ᠬᠤᠷ᠎ᠠ ᠲᠠᠢ ᠪᠤᠯ ᠲᠠᠷᠢᠵᠤ ᠭᠠᠨᠭ᠌ ᠲᠠᠢ ᠪᠤᠯ ᠬᠠᠮᠠᠭᠠᠯᠠᠨ᠎ᠠ
ᠨᠡᠶᠢᠲᠡᠯᠡᠭᠰᠡᠨ ᠴᠠᠭ᠄
2023/10/12
                            — ᠮᠠᠯᠴᠢᠨ ᠠᠳᠢᠶ᠎ᠠ ᠶᠢᠨ 1.3 ᠲᠦᠮᠡ ᠭᠠᠷᠤᠢ                                 ᠮᠦ ᠶᠢᠨ ᠪᠠᠯᠠᠷ ᠡᠯᠡᠰᠦ ᠶᠢ ᠤᠶᠢᠵᠢᠭᠤᠯᠵᠤ                                 ᠨᠤᠭᠤᠭᠠᠷᠠᠭᠤᠯᠤᠭᠰᠠᠨ ᠲᠤᠷᠰᠢᠯᠭ᠎ᠠ           ᠲᠦᠴᠢ ᠭᠠᠷᠤᠢ ᠵᠢᠯ ᠤᠨ ᠡᠮᠤᠨᠡᠬᠢ 1979 ᠤᠨ ᠳᠤ᠂ ︽ᠨᠡᠬᠦᠬᠦ ᠤᠤ ᠪᠠᠶᠢᠬᠤ ᠤᠤ︾ ᠭᠡᠰᠡᠨ ᠡᠷᠡᠭᠡᠯᠵᠡᠭᠡ ᠨᠤᠲᠤᠭ ᠡᠵᠡᠨ ᠬᠤᠶᠠᠷ ᠤᠨ ᠬᠡᠨ ᠬᠡᠨ ᠢ ᠨᠢ ᠰᠢᠨᠠᠯᠭᠠᠵᠦ ᠪᠠᠶᠢᠭᠰᠠᠨ ᠢ ᠡᠯᠡᠰᠤᠨ ᠳᠤ ᠲᠠᠷᠤᠭᠳᠠᠭᠠᠳ ᠠᠮᠢᠳᠤᠷᠠᠯ ᠤᠨ ᠡᠷᠬᠡ ᠪᠠᠷ ᠴᠠᠶᠢᠳᠠᠮ ᠪᠠᠷᠠᠳᠠᠭᠰᠠᠨ ᠠᠳᠢᠶ᠎ᠠ ᠭᠤᠧᠠᠢ ᠰᠠᠶᠢᠨ ᠮᠡᠳᠡᠨ᠎ᠡ᠃ ᠳᠦᠬᠦᠮ ᠳᠤᠨᠢ ᠪᠠᠶᠢᠳᠠᠭ ᠬᠡᠳᠦᠨ ᠪᠤᠳᠠ ᠪᠤᠷᠭᠠᠰᠤ ᠶᠢ ᠭᠠᠷᠭᠠᠪᠠᠯ ᠦᠵᠡᠴᠢᠬᠡᠭᠡᠳ ᠡᠷᠬᠢᠭᠦᠯᠦᠭᠡᠳ ᠦᠭᠬᠦᠶ᠎ᠡ ᠭᠡᠬᠦ ᠨᠤᠭᠤᠭᠠᠨ ᠶᠠᠭᠤᠮᠠᠨ ᠤ ᠪᠠᠷ᠎ᠠ ᠦᠬᠡᠢ ᠨᠡᠯᠦ᠋ᠢᠭᠰᠡᠨ ᠡᠯᠡᠰᠦ ᠡᠨᠡ ᠨᠤᠲᠤᠭ ᠤᠨ ᠬᠦᠮᠦᠰ ᠤᠨ ᠵᠢᠷᠦᠬᠡᠨ ᠳᠤ ᠰᠢᠷ᠎ᠠ ᠰᠠᠭᠤᠯᠭᠠᠵᠠᠢ᠃ ᠡᠯᠡᠰᠦᠨ ᠳᠤ ᠳᠠᠷᠤᠭᠳᠠᠭᠰᠠᠨ ᠪᠠᠶᠢᠰᠢᠩ ᠢᠶᠠᠨ ᠠᠷᠠᠢ ᠴᠢᠷᠠᠢ ᠤᠩᠭᠤᠶᠢᠯᠭᠠᠵᠦ ᠳᠠᠯᠪᠢᠭᠠᠳ ᠭᠤᠷᠪᠠᠭ᠋ᠠᠨ ᠬᠤᠨᠤᠭ ᠪᠤᠯᠤᠭᠠᠳ ᠢᠷᠡᠬᠦ ᠳᠤᠨᠢ ᠬᠡᠥᠬᠡᠳ ᠤᠨ ᠲᠤᠭᠯᠠᠭᠠᠮ ᠰᠢᠬ ᠪᠤᠯᠠᠭᠠᠳ ᠳᠠᠯᠪᠢᠴᠢᠬᠠᠳᠠᠭ ᠭᠠᠯᠵᠠᠭᠤ ᠡᠯᠡᠰᠦ ᠶᠢ ᠶᠠᠭᠠᠬᠢᠨ᠎ᠠ⁈      — ᠤᠶᠢᠵᠢᠭᠤᠯᠵᠤ ᠲᠠᠶᠢᠯᠪᠠᠯ ᠭᠠᠯᠵᠠᠭᠤ ᠡᠯᠡᠰᠤ ᠴᠢᠨᠢ ᠨᠤᠮᠤᠬᠠᠷᠠᠴᠢᠬᠠᠳᠠᠭ ᠶᠤᠮ ᠪᠠᠶᠢᠨ᠎ᠠ᠃      — ᠠᠳᠢᠶ᠎ᠠ ᠭᠤᠧᠠᠢ ᠶᠢᠨ ᠬᠦᠷᠢᠶᠡᠯᠡᠭᠰᠡᠨ ᠪᠠᠯᠠᠷ ᠡᠯᠡᠰᠤ ᠨᠤᠭᠤᠭᠠᠨ ᠪᠦᠷᠢᠳᠤ ᠪᠤᠯᠴᠢᠬᠠᠵᠠᠢ᠃      — ᠰᠠᠨᠠᠵᠤ ᠶᠠᠪᠤᠪᠠᠯ ᠪᠦᠳᠦᠳᠡᠭ ᠰᠠᠵᠢᠯᠠᠵᠤ ᠶᠠᠪᠤᠪᠠᠯ ᠬᠦᠷᠳᠡᠭ ᠬᠡᠭᠴᠢ ᠦᠨᠡᠨ ᠶᠤᠮ ᠪᠠᠶᠢᠨ᠎ᠠ᠃      ᠁      ᠲᠦᠴᠢ ᠭᠠᠷᠤᠢ ᠵᠢᠯ ᠤᠨ ᠲᠠᠷᠠᠭᠠᠬᠢ 2023 ᠤᠨ ᠳᠤ᠂ ᠠᠳᠢᠶ᠎ᠠ ᠶᠢᠨ ᠬᠢᠨ ᠤ ᠭᠠᠯᠵᠠᠭᠤ ᠡᠯᠡᠰᠤ ᠶᠢ ᠵᠠᠰᠠᠵᠤ ᠨᠤᠭᠤᠭᠠᠷᠠᠭᠤᠯᠤᠭᠰᠠᠨ ᠦᠢᠯᠡ ᠶᠠᠪᠤᠳᠠᠯ ᠡᠨᠡ ᠨᠤᠳᠤᠭ ᠤᠨ ᠬᠦᠮᠦᠰ ᠤᠨ ᠬᠠᠯᠠᠭᠤᠨ ᠵᠤᠭᠤᠭ ᠪᠤᠯᠵᠤ ᠲᠠᠮᠵᠢᠭᠳᠠᠨ᠎ᠠ᠃      ᠠᠳᠢᠶ᠎ᠠ ᠪᠤᠯ ᠦᠥᠰᠢᠨ ᠬᠤᠰᠢᠭᠤᠨ ᠤ ᠭᠠᠯᠠᠭᠤᠳᠤ ᠪᠠᠯᠭᠠᠰᠤ ᠶᠢᠨ ᠰᠠᠷᠠᠭᠤᠯᠨᠤᠲᠤᠭ ᠭᠠᠴᠠᠭᠠᠨ ᠤ ᠬᠠᠰᠢᠷ ᠮᠠᠯᠴᠢᠨ ᠶᠤᠮ ᠰᠠᠨ᠃ ᠲᠡᠷᠡ ᠡᠷ᠎ᠡ ᠪᠡᠶ᠎ᠡ ᠶᠢᠨ ᠬᠦᠴᠦ᠂ ᠡᠷᠳᠡᠮ ᠤᠬᠠᠭᠠᠨ ᠳᠠᠭᠠᠨ ᠲᠦᠰᠢᠵᠦ ᠪᠠᠯᠠᠷ ᠡᠯᠡᠰᠦᠨ ᠳᠤ 33 ᠵᠢᠯ ᠤᠶᠢᠵᠢᠭᠤᠯᠤᠯᠳᠠ ᠬᠢᠵᠦ᠂ 1.3 ᠲᠦᠮᠡ ᠭᠠᠷᠤᠢ ᠮᠦ ᠨᠢᠴᠦᠬᠦᠨ ᠡᠯᠡᠰᠦ ᠶᠢ ᠤᠶᠢᠵᠢᠭᠤᠯᠵᠤ ᠨᠤᠭᠤᠭᠠᠷᠠᠭᠤᠯᠤᠭᠠᠳ ᠨᠤᠳᠤᠭ ᠤᠰᠤᠨ ᠤ ᠪᠠᠨ ᠤᠮᠤᠭᠰᠢᠯ ᠪᠤᠯᠵᠤ ᠶᠠᠪᠤᠨ᠎ᠠ᠃
1.png
      ᠡᠯᠡᠰᠦᠨ ᠤ ᠬᠦᠨᠦᠬᠡᠯ ᠢ ᠬᠠᠰᠢᠷᠠᠳᠠᠯ᠎ᠠ ᠠᠮᠰᠠᠭᠰᠠᠨ ᠰᠠᠷᠠᠭᠤᠯᠨᠤᠲᠤᠭ ᠤᠨ ᠬᠦᠮᠦᠰ ᠤᠨ ᠪᠠᠯᠠᠷ ᠡᠯᠡᠰᠤ ᠲᠠᠢ ᠲᠠᠶᠢᠨ ᠵᠠᠷᠯᠠᠭᠰᠠᠨ ᠨᠢ 1989 ᠤᠨ ᠳᠤ ︽ᠬᠡᠨ ᠤᠶᠢᠵᠢᠭᠤᠯᠪᠠᠯ ᠬᠡᠨ ᠠᠰᠢᠭ ᠬᠦᠷᠳᠡᠬᠦ︾ ᠲᠦᠷᠦ ᠶᠢᠨ ᠪᠤᠳᠤᠯᠭ᠎ᠠ ᠠᠴᠠ ᠡᠬᠢᠯᠡᠭᠰᠡᠨ ᠶᠤᠮ᠃ ᠨᠠᠮ ᠵᠠᠰᠠᠭ ᠤᠨ ᠡᠨᠡ ᠬᠦ ᠲᠦᠷᠦ ᠶᠢᠨ ᠪᠤᠳᠤᠯᠭ᠎ᠠ ᠶᠢ ᠰᠤᠨᠤᠰᠤᠮᠠᠭᠴᠠ ᠦᠰᠴᠤ ᠲᠦᠷᠦᠭᠰᠡᠨ ᠦᠯᠦᠭᠡᠢ ᠨᠤᠲᠤᠭ ᠢᠶᠠᠨ ᠬᠡᠮᠡᠨ ᠰᠡᠳᠬᠢᠯ ᠬᠤᠷᠭᠤᠳᠠᠭᠠᠳ ᠪᠠᠶᠢᠭᠰᠠᠨ ᠠᠳᠢᠶ᠎ᠠ ᠲᠠᠷᠤᠢ ᠳᠤᠨᠢ ᠨᠡᠷ᠎ᠡ ᠮᠡᠳᠡᠬᠦᠯᠵᠦ᠂ 3 ᠵᠢᠯ ᠳᠤ ᠤᠷᠭᠤᠮᠠᠯ ᠤᠨ ᠪᠦᠷᠬᠦᠴᠡ ᠶᠢ 30 % ᠳᠤ ᠬᠦᠷᠭᠡᠬᠦ ᠭᠡᠷ᠎ᠡ ᠳᠤ ᠤᠮᠤᠭ ᠲᠠᠢ ᠭᠡᠭᠴᠢ ᠪᠠᠷ ᠭᠠᠷ ᠤᠨ ᠦᠰᠦᠭ ᠵᠢᠷᠤᠭᠰᠠᠨ ᠪᠢᠯᠡ᠃ ᠲᠠᠬᠡᠬᠡᠳ ᠠᠳᠢᠶ᠎ᠠ ᠲᠦᠷᠦ ᠶᠢᠨ ᠪᠤᠳᠤᠯᠭ᠎ᠠ ᠶᠢᠨ ᠵᠢᠯᠤᠭᠤᠳᠤᠯᠭ᠎ᠠ ᠱᠠᠭᠠᠷᠳᠠᠯᠭ᠎ᠠ ᠪᠠᠷ ᠭᠠᠴᠠᠭᠠᠨ ᠠᠴᠠ ᠡᠯᠡᠰᠤᠨ ᠴᠦᠯ ᠢ ᠤᠶᠢᠵᠢᠭᠤᠯᠬᠤ ᠬᠡᠮᠡᠨ ᠨᠡᠬᠦᠵᠤ ᠭᠠᠷᠤᠭᠰᠠᠨ ᠬᠠᠭᠤᠴᠢᠨ ᠨᠤᠳᠤᠭ ᠤᠨ ᠬᠢᠨᠢ ᠲᠤᠭᠤᠷᠢᠨ ᠳᠤ ᠬᠤᠪᠢᠶᠠᠵᠤ ᠦᠭᠬᠦᠭᠰᠡᠨ 8000 ᠭᠠᠷᠤᠢ ᠮᠦ ᠪᠠᠯᠠᠷ ᠡᠯᠡᠰᠤ ᠶᠢ ᠬᠦᠷᠢᠶᠡᠯᠡᠨ ᠤᠶᠢᠵᠢᠭᠤᠯᠬᠤ ᠬᠡᠵᠤ ᠲᠠᠮᠦᠷ ᠤᠳᠠᠰᠤᠨ ᠤ ᠡᠷᠢᠯ ᠳᠤ ᠭᠠᠷᠴᠠᠢ᠃ ︽ᠲᠡᠷᠡ ᠦᠶ᠎ᠡ ᠳᠤ ᠤᠳᠤ ᠶᠢᠨ ᠰᠢᠬ ᠶᠠᠭᠤᠮ᠎ᠠ ᠪᠦᠬᠦᠨ ᠪᠡᠯᠡᠨ ᠪᠢᠰᠢ ᠰᠢᠤ᠂ ᠲᠤᠤᠷ ᠪᠤᠯᠠᠭ᠎ᠠ ᠠᠪᠴᠢᠬᠠᠮᠠᠷ ᠵᠤᠭᠤᠰ ᠦᠬᠡᠢ᠂ ᠲᠤᠤᠷ ᠳᠠᠳᠠᠬᠤ ᠭᠡᠵᠦ ᠡ᠊ᠨᠳᠡ ᠲᠡᠨᠳᠡ ᠠᠴᠠ ᠲᠡᠮᠦᠷ ᠤᠳᠠᠰᠤ ᠤᠯᠵᠦ ᠵᠠᠯᠭᠠᠭᠠᠳ ᠡᠪᠯᠡᠬᠦᠯᠵᠦ ᠪᠠᠶᠢᠭᠰᠠᠨ ᠶᠤᠮ︾ ᠭᠡᠵᠦ ᠠᠳᠢᠶ᠎ᠠ ᠨᠠᠰᠤᠳᠠᠨ ᠠᠷᠭ᠎ᠠ ᠪᠠᠷᠠᠭᠳᠠᠭᠰᠠᠨ ᠠᠶᠠᠰ ᠲᠠᠢ ᠡᠷᠬᠢᠴᠡᠬᠦᠯᠵᠦ ᠪᠠᠶᠢᠯ᠎ᠠ᠃      ᠡᠯᠡᠰᠦᠨ ᠳᠤ ᠠᠷᠠᠢ ᠬᠡᠵᠤ ᠪᠤᠰᠬᠠᠭᠰᠠᠨ ᠰᠢᠪᠡᠷ ᠪᠠᠶᠢᠰᠢᠩ ᠢᠶᠠᠨ ᠳᠠᠬᠢᠭᠠᠳ ᠪᠢᠳᠡᠬᠡᠢ ᠪᠤᠯᠠᠭᠳᠠᠭᠤᠯᠴᠢᠬᠠᠶ᠎ᠠ ᠭᠡᠳ ᠭᠡᠷ ᠬᠠᠰᠢᠶ᠎ᠠ ᠪᠠᠨ ᠲᠤᠭᠤᠶᠢᠯᠠᠭᠤᠯᠤᠨ ᠪᠤᠷᠭᠠᠰᠤ᠂ ᠤᠳᠠ᠂ ᠲᠤᠷᠯᠤᠭ ᠲᠠᠷᠢᠵᠦ ᠡᠬᠢᠯᠡᠭᠰᠡᠨ ᠨᠢ ᠠᠳᠢᠶ᠎ᠠ ᠶᠢᠨ ᠪᠠᠯᠠᠷ ᠡᠯᠡᠰᠦ ᠶᠢ ᠤᠶᠢᠵᠢᠭᠤᠯᠤᠭᠰᠠᠨ ᠡᠬᠢᠯᠡᠯᠳᠡ ᠶᠢᠨ ᠭᠠᠷᠤᠭ᠎ᠠ ᠶᠤᠮ ᠰᠠᠨ᠃      — ᠲᠡᠷᠡ ᠨᠡᠯᠦ᠋ᠢᠭᠰᠡᠨ ᠡᠯᠡᠰᠦ ᠶᠢ ᠤᠶᠢᠵᠢᠭᠤᠯᠵᠤ ᠲᠠᠶᠢᠯᠬᠦ ᠤᠤ︖      — ᠬᠦᠴᠢᠷᠳᠠᠢ᠂ ᠲᠡᠭᠷᠢ ᠳᠤ ᠭᠠᠷᠬᠤ ᠠᠴᠠ ᠴᠦ ᠬᠦᠴᠢᠷ︕      — ᠲᠡᠷᠡ ᠶᠡᠭᠡ ᠡᠯᠡᠰᠦ ᠶᠢ ᠵᠠᠰᠠᠭᠠᠳ ᠶᠠᠭᠤ ᠯᠡ ᠤᠯᠬᠤᠪ᠂ ᠱᠠᠯ ᠲᠡᠮᠡᠢ︕      ᠁     ᠤᠯᠠᠨ ᠤ ᠱᠤᠤᠬᠢᠯᠳᠤᠭᠠᠨ ᠠᠳᠢᠶ᠎ᠠ ᠶᠢ ᠲᠦᠪᠡᠭᠳᠡᠬᠦᠯᠵᠦ ᠴᠢᠳᠠᠭ᠎ᠠ ᠦᠬᠡᠢ᠃ ︽ᠶᠠᠭᠤ ᠬᠡᠯᠡᠭᠰᠡᠨ ᠴᠤ ᠲᠡᠷᠡ ᠭᠠᠵᠠᠷ ᠪᠤᠯ ᠮᠢᠨᠤ ᠤᠨᠠᠭᠰᠠᠨ ᠰᠢᠷᠤᠢ᠂ ᠵᠢᠭᠠᠬᠠᠨ ᠶᠠᠭᠤᠮ᠎ᠠ ᠤᠷᠭᠤᠭᠤᠯᠤᠭᠠᠳ ᠪᠡᠯᠴᠢᠭᠡᠷ ᠤᠰᠤ ᠪᠤᠯᠭᠠᠴᠢᠬᠠᠪᠠᠯ ᠦᠷ᠎ᠠ ᠬᠤᠶᠢᠴᠢᠰ ᠲᠤ ᠴᠦ ᠲᠤᠰᠠᠳᠠᠢ ᠪᠠᠶᠢᠯᠬᠦᠢ︾ ᠬᠡᠵᠤ ᠠᠳᠢᠶ᠎ᠠ ᠪᠠᠯᠠᠷ ᠡᠯᠡᠰᠦ ᠶᠢ ᠤᠶᠢᠵᠢᠭᠤᠯᠵᠤ ᠨᠤᠭᠤᠭᠠᠷᠠᠭᠤᠯᠬᠤ ᠰᠶᠢᠳᠮᠡᠭ ᠪᠤᠳᠤᠯ ᠢᠶᠠᠨ ᠪᠠᠷᠢᠮᠳᠠᠯᠠᠵᠦ᠂ 4 ᠬᠡᠥᠬᠡᠳ ᠢᠶᠠᠨ ᠦᠰᠬᠡᠬᠦ᠂ ᠨᠡᠶᠢᠳᠡ ᠠᠴᠠ ᠬᠤᠪᠢᠶᠠᠭᠰᠠᠨ 5 ᠦᠬᠡᠷ 70 ᠪᠤᠭ ᠮᠠᠯ ᠢᠶᠠᠨ ᠦᠰᠬᠡᠨ ᠠᠮᠢᠳᠤᠷᠠᠯ ᠢᠶᠠᠨ ᠦᠭᠡᠳᠡ ᠳᠠᠳᠠᠵᠤ ᠶᠠᠪᠤᠬᠤ ᠶᠢᠨ ᠵᠡᠷᠬᠡ ᠪᠠᠷ ᠡᠷᠳᠡᠯᠡᠵᠦ ᠤᠷᠦ᠋ᠢᠯᠠᠨ ᠡᠯᠡᠰᠤ ᠮᠠᠩᠬ᠎ᠠ ᠲᠠᠢ ᠨᠤᠴᠤᠯᠳᠤᠵᠤ ᠶᠠᠪᠤᠵᠠᠢ᠃
2.png
      3 ᠵᠢᠯ ᠬᠤᠷᠤᠮᠬᠠᠨ᠎ᠠ ᠦᠩᠭᠡᠷᠡᠴᠢᠬᠡᠯ᠎ᠠ᠃ 1992 ᠤᠨ ᠤ 6 ᠰᠠᠷ᠎ᠠ ᠳᠤ ᠬᠤᠰᠢᠭᠤ ᠰᠤᠮᠤ ᠠᠴᠠ ᠤᠶᠢᠵᠢᠭᠤᠯᠤᠯᠳᠠ ᠬᠢᠭᠰᠡᠨ ᠡᠷᠦᠬᠡ ᠶᠢᠨ ᠭᠠᠵᠠᠷ ᠢ ᠪᠠᠶᠢᠴᠠᠭᠠᠨ ᠦᠵᠡᠵᠦ᠂ ᠳᠠᠶᠢᠯᠦᠩᠬᠢ ᠨᠢ ᠬᠡᠷ᠎ᠡ ᠶᠤᠰᠤᠭᠠᠷ ᠤᠷᠭᠤᠮᠠᠯ ᠤᠨ ᠪᠦᠷᠬᠦᠴᠡ ᠶᠢ 30 % ᠳᠤ ᠬᠦᠷᠬᠡᠭᠰᠡᠨ ᠪᠤᠯ ᠠᠳᠢᠶ᠎ᠠ ᠶᠢᠨ ᠬᠢᠨ ᠤᠯᠠᠨ ᠠᠴᠠ ᠳᠠᠪᠠᠭᠤᠯᠢᠭ ᠪᠡᠶᠡᠯᠡᠬᠦᠯᠵᠦ 40 % ᠳᠤ ᠬᠦᠷᠬᠡᠯ᠎ᠠ ᠬᠡᠵᠤ ᠬᠡᠮᠵᠢᠨ ᠪᠠᠶᠢᠴᠠᠭᠠᠭᠰᠠᠨ ᠺᠠᠳ᠋ᠷ ᠠᠵᠢᠯᠳᠠᠨ ᠰᠠᠨᠠᠯ ᠨᠢᠬᠡᠳᠠᠢ ᠨᠤᠳᠠᠯᠠᠭᠰᠠᠨ ᠪᠠᠶᠢᠨ᠎ᠠ᠃ ᠲᠠᠬᠡᠬᠡᠳ ᠲᠡᠳᠡᠨ ᠤ ᠬᠢᠨ ᠢ ᠵᠤᠷᠢᠭᠵᠢᠭᠤᠯᠵᠤ᠂ ᠨᠢᠰᠬᠡᠯ ᠢᠶᠠᠷ ᠨᠢᠭᠡ ᠪᠦᠯᠦᠭ ᠭᠠᠵᠠᠷ ᠲᠤᠨᠢ ᠦᠷ᠎ᠡ ᠰᠠᠴᠤᠨ ᠡᠪᠡᠰᠦ ᠲᠠᠷᠢᠵᠦ ᠦᠭᠬᠦᠭᠡᠳ ᠠᠳᠢᠶ᠎ᠠ ᠶᠢ ᠬᠡᠮᠵᠢᠶᠡᠯᠡᠰᠢ ᠦᠬᠡᠢ ᠪᠠᠶᠠᠷᠯᠠᠭᠤᠯᠵᠦ᠂ ᠡᠷᠡᠮᠡᠬᠡᠶᠢᠯᠡᠨ ᠴᠢᠷᠮᠠᠶᠢᠬᠤ ᠡᠷᠴᠢ ᠵᠤᠷᠢᠭ ᠢ ᠨᠢ ᠤᠯᠠᠮ ᠬᠦᠪᠴᠢᠯᠡᠯ᠎ᠠ᠃ ᠬᠦᠳᠡᠯᠮᠤᠷᠢ ᠬᠦᠴᠦ ᠵᠤᠭᠤᠰ ᠮᠦᠩᠬᠦ ᠬᠦᠷᠦᠯᠴᠡᠬᠦ ᠦᠬᠡᠢ ᠪᠤᠯᠬᠤᠷ ᠠᠳᠢᠶ᠎ᠠ ᠶᠠᠪᠠᠭᠠᠨ ᠲᠷᠠᠺᠲ᠋ᠤᠷ ᠠᠪᠴᠤ ᠠᠶᠢᠯ ᠳᠤ ᠡᠪᠡᠰᠤ ᠬᠠᠳᠤᠬᠤ᠂ ᠮᠠᠯ ᠤᠬᠢᠶᠠᠬᠤ ᠮᠡᠳᠦ ᠶᠢᠨ ᠬᠦᠯᠦᠰᠤᠨ ᠠᠵᠢᠯ ᠬᠢᠵᠦ᠂ ᠤᠯᠤᠭᠰᠠᠨ ᠵᠤᠭᠤᠰ ᠢᠶᠠᠷ ᠢᠶᠠᠨ ᠳᠠᠬᠢᠨ ᠬᠦᠮᠦᠨ ᠬᠦᠯᠦᠰᠤᠯᠠᠵᠤ ᠬᠦᠷᠢᠶᠡᠯᠡᠭᠰᠡᠨ ᠭᠠᠵᠠᠷ ᠤᠨ ᠢᠶᠠᠨ ᠲᠤᠤᠷ ᠪᠤᠯᠠᠭ᠎ᠠ ᠶᠢ ᠵᠠᠰᠠᠵᠦ ᠰᠡᠯᠪᠢᠨ᠂ ᠴᠤᠭᠤᠷᠬᠠᠢ ᠭᠠᠵᠠᠷ ᠲᠤᠨᠢ ᠡᠪᠡᠰᠦ ᠮᠤᠳᠤ ᠨᠦᠬᠦᠵᠦ ᠲᠠᠷᠢᠳᠠᠭ ᠪᠠᠶᠢᠵᠠᠢ᠃
3.png
