠠ ᠬᠤᠭᠤᠷᠤᠨᠳᠤ ᠪᠠᠨ ᠴᠤ ᠲᠤᠩ ᠡᠶ᠎ᠡ ᠨᠠᠶᠢᠷᠰᠠᠭ᠂ ᠲᠤᠰᠠᠷᠬᠠᠭ᠃ ᠲᠡᠳᠡᠨ ᠠᠴᠠ ᠲᠠᠷᠢᠵᠤ ᠲᠡᠵᠢᠭᠡᠬᠦ ᠤᠯᠠᠨ ᠮᠡᠷᠭᠡᠵᠢᠯ ᠢ ᠡᠵᠡᠮᠰᠢᠭᠰᠡᠨ᠂ ᠮᠦᠨ ᠴᠤ ᠡᠯ᠎ᠡ ᠦᠨᠳᠤᠰᠤᠳᠡᠨ ᠤ ᠬᠤᠭᠤᠷᠤᠨᠳᠤᠬᠢ ᠪᠦᠯᠬᠦᠮᠳᠡᠯ ᠨᠢᠭᠳᠠᠷᠠᠯ ᠢ ᠪᠡᠶᠡᠴᠢᠯᠡᠨ ᠤᠶᠢᠯᠠᠭᠠᠵᠦ ᠪᠦᠷ ᠲᠦᠷᠦᠭᠰᠡᠨ ᠡᠭᠡᠴᠢ ᠲᠡᠬᠦᠦ ᠰᠢᠭ ᠶᠠᠪᠤᠯᠴᠠᠳᠠᠭ᠃ ᠦᠪᠤᠷ ᠮᠤᠩᠭᠤᠯ ᠦᠨᠡᠭᠡᠷ ᠰᠠᠶᠢᠬᠠᠨ᠂ ᠪᠢᠳᠠ ᠬᠤᠶᠠᠭᠤᠯᠨ ᠪᠠᠨ ᠪᠠᠰᠠ ᠦᠷᠬᠦᠯᠵᠢᠯᠡᠨ ᠨᠤᠳᠤᠭ ᠤᠨ ᠦᠭᠡᠷ ᠲᠡᠵᠢᠭᠡᠬᠦ ᠲᠦᠯᠦᠪᠯᠡᠭᠡ ᠲᠠᠢ ᠪᠠᠶᠢᠨ᠎ᠠ︾᠃      ᠪᠦᠬᠦ ᠤᠯᠤᠰ ᠤᠨ ᠴᠦᠭᠡᠨ ᠲᠤᠭᠠᠳᠤ ᠦᠨᠳᠤᠰᠤᠳᠡᠨ ᠤ ᠤᠨᠴᠠᠯᠢᠭᠳᠤ ᠭᠠᠴᠠᠭ᠎ᠠ ᠪᠤᠯᠵᠦ᠂ ᠬᠤᠰᠢᠭᠤ᠂ ᠬᠤᠳᠠ᠂ ᠤᠷᠤᠨ ᠤ ᠲᠡᠰ ᠤᠨ ᠦᠨᠳᠤᠰᠤᠳᠡᠨ ᠤ ᠪᠦᠯᠬᠦᠮᠳᠡᠯ ᠲᠠᠪᠰᠢᠯᠳᠠ ᠶᠢᠨ ᠵᠢᠱᠢᠶᠡᠴᠢ ᠭᠠᠴᠠᠭ᠎ᠠ ᠪᠣᠯᠣᠭᠰᠠᠨ ᠲᠣᠭᠤᠷᠢᠮ ᠭᠠᠴᠠᠭᠠᠨ ᠳᠤ ᠤᠳᠤ ᠮᠤᠩᠭᠤᠯ᠂ ᠲᠤᠵᠢᠶ᠋ᠨ᠂ ᠬᠢᠳᠠᠳ ᠭᠤᠷᠪᠠᠨ ᠦᠨᠳᠤᠰᠤᠳᠡᠨ ᠠᠮᠢᠳᠤᠷᠠᠵᠤ ᠮᠤᠩᠭᠤᠯ ᠦᠨᠳᠤᠰᠤᠳᠡᠨ 95% ᠶᠢ ᠡᠵᠡᠯᠡᠵᠤ ᠪᠠᠶᠢᠳᠠᠭ᠃ ᠲᠤᠰ ᠭᠠᠴᠠᠭ᠎ᠠ ᠦᠨᠳᠤᠰᠤᠳᠡᠨ ᠨᠦᠭᠦᠳ ᠤᠨ ᠬᠤᠭᠤᠷᠤᠨᠳᠤᠬᠢ ᠪᠦᠯᠬᠦᠮᠳᠠᠯ ᠲᠠᠪᠰᠢᠯᠳᠠ ᠳᠤ ᠰᠠᠭᠤᠷᠢᠯᠠᠵᠤ ᠠᠵᠤ ᠠᠬᠤᠢ ᠶᠢᠨ ᠬᠦᠭᠵᠢᠯᠳᠡ ᠪᠠᠨ ᠠᠬᠢᠭᠤᠯᠵᠤ ᠠᠷᠠᠳ ᠲᠦᠮᠡᠨ ᠤ ᠪᠠᠨ ᠠᠮᠢᠳᠤᠷᠠᠯ ᠢ ᠲᠠᠰᠤᠷᠠᠯᠳᠠ ᠦᠭᠡᠢ ᠴᠢᠨᠡᠭᠡᠯᠢᠭᠵᠢᠬᠦᠯᠦᠭᠰᠡᠨ ᠢᠶᠠᠷ ᠬᠦᠮᠤᠨ ᠲᠤᠮᠳᠠᠴᠢ ᠶᠢᠨ ᠴᠡᠪᠡᠷ ᠤᠷᠤᠯᠭ᠎ᠠ 21000 ᠲᠥᠭᠦᠷᠢᠭ ᠢ ᠳᠠᠪᠠᠯ᠎ᠠ᠃ ᠡᠬᠦᠨ ᠤ ᠰᠠᠭᠤᠷᠢᠨ ᠲᠡᠭᠡᠷ᠎ᠠ 600 ᠮᠤ᠋ ᠶᠢᠨ ᠬᠤᠵᠢᠷᠯᠢᠭ ᠭᠠᠵᠠᠷ ᠢ ᠦᠭᠡᠷᠡᠴᠢᠯᠡᠬᠦ᠂ ᠦᠭᠡᠷ ᠲᠡᠵᠢᠭᠡᠬᠦ ᠲᠠᠯᠠᠪᠠᠢ ᠶᠢ ᠪᠠᠶᠢᠭᠤᠯᠬᠤ᠂ ᠤᠷᠳᠤᠰ ᠨᠠᠷᠢᠨ ᠨᠤᠤᠰᠤᠳᠤ ᠬᠤᠨᠢᠨ ᠤ ᠠᠵᠦ ᠦᠢᠯᠡᠰ ᠢ ᠦᠷᠬᠦᠯᠵᠢᠯᠡᠨ ᠲᠦᠷᠬᠡᠳᠬᠡᠬᠦ᠂ ᠰᠤᠶᠤᠯ ᠵᠢᠭᠤᠯᠴᠢᠯᠠᠯ ᠤᠨ ᠠᠵᠦ ᠦᠢᠯᠡᠰ ᠢ ᠦᠷᠬᠦᠯᠵᠢᠯᠡᠨ ᠠᠬᠢᠭᠤᠯᠬᠤ ᠵᠡᠷᠭᠡ ᠤᠨᠴᠠᠯᠢᠭᠳᠤ ᠠᠷᠭ᠎ᠠ ᠪᠠᠷᠢᠯ ᠢᠶᠠᠷ ᠬᠦᠭᠵᠢᠨ ᠮᠠᠨᠳᠤᠯᠳᠠ ᠶᠢ ᠦᠷᠬᠦᠯᠵᠢᠯᠠᠨ  ᠴᠡᠴᠡᠭᠯᠡᠭᠦᠯᠦᠨ᠎ᠡ᠃      ᠲᠤᠭᠤᠷᠢᠮ ᠭᠠᠴᠠᠭᠠᠨ ᠤ ᠲᠡᠳ᠋ ᠭᠠᠴᠠᠭᠠᠨ ᠲᠠᠷᠤᠭ᠎ᠠ ᠲᠠᠯᠠᠶᠢᠪᠠᠶᠠᠷ᠄ ︽ᠡᠨ᠋ᠨ ᠰᠠᠶᠢᠨ ᠠᠮᠵᠢᠯᠳᠠ ᠶᠢ ᠤᠯᠳᠠᠭ ᠤᠨ ᠰᠠᠭᠤᠷᠢ ᠨᠢ ᠪᠤᠯ ᠭᠠᠴᠠᠭᠠᠨ ᠤ ᠤᠯᠠᠨ ᠲᠦᠮᠡᠨ᠂ ᠮᠠᠯᠴᠢᠨ ᠲᠦᠮᠡᠨ ᠤ ᠬᠠᠮᠳᠤ ᠶᠢᠨ ᠴᠢᠷᠮᠠᠶᠢᠯᠭ᠎ᠠ᠂ ᠮᠦᠨᠴᠤ ᠭᠠᠴᠠᠭᠠᠨ ᠤ ᠠᠬᠠᠮᠠᠳ ᠤᠳᠤᠷᠢᠳᠤᠯᠭ᠎ᠠ ᠶᠢᠨ ᠰᠠᠶᠢᠬᠠᠨ ᠰᠤᠷᠭᠠᠯ᠂ ᠴᠢᠷᠮᠠᠶᠢᠯᠭ᠎ᠠ ᠶᠤᠮ᠃ ᠪᠢᠳᠠ ᠡᠨ᠋ᠨ ᠠᠮᠵᠢᠯᠳᠠ ᠪᠠᠨ ᠤᠯᠠᠮ ᠪᠠᠳᠤᠳᠬᠠᠬᠤ ᠶᠢᠨ ᠲᠦᠯᠦᠬᠡ ᠮᠠᠯᠴᠢᠨ ᠲᠦᠮᠡᠨ ᠢᠶᠠᠨ ᠲᠠᠶᠢᠴᠢᠯᠠᠵᠤ ᠠᠵᠢᠯ ᠢ ᠤᠯᠠᠮ ᠰᠠᠶᠢᠨ ᠬᠢᠬᠦ  ᠨᠢ ᠴᠢᠬᠤᠯᠨ ᠬᠠᠷᠢᠭᠤᠴᠠᠯᠭ᠎ᠠ ᠪᠤᠯᠵᠤ ᠪᠠᠶᠢᠨ᠎ᠠ᠃ ᠦᠨᠳᠤᠰᠤᠳᠡᠨ ᠨᠦᠭᠦᠳ ᠪᠦᠯᠬᠦᠮᠳᠡᠭᠰᠡᠨ᠂ ᠮᠠᠯᠴᠢᠨ ᠲᠦᠮᠡᠨ ᠨᠢᠭᠳᠠᠷᠠᠭᠰᠠᠨ᠂ ᠰᠤᠶᠤᠯ ᠵᠢᠭᠤᠯᠴᠢᠯᠠᠯ ᠬᠦᠭᠵᠢᠭᠰᠡᠨ ᠡᠶᠢᠮᠤ ᠨᠢᠭᠡ ᠭᠠᠴᠠᠭ᠎ᠠ ᠪᠤᠯᠭᠠᠬᠤ ᠪᠤᠯ ᠮᠠᠨ ᠤ ᠲᠠᠷᠠᠭ᠎ᠠ ᠠᠯᠬᠤᠮ ᠤᠨ ᠬᠠᠷᠠᠯᠳᠠ ᠶᠤᠮ︾ ᠬᠡᠵᠦ ᠠᠯᠤᠰ ᠭᠡᠲᠤ ᠶᠢᠨ ᠬᠦᠭᠵᠢᠯᠳᠡ ᠶᠢᠨ ᠬᠠᠷᠠᠯᠳᠠ ᠲᠦᠯᠦᠪᠯᠡᠭᠡ ᠪᠠᠨ ᠶᠠᠷᠢᠵᠦ ᠪᠠᠶᠢᠯ᠎ᠠ᠃                                            ᠰᠣᠷᠪᠣᠯᠵᠢᠯᠠᠭᠴᠢ᠄ ᠪᠤᠶᠠᠨᠲᠤ 
ᠢᠷᠡᠯᠲᠡ᠄ ᠥᠥᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