      ︽ᠪᠢ ᠶᠡᠷᠦ ᠨᠢ ᠡᠯᠡᠰᠤ ᠮᠠᠩᠬ᠎ᠠ ᠶᠢ ᠤᠶᠢᠵᠢᠭᠤᠯᠤᠭᠠᠳ ᠵᠤᠭᠤᠰ ᠮᠦᠩᠬᠦ ᠤᠯᠴᠢᠬᠠᠨ᠎ᠠ ᠬᠡᠵᠦ ᠪᠤᠳᠤᠵᠤ ᠤᠯᠤᠭᠰᠠᠨ ᠦᠬᠡᠢ᠃ 2000 ᠤᠨ ᠳᠤ ᠶᠡᠭᠡ ᠭᠠᠩᠳᠠᠵᠤ᠂ ᠴᠠᠶᠢᠳᠠᠮ ᠳᠤ ᠬᠦᠷᠳᠡᠯ᠎ᠡ ᠡᠪᠡᠰᠦ ᠬᠠᠳᠤᠯᠠᠩ ᠪᠠᠶᠢᠬᠤ ᠦᠬᠡᠢ ᠪᠤᠯᠴᠢᠬᠠᠵᠠᠢ᠂ ᠶᠠᠭᠠᠬᠢᠳᠠᠭ ᠪᠢᠯᠡ ᠭᠡᠵᠦ ᠭᠠᠴᠢᠭᠳᠠᠵᠦ ᠪᠠᠶᠢᠳᠠᠯ᠎ᠠ ᠭᠡᠷ ᠤᠨ ᠬᠠᠪᠢ ᠪᠠᠷ ᠵᠠᠮ ᠵᠠᠰᠠᠵᠦ ᠪᠠᠶᠢᠭᠰᠠᠨ ᠠᠵᠢᠯᠴᠢᠨ ᠠᠴᠠ ᠲᠤᠷᠯᠤᠭ ᠤᠨ ᠦᠷ᠎ᠡ ᠪᠠᠨ ᠬᠤᠳᠠᠯᠳᠤᠪᠠᠯ ᠵᠤᠭᠤᠰ ᠤᠯᠵᠤ ᠪᠤᠯᠬᠤ ᠶᠢ ᠰᠤᠨᠤᠰᠤᠯ᠎ᠠ︾ ᠬᠡᠵᠤ ᠠᠳᠢᠶ᠎ᠠ ᠨᠠᠰᠤᠳᠠᠨ ᠤᠷᠮᠠᠳᠠᠢ ᠶᠠᠷᠢᠨ᠎ᠠ᠃ ᠲᠡᠭᠡᠭᠡᠳ ᠲᠤᠷᠯᠤᠭ ᠤᠨ ᠦᠷ᠎ᠡ ᠲᠡᠬᠦᠵᠦ ᠬᠤᠳᠠᠯᠳᠤᠭᠠᠳ 5000 ᠲᠦᠬᠦᠷᠢᠭ ᠤᠨ ᠤᠷᠤᠯᠭ᠎ᠠ ᠤᠯᠵᠦ᠂ ᠡᠪᠡᠰᠦ ᠪᠤᠷᠳᠤᠭ᠎ᠠ ᠬᠤᠳᠠᠯᠳᠤᠵᠦ ᠠᠪᠤᠭᠠᠳ ᠮᠠᠯ ᠤᠨᠤᠭ᠎ᠠ ᠪᠠᠨ ᠮᠡᠨᠳᠦ ᠤᠨᠳᠤᠷᠤᠭᠤᠯᠤᠭᠰᠠᠨ ᠠᠵᠢ᠃ ᠡᠨᠡ ᠪᠤᠯ ᠲᠡᠬᠦᠨ ᠤ ᠤᠶᠢᠵᠢᠭᠤᠯᠤᠭᠰᠠᠨ ᠭᠠᠵᠠᠷ ᠠᠴᠠ ᠪᠠᠨ ᠠᠩᠬ᠎ᠠ ᠤᠳᠠᠭ᠎ᠠ ᠠᠰᠢᠭ ᠬᠦᠷᠳᠡᠭᠰᠡᠨ ᠶᠠᠪᠤᠳᠠᠯ ᠪᠤᠯᠬᠤ ᠶᠤᠮ᠃      ᠤᠷᠤᠯᠳᠤᠪᠠᠯ ᠨᠢᠬᠡ ᠶᠢ ᠪᠦᠳᠦᠬᠡᠨ᠎ᠠ ᠭᠡᠭᠴᠢ ᠪᠠᠷ ᠠᠳᠢᠶ᠎ᠠ ᠭᠤᠧᠠᠢ ᠶᠢᠨ ᠴᠦᠬᠦᠷᠡᠯ ᠦᠬᠡᠢ ᠴᠢᠷᠮᠠᠶᠢᠯᠭ᠎ᠠ ᠪᠠᠷ ᠪᠠᠯᠠᠷ ᠡᠯᠡᠰᠤ ᠵᠢᠯ ᠠᠴᠠ ᠵᠢᠯ ᠨᠤᠭᠤᠭᠠᠷᠠᠵᠤ᠂ ᠨᠡᠩ ᠴᠤ ᠬᠤᠰᠢᠭᠤ ᠰᠤᠮᠤ ᠠᠴᠠ ᠪᠠᠶᠢᠩᠭᠤ ᠡᠪᠡᠰᠤ ᠮᠤᠳᠤᠨ ᠤ ᠦᠷ᠎ᠡ᠂ ᠲᠤᠤᠷ ᠪᠤᠯᠠᠭ᠎ᠠ ᠦᠭᠴᠤ ᠠᠳᠢᠶ᠎ᠠ ᠳᠤ ᠶᠡᠬᠡᠬᠡᠨ ᠲᠤᠰᠠ ᠲᠡᠮ ᠪᠤᠯᠵᠦ ᠪᠠᠶᠢᠭᠰᠠᠨ ᠢᠶᠠᠨ 2004 ᠤᠨ ᠠᠴᠠ ᠡᠬᠢᠯᠡᠨ ᠡᠯᠡᠰᠦᠨ ᠴᠦᠯ ᠢ ᠤᠶᠢᠵᠢᠭᠤᠯᠬᠤ ᠲᠦᠷᠦᠯ ᠵᠦᠢᠯ ᠦᠭᠴᠤ᠂ ᠠᠳᠢᠶ᠎ᠠ ᠶᠢᠨ ᠤᠷᠤᠭᠰᠢ ᠲᠡᠮᠡᠤᠯᠬᠦ ᠤᠷᠮ᠎ᠠ ᠵᠤᠷᠢᠭ ᠢ ᠨᠡᠩ ᠡᠷᠴᠢᠯᠡᠭᠰᠡᠨ ᠠᠵᠢ᠃ 2007 ᠤᠨ ᠳᠤ ᠦᠥᠰᠢᠨ ᠬᠤᠰᠢᠭᠤᠨ ᠤ ᠡᠳ᠋ ᠤᠨ ᠵᠠᠰᠠᠭ ᠤᠨ ᠲᠤᠪᠴᠢᠶ᠎ᠠ ᠲᠤᠷᠯᠤᠭ ᠤᠨ ᠰᠤᠶᠤᠭ᠎ᠠ ᠦᠭᠴᠤ᠂ ᠬᠤᠰᠢᠭᠤᠨ ᠤ ᠨᠤᠲᠤᠭ ᠪᠡᠯᠴᠢᠭᠡᠷ ᠤᠨ ᠠᠵᠢᠯ ᠤᠨ ᠦᠷᠳᠡᠭᠡ ᠡᠪᠡᠰᠦᠨ ᠦᠷ᠎ᠡ ᠬᠠᠩᠭᠠᠨ᠂ ᠲᠷᠠᠺᠲ᠋ᠤᠷ ᠢᠶᠠᠷ ᠬᠡᠰᠡᠭ ᠭᠠᠵᠠᠷ ᠲᠤᠨᠢ ᠡᠪᠡᠰᠤ ᠮᠤᠳᠤ ᠳᠠᠷᠢᠵᠦ ᠦᠭᠬᠦᠭᠰᠡᠨ ᠢ ᠨᠢᠮᠪᠠᠢ ᠠᠷᠠᠴᠢᠯᠠᠵᠦ ᠲᠤᠳᠤᠮᠳᠠᠭᠰᠠᠨ ᠢᠶᠠᠷ ᠶᠡᠭᠡ ᠰᠠᠶᠢᠨ ᠤᠷᠭᠤᠵᠠᠢ᠃ ︽ᠦᠷ᠎ᠠ ᠰᠤᠶᠤᠭ᠎ᠠ ᠬᠤᠲᠠᠯᠳᠤᠵᠤ ᠠᠪᠤᠨ᠎ᠠ᠂ ᠲᠠᠷᠢᠵᠤ ᠤᠰᠤᠯᠠᠵᠤ ᠬᠠᠮᠠᠭᠠᠯᠠᠨ᠎ᠠ᠃ ᠤᠶᠢᠵᠢᠭᠤᠯᠤᠯᠳᠠ ᠬᠢᠬᠦ ᠳᠤ ᠶᠡᠭᠡ ᠪᠡᠯᠡ ᠬᠡᠷᠡᠭᠰᠡᠵᠤ᠂ ᠡᠬᠢᠨ ᠳᠡᠭᠡᠨ ᠲᠤᠩ ᠬᠦᠴᠢᠷᠳᠡᠵᠤ ᠪᠠᠶᠢᠭᠰᠠᠨ᠃ ᠰᠡᠬᠦᠯᠡᠷ ᠨᠢ ᠬᠤᠰᠢᠭᠤ ᠰᠤᠮᠤ ᠪᠤᠯᠤᠨ ᠭᠠᠴᠠᠭ᠎ᠠ ᠠᠴᠠ ᠢᠳᠡᠪᠬᠢᠳᠠᠢ ᠲᠠᠮᠵᠢᠯᠬᠡ ᠦᠭᠬᠦᠯ᠎ᠠ᠂ ᠪᠢ ᠴᠦ ᠪᠡᠯᠴᠢᠬᠡᠷ ᠤᠨ ᠲᠠᠭᠠᠭᠠᠴᠠ ᠳᠠᠭᠠᠨ ᠲᠤᠬᠢᠷᠠᠭᠤᠯᠤᠨ ᠮᠠᠯ ᠤᠨᠤᠭ᠎ᠠ ᠪᠠᠨ ᠦᠰᠬᠡᠵᠤ᠂ ᠠᠭᠠᠵᠢᠮ ᠢᠶᠠᠷ ᠦᠷᠢ ᠰᠢᠷᠢ ᠠᠴᠠ ᠭᠠᠷᠤᠭᠰᠠᠨ ᠶᠤᠮ︾ ᠬᠡᠵᠤ ᠠᠳᠢᠶ᠎ᠠ ᠨᠠᠰᠤᠳᠠᠨ ᠦᠩᠬᠡᠷᠡᠭᠰᠡᠨ ᠢᠶᠠᠨ ᠡᠷᠬᠢᠴᠡᠬᠦᠯᠬᠦ ᠳᠤ ᠬᠤᠭᠤᠯᠠᠢ ᠨᠢ ᠰᠦᠬᠡᠨᠭᠬᠢᠳᠤᠨ ᠨᠢᠳᠤ ᠨᠢ ᠵᠠᠶᠢᠷᠳᠤᠯ᠎ᠠ᠃      ᠲᠡᠮᠡᠭᠡ ᠬᠠᠷᠢᠭᠤᠯᠤᠭᠰᠠᠨ ᠬᠦᠮᠦᠨ ᠪᠤᠤᠷ᠎ᠠ ᠶᠢᠨ ᠢᠶᠠᠨ ᠵᠠᠩ ᠢ ᠠᠨᠳᠠᠬᠤ ᠦᠬᠡᠢ ᠭᠡᠭᠴᠢ ᠪᠠᠷ ᠨᠠᠰᠤ ᠪᠠᠷ ᠢᠶᠠᠨ ᠡᠯᠡᠰᠦᠨ ᠨᠤᠳᠤᠭ ᠲᠤ ᠠᠮᠢᠳᠤᠷᠠᠭᠰᠠᠨ ᠠᠳᠢᠶ᠎ᠠ ᠭᠤᠸᠠᠢ ᠡᠯᠡᠰᠤ ᠮᠠᠩᠬᠠᠨ ᠳᠤ ᠶᠠᠭᠤ ᠲᠠᠷᠢᠪᠠᠯ ᠡᠳᠡᠭᠡᠷᠡᠵᠦ᠂ ᠬᠡᠵᠢᠶ᠎ᠡ ᠶᠠᠭᠠᠬᠢᠵᠦ ᠳᠠᠷᠢᠪᠠᠯ ᠤᠷᠭᠤᠬᠤ ᠶᠢ ᠰᠠᠶᠢᠨ ᠮᠡᠳᠡᠨ᠎ᠠ᠃ ︽ᠡᠯᠡᠰᠦ ᠶᠢ ᠲᠤᠭᠳᠠᠪᠤᠷᠢᠵᠢᠭᠤᠯᠬᠤ ᠳᠤ ᠰᠠᠶᠢᠨ ᠮᠦᠷᠳᠡᠭᠡᠨ ᠠᠮᠠᠷᠬᠠᠨ ᠤᠷᠭᠤᠳᠠᠭ ᠨᠢ ᠬᠠᠰᠢ ᠯᠠ ᠲᠤᠷᠯᠤᠭ᠂ ᠪᠤᠷᠭᠠᠰᠤ᠂ ᠤᠳᠠ᠂ ᠬᠠᠷᠭᠠᠨ᠎ᠠ᠂ ᠰᠢᠪᠠᠭ᠂ ᠴᠢᠴᠠᠷᠭᠠᠨ᠎ᠠ ᠪᠤᠯᠬᠤ ᠶᠤᠮ᠃ ᠲᠠᠷᠢᠭᠰᠠᠨ ᠡᠪᠡᠰᠤ ᠮᠤᠳᠤ ᠪᠠᠨ ᠰᠠᠶᠢᠬᠠᠨ ᠤᠷᠭᠤᠭᠤᠯᠬᠤ ᠭᠡᠵᠦ ᠪᠢ ᠤᠯᠠᠨ ᠠᠷᠭ᠎ᠠ ᠶᠢ ᠲᠤᠷᠰᠢᠵᠦ ᠦᠵᠡᠯ᠎ᠡ᠂ ᠡᠬᠢᠯᠡᠭᠡᠳ ᠪᠢᠳᠡᠬᠦᠮᠵᠢᠯᠡᠭᠰᠡᠨ ᠡᠯᠡᠰᠦᠨ ᠳᠡᠭᠡᠨ ᠮᠠᠯ ᠤᠷᠤᠭᠤᠯᠬᠤ ᠦᠬᠡᠢ ᠪᠠᠷ 3 ᠵᠢᠯ ᠪᠤᠯᠤᠭᠰᠠᠨ ᠴᠢᠨᠢ ᠬᠠᠷ᠎ᠠ ᠰᠤᠯᠢ ᠮᠡᠳᠦ ᠶᠢᠨ ᠡᠪᠡᠰᠤ ᠬᠠᠷᠢᠨ ᠵᠢᠯ ᠠᠴᠠ ᠵᠢᠯ ᠮᠠᠭᠤᠳᠠᠵᠠᠢ᠂ ᠳᠡᠭᠡᠭᠡᠳ ᠭᠠᠴᠠᠭᠠᠨ ᠳᠠᠭᠠᠨ ᠬᠡᠯᠡᠵᠦ ᠵᠦᠪᠰᠢᠶᠡᠷᠡᠭᠦᠯᠦᠭᠡᠳ ᠡᠪᠦᠯ ᠬᠦᠢᠳᠡᠨ ᠤᠷᠤᠬᠤ ᠦᠶ᠎ᠡ ᠪᠠᠷ ᠡᠬᠢᠯᠡᠵᠦ 3 ᠰᠠᠷ᠎ᠠ ᠮᠠᠯ ᠳᠠᠯᠪᠢᠵᠦ ᠪᠡᠯᠴᠢᠭᠡᠷᠯᠡᠬᠦᠯᠳᠡᠭ ᠪᠤᠯᠤᠭᠰᠠᠨ᠃ ᠶᠡᠷᠦ ᠨᠢ ᠡᠯᠡᠰᠤᠨ ᠳᠤ ᠡᠪᠡᠰᠤ ᠮᠤᠳᠤ ᠲᠠᠷᠢᠵᠦ ᠤᠷᠭᠤᠭᠤᠯᠤᠨ᠎ᠠ ᠭᠡᠳᠡᠭ ᠬᠤᠷ᠎ᠠ ᠪᠤᠷᠤᠭᠠᠨ ᠲᠠᠢ ᠪᠤᠯ ᠲᠠᠷᠢᠵᠤ ᠭᠠᠩ ᠲᠠᠢ ᠪᠤᠯ ᠰᠤᠶᠤᠭ᠎ᠠ ᠪᠠᠨ ᠬᠠᠮᠠᠭᠠᠯᠠᠬᠤ ᠠᠴᠠ ᠦᠭᠡᠷ᠎ᠡ ᠰᠠᠶᠢᠨ ᠠᠷᠭ᠎ᠠ ᠤᠯᠳᠠᠭᠰᠠᠨ ᠦᠬᠡᠢ︾ ᠭᠡᠵᠦ ᠠᠳᠢᠶ᠎ᠠ ᠨᠠᠰᠤᠳᠠᠨ 30 ᠭᠠᠷᠤᠢ ᠵᠢᠯ ᠤᠨ ᠤᠶᠢᠵᠢᠭᠤᠯᠤᠯᠳᠠ ᠶᠢᠨ ᠲᠤᠷᠰᠢᠯᠭ᠎ᠠ ᠪᠠᠨ ᠲᠦᠬᠦᠮᠬᠡᠨ ᠳ᠋ᠦᠩᠨᠡᠵᠦ ᠭᠠᠷᠤᠯ᠎ᠠ᠃      ᠠᠳᠢᠶ᠎ᠠ ᠭᠤᠸᠠᠢ ᠲᠤᠬᠠᠢ ᠶᠢᠨ ᠦᠶ᠎ᠠ ᠶᠢᠨ ᠲᠦᠷᠦ ᠶᠢᠨ ᠪᠤᠳᠤᠯᠭ᠎ᠠ ᠶᠢᠨ ᠵᠢᠯᠤᠭᠤᠳᠤᠯᠭ᠎ᠠ ᠱᠠᠭᠠᠷᠳᠠᠯᠭ᠎ᠠ ᠪᠠᠷ ᠭᠠᠴᠠᠭ᠎ᠠ ᠠᠴᠠ ᠡᠯᠡᠰᠤᠨ ᠴᠦᠯ ᠢ ᠤᠶᠢᠵᠢᠭᠤᠯᠬᠤ ᠬᠡᠮᠡᠨ 2004 ᠤᠨ ᠪᠤᠯᠳᠠᠯ᠎ᠠ ᠤᠷᠢᠳ ᠬᠤᠵᠢᠳ ᠬᠤᠪᠢᠶᠠᠵᠤ ᠦᠭᠬᠦᠭᠰᠡᠨ 3 ᠬᠡᠰᠡᠭ ᠨᠡᠶᠢᠳᠡ 1.3 ᠲᠦᠮᠡ ᠭᠠᠷᠤᠢ ᠮᠤ᠋ ᠪᠠᠯᠠᠷ ᠡᠯᠡᠰᠦ ᠶᠢ ᠬᠦᠷᠢᠶᠡᠯᠡᠨ ᠠᠪᠴᠤ ᠤᠶᠢᠵᠢᠭᠤᠯᠤᠭᠠᠳ᠂ ᠠᠩᠬ᠎ᠠ ᠡᠬᠢᠨ ᠳᠡᠭᠡᠨ ᠤᠷᠭᠤᠮᠠᠯ ᠤᠨ ᠪᠦᠷᠬᠦᠴᠡ ᠨᠢ 10 % ᠳᠤ ᠴᠦ ᠬᠦᠷᠬᠦ ᠦᠬᠡᠢ ᠪᠠᠶᠢᠭᠰᠠᠨ ᠠᠴᠠ ᠪᠠᠨ ᠤᠳᠤ ᠨᠡᠬᠦᠳᠡᠯ ᠡᠯᠡᠰᠤ ᠬᠠᠷᠠᠭᠳᠠᠬᠤ ᠪᠠᠨ ᠪᠤᠯᠢᠵᠤ ᠤᠷᠭᠤᠮᠠᠯ ᠤᠨ ᠪᠦᠷᠬᠦᠴᠡ ᠨᠢ 70 % ᠳᠤ ᠲᠦᠬᠦᠵᠤ᠂ ᠵᠤᠨ ᠤ ᠰᠠᠶᠢᠬᠠᠨ ᠤᠯᠠᠷᠢᠯ ᠳᠤ ᠤᠢ ᠡᠪᠡᠰᠤ ᠰᠠᠯᠬᠢᠨ ᠤ ᠠᠶᠠᠰ ᠢᠶᠠᠷ ᠨᠠᠶᠢᠭᠤᠨ ᠲᠠᠪᠠᠯᠭᠠᠯᠠᠭᠠᠳ ᠨᠤᠭᠤᠭᠠᠨ ᠪᠦᠷᠢᠳᠤ ᠪᠤᠯᠴᠢᠬᠠᠵᠠᠢ᠃      ᠲᠡᠳᠡᠨ ᠤ ᠬᠢᠨ ᠤᠶᠢᠵᠢᠭᠤᠯᠤᠭᠰᠠᠨ ᠭᠠᠵᠠᠷ ᠤᠨ ᠢᠶᠠᠨ ᠡᠪᠡᠰᠤ ᠪᠡᠯᠴᠢᠬᠡᠷ ᠤᠨ ᠪᠠᠶᠢᠳᠠᠯ ᠢ ᠦᠨᠳᠤᠰᠤᠯᠡᠨ ᠡᠪᠦᠯ ᠳᠡᠭᠡᠨ 3 ᠰᠠᠷ᠎ᠠ ᠮᠠᠯ ᠪᠡᠯᠴᠢᠭᠡᠷᠯᠡᠬᠦᠯᠵᠦ᠂ 2004 ᠤᠨ ᠳᠤ ᠭᠠᠭᠴᠠ ᠭᠡᠬᠦᠦ᠂ ᠬᠡᠳᠤᠬᠡᠨ ᠦᠬᠡᠷ᠂ ᠬᠡᠳᠤᠨ ᠠᠷᠪᠠᠨ ᠪᠤᠭ ᠮᠠᠯ ᠲᠠᠢ ᠪᠠᠶᠢᠭᠰᠠᠨ ᠠᠴᠠ ᠪᠠᠨ ᠤᠳᠤ 100 ᠭᠠᠷᠤᠢ ᠠᠳᠤᠭᠤ᠂ 100 ᠭᠠᠷᠤᠢ ᠦᠬᠡᠷ ᠪᠤᠯᠤᠨ 250 ᠭᠠᠷᠤᠢ ᠪᠤᠭ ᠮᠠᠯ ᠲᠠᠢ ᠦᠨᠢᠷ ᠪᠠᠶᠠᠯᠢᠭ ᠠᠮᠢᠳᠤᠷᠠᠵᠦ᠂ ︽ᠬᠦᠬᠡᠮᠳᠦᠭ ᠨᠤᠭᠤᠭᠠᠨ ᠠᠭᠤᠯᠠ ᠤᠰᠤ ᠪᠤᠯ ᠠᠯᠳᠠ ᠮᠦᠩᠬᠦᠨ ᠠᠭᠤᠯᠠ︾ ᠶᠢᠨ ᠤᠶᠢᠯᠠᠭᠠᠭᠳᠠᠬᠤᠨ ᠢ  ᠦᠢᠯᠡᠳᠦᠯᠭᠡᠵᠢᠭᠦᠯᠦᠭᠰᠡᠨ ᠨᠢᠭᠡᠨ ᠠᠶᠢᠯ ᠪᠤᠯᠵᠠᠢ᠃      ᠶᠠᠭᠤ ᠨᠢᠭᠡ ᠶᠢ ᠬᠢᠪᠡᠯ ᠬᠢᠭᠰᠡᠨ ᠰᠢᠭ ᠬᠢᠳᠡᠭ ᠨᠢ ᠠᠳᠢᠶ᠎ᠠ ᠭᠤᠧᠠᠢ ᠶᠢᠨ ᠲᠦᠷᠦᠯᠬᠢ ᠵᠠᠩ ᠶᠤᠮ ᠰᠠᠨ᠃ ᠳᠡᠬᠡᠬᠦ ᠳᠡᠭᠡᠨ 30 ᠭᠠᠷᠤᠢ ᠵᠢᠯ ᠡᠯᠡᠰᠦ ᠮᠠᠩᠬ᠎ᠠ ᠲᠠᠢ ᠨᠤᠴᠤᠯᠳᠤᠵᠦ᠂ ᠵᠤᠷᠢᠭᠰᠠᠨ ᠦᠢᠯᠡᠰ ᠲᠡᠭᠡᠨ ᠪᠤᠭᠤᠨᠢ ᠵᠢᠯᠤᠭᠤ ᠪᠤᠰᠤᠭ᠎ᠠ ᠲᠦᠷᠦᠬᠡ ᠪᠠᠷ ᠲᠡᠮᠡᠤᠯᠦᠭᠰᠡᠭᠡᠷ ᠢᠷᠡᠵᠠᠢ᠃ ᠤᠳᠤ ᠲᠡᠷᠡ ᠬᠡᠳᠦ᠋ᠢᠪᠡᠷ ᠲᠠᠯᠠ ᠶᠢᠨ ᠲᠠᠪᠠᠭ᠎ᠠ ᠶᠢ ᠲᠠᠪᠠᠭᠰᠠᠨ ᠪᠤᠯᠪᠠᠴᠦ ᠵᠠᠪ ᠴᠢᠯᠦᠭᠡ ᠭᠠᠷᠤᠭᠰᠠᠭᠠᠷ ᠬᠦᠭᠰᠢᠨ ᠲᠠᠢ ᠪᠠᠨ ᠬᠤᠶᠠᠭᠤᠯᠠ ᠮᠦᠨ ᠯᠠ ᠬᠡᠤᠬᠡᠳ ᠤᠮᠪᠤᠯᠤ ᠪᠠᠨ ᠲᠠᠭᠠᠭᠤᠯᠤᠨ ᠤᠶᠢᠵᠢᠭᠤᠯᠤᠭᠰᠠᠨ ᠭᠠᠵᠠᠷ ᠤᠨ ᠢᠶᠠᠨ ᠬᠦᠪᠡᠭᠡ ᠵᠠᠬ᠎ᠠ ᠪᠠᠷ ᠬᠠᠮᠠᠭᠠᠯᠠᠯᠳᠠ ᠬᠢᠵᠤ ᠵᠢᠳᠬᠦᠭᠰᠡᠬᠡᠷ ᠁      ᠶᠠᠭᠤ ᠨᠢᠭᠡ ᠶᠢ ᠬᠢᠪᠡᠯ ᠬᠢᠭᠰᠡᠨ ᠰᠢᠭ ᠬᠢᠳᠡᠭ ᠨᠢ ᠠᠳᠢᠶ᠎ᠠ ᠭᠤᠧᠠᠢ ᠶᠢᠨ ᠲᠦᠷᠦᠯᠬᠢ ᠵᠠᠩ ᠶᠤᠮ ᠰᠠᠨ᠃ ᠳᠡᠬᠡᠬᠦ ᠳᠡᠭᠡᠨ 30 ᠭᠠᠷᠤᠢ ᠵᠢᠯ ᠡᠯᠡᠰᠦ ᠮᠠᠩᠬ᠎ᠠ ᠲᠠᠢ ᠨᠤᠴᠤᠯᠳᠤᠵᠦ᠂ ᠵᠤᠷᠢᠭᠰᠠᠨ ᠦᠢᠯᠡᠰ ᠲᠡᠭᠡᠨ ᠪᠤᠭᠤᠨᠢ ᠵᠢᠯᠤᠭᠤ ᠪᠤᠰᠤᠭ᠎ᠠ ᠲᠦᠷᠦᠬᠡ ᠪᠠᠷ ᠲᠡᠮᠡᠤᠯᠦᠭᠰᠡᠭᠡᠷ ᠢᠷᠡᠵᠠᠢ᠃ ᠤᠳᠤ ᠲᠡᠷᠡ ᠬᠡᠳᠦ᠋ᠢᠪᠡᠷ ᠲᠠᠯᠠ ᠶᠢᠨ ᠲᠠᠪᠠᠭ᠎ᠠ ᠶᠢ ᠲᠠᠪᠠᠭᠰᠠᠨ ᠪᠤᠯᠪᠠᠴᠦ ᠵᠠᠪ ᠴᠢᠯᠦᠭᠡ ᠭᠠᠷᠤᠭᠰᠠᠭᠠᠷ ᠬᠦᠭᠰᠢᠨ ᠲᠠᠢ ᠪᠠᠨ ᠬᠤᠶᠠᠭᠤᠯᠠ ᠮᠦᠨ ᠯᠠ ᠬᠡᠤᠬᠡᠳ ᠤᠮᠪᠤᠯᠤ ᠪᠠᠨ ᠲᠠᠭᠠᠭᠤᠯᠤᠨ ᠤᠶᠢᠵᠢᠭᠤᠯᠤᠭᠰᠠᠨ ᠭᠠᠵᠠᠷ ᠤᠨ ᠢᠶᠠᠨ ᠬᠦᠪᠡᠭᠡ ᠵᠠᠬ᠎ᠠ ᠪᠠᠷ ᠬᠠᠮᠠᠭᠠᠯᠠᠯᠳᠠ ᠬᠢᠵᠤ ᠵᠢᠳᠬᠦᠭᠰᠡᠬᠡᠷ ᠁ 
ᠢᠷᠡᠯᠲᠡ᠄ ᠤᠷᠳᠤᠰ ᠮᠤᠩᠭᠤᠯ ᠰᠦᠯᠵᠢᠶ᠎ᠡ